1 2 3 4 5 6 7 8 9 10 11 12 13 14 15 16 17 18 19 20 21 22


ᠬᠠᠭᠠᠳ ᠤᠨ ᠳᠡᠭᠡᠳᠦ ᠵᠢᠷᠭᠤᠭ᠎ᠠ
 ᠶᠣᠬᠣᠸᠠ ᠶᠢᠨ ᠥᠷᠭᠥᠭᠡ ᠶᠢ ᠪᠠᠷᠢᠵᠤ ᠡᠬᠢᠯᠡᠪᠡ

1 ᠢᠰᠷᠧᠯᠴᠦᠳ ᠶᠧᠵᠢᠫᠲ ᠡᠴᠡ ᠭᠠᠷᠤᠭᠰᠠᠨ ᠠᠴᠠ ᠬᠣᠢᠰᠢ ᠳᠥᠷᠪᠡᠨ ᠵᠠᠭᠤ ᠨᠠᠶᠠᠳᠠᠬᠢ ᠵᠢᠯ ᠳᠤ᠂ ᠰᠣᠯᠣᠮᠣᠨ ᠢᠰᠷᠧᠯ ᠤᠨ ᠬᠠᠭᠠᠨ ᠪᠣᠯᠣᠭᠰᠠᠨ ᠳᠥᠷᠪᠡᠳᠡᠬᠢ ᠵᠢᠯ ᠤᠨ ᠢᠶᠠᠨ ᠽᠢᠸ ᠰᠠᠷ᠎ᠠ᠂ ᠲᠤᠬᠠᠢᠯᠠᠪᠠᠯ ᠬᠣᠶᠠᠳᠤᠭᠠᠷ ᠰᠠᠷ᠎ᠠ ᠳᠤ ᠰᠣᠯᠣᠮᠣᠨ ᠶᠣᠬᠣᠸᠠ ᠶᠢᠨ ᠥᠷᠭᠥᠭᠡ ᠶᠢ ᠪᠠᠷᠢᠵᠤ ᠡᠬᠢᠯᠡᠵᠡᠢ᠃ 2 ᠰᠣᠯᠣᠮᠣᠨ ᠬᠠᠭᠠᠨ ᠤ ᠶᠣᠬᠣᠸᠠ ᠳᠤ ᠵᠣᠷᠢᠭᠤᠯᠤᠨ ᠪᠠᠷᠢᠭᠰᠠᠨ ᠥᠷᠭᠥᠭᠡᠨ ᠦ ᠤᠷᠲᠤ ᠨᠢ ᠵᠢᠷᠠᠨ ᠲᠣᠬᠣᠢ᠂ ᠥᠷᠭᠡᠨ ᠨᠢ ᠬᠣᠷᠢᠨ ᠲᠣᠬᠣᠢ᠂ ᠥᠨᠳᠥᠷ ᠨᠢ ᠭᠤᠴᠢᠨ ᠲᠣᠬᠣᠢ ᠪᠠᠢᠯ᠎ᠠ᠃ 3 ᠥᠷᠭᠥᠭᠡᠨ ᠦ ᠭᠣᠣᠯ ᠲᠠᠩᠬᠢᠮ ᠤᠨ ᠡᠮᠦᠨ᠎ᠡ ᠲᠠᠯ᠎ᠠ ᠶᠢᠨ ᠬᠣᠩᠭᠢᠯ ᠨᠢ ᠥᠷᠭᠥᠭᠡᠨ ᠦ ᠥᠷᠭᠡᠨ ᠲᠡᠢ ᠡᠩ ᠰᠠᠴᠠᠭᠤ ᠬᠣᠷᠢᠨ ᠲᠣᠬᠣᠢ ᠪᠠᠢᠵᠤ᠂ ᠥᠷᠭᠥᠭᠡᠨ ᠡᠴᠡ ᠤᠷᠤᠭᠰᠢ ᠠᠷᠪᠠᠨ ᠲᠣᠬᠣᠢ ᠢᠯᠡᠭᠦᠦ ᠭᠠᠷᠤᠭᠰᠠᠨ ᠪᠠᠢᠯ᠎ᠠ᠃ 4 ᠲᠡᠷᠡ ᠪᠡᠷ ᠥᠷᠭᠥᠭᠡᠨ ᠳᠦ ᠳᠣᠲᠣᠷ᠎ᠠ ᠪᠠᠨ ᠥᠷᠭᠡᠨ᠂ ᠭᠠᠳᠠᠨ᠎ᠠ ᠪᠠᠨ ᠨᠠᠷᠢᠨ ᠴᠣᠩ᠋ᠬᠣ ᠨᠤᠭᠤᠳ ᠢ ᠬᠢᠪᠡ᠃ 5 ᠥᠷᠭᠥᠭᠡᠨ ᠦ ᠬᠠᠨ᠎ᠠ᠂ ᠲᠤᠬᠠᠢᠯᠠᠪᠠᠯ ᠭᠣᠣᠯ ᠥᠷᠥᠭᠡ ᠪᠣᠯᠣᠨ ᠳᠣᠲᠣᠭᠠᠳᠤ ᠠᠷᠢᠭᠤᠨ ᠥᠷᠥᠭᠡᠨ ᠦ ᠬᠠᠨ᠎ᠠ ᠶᠢ ᠲᠣᠭᠣᠷᠢᠭᠤᠯᠤᠨ ᠲᠡᠳᠡᠭᠡᠷ ᠲᠡᠢ ᠵᠠᠯᠭᠠᠭ᠎ᠠ ᠪᠠᠷᠢᠯᠭ᠎ᠠ ᠶᠢ ᠪᠠᠷᠢᠭᠰᠠᠨ ᠪᠥᠭᠡᠳ ᠲᠡᠨᠳᠡ ᠨᠢ ᠥᠷᠥᠭᠡ ᠨᠦᠭᠦᠳ ᠪᠠᠢᠪᠠ᠃ 6 ᠳᠣᠣᠷᠠᠳᠤ ᠳᠠᠪᠬᠤᠷ ᠤᠨ ᠥᠷᠥᠭᠡ ᠨᠢ ᠲᠠᠪᠤᠨ ᠲᠣᠬᠣᠢ᠂ ᠳᠤᠮᠳᠠ ᠳᠠᠪᠬᠤᠷ ᠤᠨ ᠬᠢᠨᠢ ᠵᠢᠷᠭᠤᠭᠠᠨ ᠲᠣᠬᠣᠢ᠂ ᠳᠡᠭᠡᠳᠦ ᠳᠠᠪᠬᠤᠷ ᠤᠨ ᠬᠢᠨᠢ ᠳᠣᠯᠣᠭᠠᠨ ᠲᠣᠬᠣᠢ ᠥᠷᠭᠡᠨ ᠪᠠᠢᠪᠠ᠃ ᠥᠷᠭᠥᠭᠡᠨ ᠦ ᠬᠠᠨ᠎ᠠ ᠶᠢ ᠶᠠᠭᠤ ᠪᠠᠷ ᠴᠤ ᠡᠪᠳᠡᠬᠦ ᠦᠭᠡᠢ ᠶᠢᠨ ᠲᠤᠯᠠᠳᠠ ᠲᠡᠷᠡ ᠥᠷᠭᠥᠭᠡᠨ ᠦ ᠡᠷᠭᠢᠨ ᠲᠣᠭᠣᠷᠢᠨ ᠤ ᠬᠠᠨ᠎ᠠ ᠳᠡᠭᠡᠷ᠎ᠡ ᠭᠠᠳᠠᠭᠰᠢ ᠬᠠᠨᠳᠤᠭᠰᠠᠨ ᠲᠠᠯᠪᠢᠭᠤᠷ ᠨᠤᠭᠤᠳ ᠬᠢᠭᠰᠡᠨ ᠠᠵᠢ᠃

7 ᠵᠠᠰᠠᠵᠤ ᠳᠠᠭᠤᠰᠬᠠᠭᠠᠳ ᠠᠪᠴᠢᠷᠠᠭᠰᠠᠨ ᠴᠢᠯᠠᠭᠤ ᠪᠠᠷ ᠥᠷᠭᠥᠭᠡ ᠪᠠᠷᠢᠭᠰᠠᠨ ᠲᠤᠯᠠ ᠥᠷᠭᠥᠭᠡ ᠶᠢ ᠪᠣᠰᠬᠠᠬᠤ ᠳᠤ ᠲᠡᠭᠦᠨ ᠦ ᠳᠣᠲᠣᠷ᠎ᠠ ᠠᠯᠤᠬ᠎ᠠ᠂ ᠰᠦᠬᠡ ᠪᠤᠶᠤ ᠲᠡᠮᠦᠷ ᠪᠠᠭᠠᠵᠢᠨ ᠤ ᠴᠢᠮᠡᠭᠡ ᠳᠤᠭᠤᠯᠳᠠᠭ᠎ᠠ ᠦᠭᠡᠢ ᠶᠤᠮ᠃

8 ᠳᠣᠣᠷᠠᠳᠤ ᠳᠠᠪᠬᠤᠷ ᠲᠤ ᠣᠷᠣᠬᠤ ᠬᠠᠭᠠᠯᠭ᠎ᠠ ᠨᠢ ᠥᠷᠭᠥᠭᠡᠨ ᠦ ᠡᠮᠦᠨ᠎ᠡ ᠲᠠᠯ᠎ᠠ ᠳᠤ ᠪᠠᠢᠨ᠎ᠠ᠃ ᠡ᠊ᠨᠳᠡ ᠡᠴᠡ ᠮᠤᠰᠬᠢᠷᠠᠭᠰᠠᠨ ᠱᠠᠲᠤ ᠪᠠᠷ ᠳᠤᠮᠳᠠ ᠳᠠᠪᠬᠤᠷ ᠪᠠ ᠳᠡᠭᠡᠳᠦ ᠳᠠᠪᠬᠤᠷ ᠥᠭᠡᠳᠡ ᠭᠠᠷᠤᠨ᠎ᠠ᠃ 9 ᠰᠣᠯᠣᠮᠣᠨ ᠥᠷᠭᠥᠭᠡ ᠶᠢ ᠪᠠᠷᠢᠵᠤ ᠳᠠᠭᠤᠰᠬᠠᠭᠠᠳ᠂ ᠬᠤᠱᠢ ᠮᠣᠳᠣᠨ ᠨᠢᠷᠤᠭᠤ ᠪᠠ ᠳ᠋ᠦᠨᠵᠡ ᠪᠡᠷ ᠪᠦᠷᠢᠪᠡ᠃ 10 ᠲᠡᠢᠨ ᠬᠦ ᠥᠷᠭᠥᠭᠡ ᠶᠢ ᠲᠣᠭᠣᠷᠢᠭᠤᠯᠤᠨ ᠲᠤᠰ ᠪᠦᠷᠢ ᠲᠠᠪᠤᠨ ᠲᠣᠬᠣᠢ ᠥᠨᠳᠥᠷ ᠵᠠᠯᠭᠠᠭ᠎ᠠ ᠪᠠᠷᠢᠯᠭ᠎ᠠ ᠪᠠᠢᠭᠤᠯᠤᠭᠰᠠᠨ ᠪᠠ ᠲᠡᠳᠡᠭᠡᠷ ᠨᠢ ᠬᠤᠱᠢ ᠶᠢᠨ ᠬᠥᠨᠳᠡᠯᠡᠪᠴᠢ ᠮᠣᠳᠣ ᠪᠠᠷ ᠥᠷᠭᠥᠭᠡ ᠲᠠᠢ ᠬᠣᠯᠪᠣᠯᠳᠤᠳᠠᠭ ᠶᠤᠮ᠃

11 ᠶᠣᠬᠣᠸᠠ ᠶᠢᠨ ᠦᠭᠡ ᠰᠣᠯᠣᠮᠣᠨ ᠳᠤ ᠪᠠᠭᠤᠵᠤ᠄ 12 《ᠴᠢ ᠡᠨᠡ ᠥᠷᠭᠥᠭᠡ ᠶᠢ ᠪᠠᠷᠢᠵᠤ ᠪᠠᠢᠨ᠎ᠠ᠃ ᠬᠡᠷᠪᠡ ᠴᠢ ᠮᠢᠨᠦ ᠲᠣᠭᠲᠠᠭᠠᠯ ᠢ ᠳᠠᠭᠠᠨ ᠮᠢᠨᠦ ᠵᠢᠷᠤᠮ ᠢ ᠪᠡᠶᠡᠯᠡᠭᠦᠯᠵᠦ᠂ ᠲᠡᠢᠨ ᠬᠦ ᠮᠢᠨᠦ ᠪᠦᠬᠦ ᠲᠤᠰᠢᠶᠠᠯ ᠢ ᠰᠠᠬᠢᠵᠤ ᠳᠠᠭᠠᠪᠠᠯ ᠪᠢ ᠴᠢᠨᠦ ᠡᠴᠢᠭᠡ ᠳ᠋ᠠᠸᠢᠳ᠋ ᠲᠤ ᠠᠢᠯᠠᠳᠤᠭᠰᠠᠨ ᠦᠭᠡ ᠪᠡᠨ ᠴᠢᠮ᠎ᠠ ᠪᠠᠷ ᠭᠦᠢᠴᠡᠯᠳᠦᠭᠦᠯᠵᠦ᠂ 13 ᠢᠰᠷᠧᠯᠴᠦᠳ ᠦᠨ ᠳᠤᠮᠳᠠ ᠣᠷᠣᠰᠢᠬᠤ ᠪᠥᠭᠡᠳ ᠠᠷᠠᠳ ᠲᠦᠮᠡᠨ ᠢᠰᠷᠧᠯ ᠢᠶᠠᠨ ᠣᠷᠬᠢᠬᠤ ᠦᠭᠡᠢ》 ᠭᠡᠪᠡ᠃

14 ᠰᠣᠯᠣᠮᠣᠨ ᠥᠷᠭᠥᠭᠡ ᠶᠢ ᠪᠠᠷᠢᠵᠤ ᠳᠠᠭᠤᠰᠬᠠᠯ᠎ᠠ᠃ 15 ᠲᠡᠷᠡ ᠪᠡᠷ ᠥᠷᠭᠥᠭᠡᠨ ᠦ ᠳᠣᠲᠣᠷᠠᠬᠢ ᠬᠠᠨ᠎ᠠ ᠶᠢ ᠬᠤᠱᠢ ᠮᠣᠳᠣᠨ ᠪᠠᠩ᠋ᠵᠠ ᠪᠠᠷ᠂ ᠲᠤᠬᠠᠢᠯᠠᠪᠠᠯ ᠱᠠᠯᠠᠨ ᠠᠴᠠ ᠲᠠᠭᠠᠵᠠ ᠬᠦᠷᠲᠡᠯᠡᠬᠢ ᠬᠡᠰᠡᠭ ᠢ ᠮᠣᠳᠣ ᠪᠠᠷ ᠪᠠᠷᠢᠵᠤ᠂ ᠥᠷᠭᠥᠭᠡᠨ ᠦ ᠱᠠᠯᠠ ᠳᠤ ᠨᠠᠷᠠᠰᠤᠨ ᠪᠠᠩ᠋ᠵᠠ ᠳᠡᠪᠢᠰᠪᠡ᠃ 16 ᠲᠡᠭᠡᠭᠡᠳ ᠥᠷᠭᠥᠭᠡᠨ ᠦ ᠬᠣᠢᠮᠣᠷ ᠤᠨ ᠬᠣᠷᠢᠨ ᠲᠣᠬᠣᠢ ᠬᠡᠰᠡᠭ ᠭᠠᠵᠠᠷ ᠤᠨ ᠱᠠᠯᠠ ᠠᠴᠠ ᠲᠠᠭᠠᠵᠠ ᠬᠦᠷᠲᠡᠯᠡᠬᠢ ᠬᠡᠰᠡᠭ ᠢ ᠬᠤᠱᠢ ᠮᠣᠳᠣᠨ ᠪᠠᠩ᠋ᠵᠠ ᠪᠠᠷ ᠪᠠᠷᠢᠵᠤ ᠳᠣᠲᠣᠭᠠᠳᠤ ᠠᠷᠢᠭᠤᠨ ᠥᠷᠥᠭᠡ᠂ ᠲᠤᠬᠠᠢᠯᠠᠪᠠᠯ ᠠᠷᠢᠭᠤᠨ ᠠᠴᠠ ᠠᠷᠢᠭᠤᠨ ᠭᠠᠵᠠᠷ ᠪᠣᠯᠭᠠᠨ ᠲᠤᠰᠠᠭᠠᠷᠯᠠᠪᠠ᠃ 17 ᠲᠡᠭᠦᠨ ᠦ ᠡᠮᠦᠨ᠎ᠡ ᠲᠠᠯ᠎ᠠ ᠶᠢᠨ ᠭᠣᠣᠯ ᠲᠠᠩᠬᠢᠮ ᠨᠢ ᠳᠥᠴᠢᠨ ᠲᠣᠬᠣᠢ ᠤᠷᠲᠤ ᠪᠢᠯᠡ᠃ 18 ᠥᠷᠭᠥᠭᠡᠨ ᠦ ᠬᠠᠨ᠎ᠠ ᠶᠢ ᠪᠦᠷᠢᠭᠰᠡᠨ ᠬᠤᠱᠢ ᠮᠣᠳᠣᠨ ᠳᠡᠭᠡᠷ᠎ᠡ ᠨᠢ ᠬᠤᠯᠤ ᠪᠤᠶᠤ ᠳᠡᠯᠭᠡᠷᠡᠭᠰᠡᠨ ᠴᠡᠴᠡᠭ ᠤᠳ ᠢ ᠰᠡᠢᠯᠦᠭᠰᠡᠨ ᠪᠠᠢᠯ᠎ᠠ᠂ ᠲᠡᠷᠡ ᠨᠢ ᠪᠦᠭᠦᠳᠡᠭᠡᠷ ᠬᠤᠱᠢ ᠮᠣᠳᠣ ᠪᠥᠭᠡᠳ ᠴᠢᠯᠠᠭᠤ ᠨᠢ ᠬᠠᠷᠠᠭᠳᠠᠬᠤ ᠦᠭᠡᠢ ᠪᠠᠢᠪᠠ᠃ 19 ᠥᠷᠭᠥᠭᠡᠨ ᠦ ᠳᠣᠲᠣᠷ᠎ᠠ ᠲᠠᠯ᠎ᠠ ᠳᠤᠨᠢ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠵᠠᠯᠠᠬᠤ ᠶᠢᠨ ᠲᠤᠯᠠᠳᠠ ᠳᠣᠲᠣᠭᠠᠳᠤ ᠠᠷᠢᠭᠤᠨ ᠥᠷᠥᠭᠡ ᠶᠢ ᠪᠡᠯᠡᠳᠬᠡᠭᠰᠡᠨ ᠪᠠᠢᠪᠠ᠃ 20 ᠳᠣᠲᠣᠭᠠᠳᠤ ᠠᠷᠢᠭᠤᠨ ᠥᠷᠥᠭᠡᠨ ᠦ ᠤᠷᠲᠤ ᠨᠢ ᠬᠣᠷᠢᠨ ᠲᠣᠬᠣᠢ᠂ ᠥᠷᠭᠡᠨ ᠨᠢ ᠬᠣᠷᠢᠨ ᠲᠣᠬᠣᠢ᠂ ᠥᠨᠳᠥᠷ ᠨᠢ ᠬᠣᠷᠢᠨ ᠲᠣᠬᠣᠢ ᠪᠥᠭᠡᠳ ᠲᠡᠭᠦᠨ ᠢ ᠰᠢᠵᠢᠷ ᠠᠯᠲᠠ ᠪᠠᠷ ᠪᠦᠷᠢᠵᠦ᠂ ᠬᠤᠱᠢ ᠮᠣᠳᠣ ᠪᠠᠷ ᠬᠢᠭᠰᠡᠨ ᠲᠠᠬᠢᠯ ᠤᠨ ᠰᠢᠷᠡᠭᠡ ᠶᠢ ᠴᠤ ᠪᠦᠷᠢᠭᠰᠡᠨ ᠪᠠᠢᠯ᠎ᠠ᠃ 21 ᠰᠣᠯᠣᠮᠣᠨ ᠰᠢᠵᠢᠷ ᠠᠯᠲᠠ ᠪᠠᠷ ᠥᠷᠭᠥᠭᠡᠨ ᠦ ᠳᠣᠲᠣᠷ᠎ᠠ ᠲᠠᠯ᠎ᠠ ᠶᠢ ᠪᠦᠷᠢᠭᠰᠡᠨ ᠢᠶᠡᠷ ᠦᠯᠦ ᠪᠠᠷᠠᠮ᠂ ᠳᠣᠲᠣᠭᠠᠳᠤ ᠠᠷᠢᠭᠤᠨ ᠥᠷᠥᠭᠡ ᠶᠢ ᠠᠯᠲᠠ ᠪᠠᠷ ᠪᠦᠷᠢᠭᠰᠡᠨ ᠪᠥᠭᠡᠳ ᠡᠮᠦᠨ᠎ᠡ ᠨᠢ ᠠᠯᠲᠠᠨ ᠭᠢᠨᠵᠢ ᠨᠦᠭᠦᠳ ᠢ ᠳᠡᠭᠦᠵᠢᠯᠡᠵᠡᠢ᠃ 22 ᠲᠡᠢᠨ ᠬᠦ ᠥᠷᠭᠥᠭᠡ ᠶᠢ ᠪᠦᠬᠦᠯᠢ ᠳᠦᠨᠢ ᠠᠯᠲᠠ ᠪᠠᠷ ᠪᠦᠷᠢᠭᠰᠡᠨ ᠶᠤᠮ᠃ ᠲᠡᠷᠡ ᠪᠡᠷ ᠳᠣᠲᠣᠭᠠᠳᠤ ᠠᠷᠢᠭᠤᠨ ᠥᠷᠥᠭᠡᠨ ᠦ ᠡᠮᠦᠨ᠎ᠡ ᠲᠠᠯ᠎ᠠ ᠳᠠᠬᠢ ᠲᠠᠬᠢᠯ ᠤᠨ ᠰᠢᠷᠡᠭᠡ ᠶᠢ ᠴᠤ ᠪᠦᠬᠦᠯᠢ ᠳᠦᠨᠢ ᠠᠯᠲᠠ ᠪᠠᠷ ᠪᠦᠷᠢᠭᠰᠡᠨ ᠪᠠᠢᠯ᠎ᠠ᠃

23 ᠳᠣᠲᠣᠭᠠᠳᠤ ᠠᠷᠢᠭᠤᠨ ᠥᠷᠥᠭᠡᠨ ᠳᠦᠨᠢ ᠲᠡᠷᠡ ᠪᠡᠷ ᠴᠢᠳᠦᠨ ᠮᠣᠳᠣ ᠪᠠᠷ ᠠᠷᠪᠠᠨ ᠲᠣᠬᠣᠢ ᠥᠨᠳᠥᠷ ᠬᠣᠣᠰ ᠺᠧᠷᠣᠪ ᠪᠦᠲᠦᠭᠡᠵᠡᠢ᠃ 24 ᠨᠢᠭᠡ ᠺᠧᠷᠣᠪ ᠤᠨ ᠨᠢᠭᠡ ᠳᠠᠯᠠᠪᠴᠢ ᠨᠢ ᠲᠠᠪᠤᠨ ᠲᠣᠬᠣᠢ᠂ ᠨᠥᠭᠥᠭᠡ ᠳᠠᠯᠠᠪᠴᠢ ᠨᠢ ᠪᠠᠰᠠ ᠲᠠᠪᠤᠨ ᠲᠣᠬᠣᠢ᠂ ᠨᠢᠭᠡ ᠲᠠᠯ᠎ᠠ ᠶᠢᠨ ᠳᠠᠯᠠᠪᠴᠢᠨ ᠤ ᠦᠵᠦᠭᠦᠷ ᠡᠴᠡ ᠨᠥᠭᠥᠭᠡ ᠲᠠᠯ᠎ᠠ ᠶᠢᠨ ᠳᠠᠯᠠᠪᠴᠢᠨ ᠤ ᠦᠵᠦᠭᠦᠷ ᠬᠦᠷᠲᠡᠯ᠎ᠡ ᠠᠷᠪᠠᠨ ᠲᠣᠬᠣᠢ ᠪᠥᠭᠡᠳ 25 ᠨᠥᠭᠥᠭᠡ ᠺᠧᠷᠣᠪ ᠤᠨ ᠬᠢᠨᠢ ᠴᠤ ᠠᠷᠪᠠᠨ ᠲᠣᠬᠣᠢ ᠪᠠᠢᠯ᠎ᠠ᠃ ᠺᠧᠷᠣᠪ ᠤᠳ ᠬᠣᠶᠠᠭᠤᠯᠠ ᠪᠠᠨ ᠠᠳᠠᠯᠢ ᠬᠡᠯᠪᠡᠷᠢ᠂ ᠠᠳᠠᠯᠢ ᠬᠡᠮᠵᠢᠶ᠎ᠡ ᠲᠠᠢ ᠪᠢᠯᠡ᠃ 26 ᠨᠢᠭᠡ ᠺᠧᠷᠣᠪ ᠤᠨ ᠥᠨᠳᠥᠷ ᠨᠢ ᠠᠷᠪᠠᠨ ᠲᠣᠬᠣᠢ᠂ ᠨᠥᠭᠥᠭᠡ ᠶᠢᠨ ᠬᠢᠨᠢ ᠮᠥᠨ ᠠᠳᠠᠯᠢ ᠪᠠᠢᠪᠠ᠃ 27 ᠰᠣᠯᠣᠮᠣᠨ ᠬᠣᠣᠰ ᠺᠧᠷᠣᠪ ᠢ ᠳᠣᠲᠣᠭᠠᠳᠤ ᠥᠷᠭᠥᠭᠡᠨ ᠦ ᠭᠣᠣᠯ ᠳᠤ ᠲᠠᠯᠪᠢᠪᠠ᠃ ᠺᠧᠷᠣᠪ ᠤᠳ ᠤᠨ ᠳᠠᠯᠠᠪᠴᠢ ᠳᠡᠯᠭᠡᠭᠳᠡᠭᠰᠡᠨ ᠪᠥᠭᠡᠳ ᠨᠢᠭᠡ ᠺᠧᠷᠣᠪ ᠤᠨ ᠳᠠᠯᠠᠪᠴᠢ ᠨᠢ ᠨᠢᠭᠡ ᠲᠠᠯ᠎ᠠ ᠶᠢᠨ ᠬᠠᠨᠠᠨ ᠳᠤ᠂ ᠨᠥᠭᠥᠭᠡ ᠺᠧᠷᠣᠪ ᠤᠨ ᠳᠠᠯᠠᠪᠴᠢ ᠨᠢ ᠨᠥᠭᠥᠭᠡ ᠲᠠᠯ᠎ᠠ ᠶᠢᠨ ᠬᠠᠨᠠᠨ ᠳᠤ ᠬᠦᠷᠴᠦ᠂ ᠲᠡᠳᠡᠨ ᠦ ᠳᠠᠯᠠᠪᠴᠢ ᠥᠷᠭᠥᠭᠡᠨ ᠦ ᠭᠣᠣᠯ ᠳᠤ ᠬᠣᠭᠣᠷᠣᠨᠳᠣ ᠪᠠᠨ ᠬᠦᠷᠦᠯᠴᠡᠭᠰᠡᠨ ᠪᠠᠢᠯ᠎ᠠ᠃ 28 ᠲᠡᠷᠡ ᠪᠡᠷ ᠺᠧᠷᠣᠪ ᠤᠳ ᠢ ᠮᠥᠨ ᠠᠯᠲᠠ ᠪᠠᠷ ᠪᠦᠷᠢᠵᠡᠢ᠃

29 ᠲᠡᠷᠡ ᠪᠡᠷ ᠥᠷᠭᠥᠭᠡᠨ ᠦ ᠳᠣᠲᠣᠨ᠎ᠠ᠂ ᠭᠠᠳᠠᠨ᠎ᠠ ᠥᠷᠥᠭᠡᠨ ᠦ ᠪᠦᠬᠦ ᠬᠠᠨ᠎ᠠ ᠳᠡᠭᠡᠷ᠎ᠡ ᠺᠧᠷᠣᠪ ᠤᠳ᠂ ᠳᠠᠯᠳᠠᠤ ᠮᠣᠳᠣ ᠪᠣᠯᠣᠨ ᠳᠡᠯᠭᠡᠷᠡᠭᠰᠡᠨ ᠴᠡᠴᠡᠭᠡᠰ ᠦᠨ ᠳᠦᠷᠰᠦ ᠶᠢ ᠰᠡᠢᠯᠦᠭᠰᠡᠨ ᠪᠠ 30 ᠥᠷᠭᠥᠭᠡᠨ ᠦ ᠳᠣᠲᠣᠨ᠎ᠠ᠂ ᠭᠠᠳᠠᠨ᠎ᠠ ᠥᠷᠥᠭᠡᠨ ᠦ ᠱᠠᠯᠠ ᠶᠢ ᠠᠯᠲᠠ ᠪᠠᠷ ᠪᠦᠷᠢᠪᠡ᠃

31 ᠳᠣᠲᠣᠭᠠᠳᠤ ᠠᠷᠢᠭᠤᠨ ᠥᠷᠥᠭᠡᠨ ᠳᠦ ᠣᠷᠣᠬᠤ ᠭᠠᠵᠠᠷ ᠲᠤᠨᠢ ᠲᠡᠷᠡ ᠴᠢᠳᠦᠨ ᠮᠣᠳᠣ ᠪᠠᠷ ᠬᠣᠣᠰ ᠬᠠᠭᠠᠯᠭ᠎ᠠ ᠬᠢᠪᠡ᠂ ᠬᠠᠲᠠᠪᠴᠢ ᠪᠠ ᠲᠣᠲᠣᠭᠣ ᠨᠢ ᠲᠠᠪᠤᠨ ᠲᠠᠯᠠᠲᠤ ᠶᠢ ᠪᠦᠷᠢᠯᠳᠦᠭᠦᠯᠪᠡ᠃ 32 ᠡᠨᠡ ᠬᠣᠶᠠᠷ ᠴᠢᠳᠦᠨ ᠮᠣᠳᠣᠨ ᠬᠠᠭᠠᠯᠭᠠᠨ ᠳᠡᠭᠡᠷ᠎ᠡ ᠺᠧᠷᠣᠪ ᠤᠳ᠂ ᠳᠠᠯᠳᠠᠤ ᠮᠣᠳᠣ᠂ ᠳᠡᠯᠭᠡᠷᠡᠭᠰᠡᠨ ᠴᠡᠴᠡᠭᠡᠰ ᠢ ᠰᠡᠢᠯᠵᠦ᠂ ᠺᠧᠷᠣᠪ ᠤᠳ ᠪᠣᠯᠣᠨ ᠳᠠᠯᠳᠠᠤ ᠮᠣᠳᠣ ᠶᠢ ᠠᠯᠲᠠ ᠪᠠᠷ ᠪᠦᠷᠢᠵᠡᠢ᠃

33 ᠲᠡᠷᠡ ᠪᠡᠷ ᠭᠣᠣᠯ ᠥᠷᠥᠭᠡᠨ ᠳᠦ ᠣᠷᠣᠬᠤ ᠬᠠᠭᠠᠯᠭᠠᠨ ᠤ ᠳᠥᠷᠪᠡᠨ ᠲᠠᠯᠠᠲᠤ ᠬᠦᠷᠢᠶ᠎ᠡ ᠶᠢ ᠴᠢᠳᠦᠨ ᠮᠣᠳᠣ ᠪᠠᠷ᠂ 34 ᠬᠣᠶᠠᠷ ᠬᠠᠭᠠᠯᠭ᠎ᠠ ᠶᠢ ᠨᠢ ᠠᠭᠠᠷᠤ ᠮᠣᠳᠣ ᠪᠠᠷ ᠬᠢᠪᠡ᠃ ᠨᠢᠭᠡ ᠬᠠᠭᠠᠯᠭ᠎ᠠ ᠨᠢ ᠡᠪᠬᠡᠭᠳᠡᠳᠡᠭ ᠬᠣᠶᠠᠷ ᠬᠠᠪᠲᠠᠰᠤ ᠲᠠᠢ᠂ ᠮᠥᠨ ᠨᠥᠭᠥᠭᠡ ᠬᠠᠭᠠᠯᠭ᠎ᠠ ᠨᠢ ᠴᠤ ᠡᠪᠬᠡᠭᠳᠡᠳᠡᠭ ᠬᠣᠶᠠᠷ ᠬᠠᠪᠲᠠᠰᠤ ᠲᠠᠢ ᠪᠠᠢᠪᠠ᠃ 35 ᠲᠡᠳᠡᠭᠡᠷ ᠬᠠᠭᠠᠯᠭᠠᠨ ᠳᠡᠭᠡᠷ᠎ᠡ ᠺᠧᠷᠣᠪ ᠤᠳ᠂ ᠳᠠᠯᠳᠠᠤ ᠮᠣᠳᠣ᠂ ᠳᠡᠯᠭᠡᠷᠡᠭᠰᠡᠨ ᠴᠡᠴᠡᠭᠡᠰ ᠢ ᠰᠡᠢᠯᠦᠭᠰᠡᠨ ᠪᠥᠭᠡᠳ ᠳᠡᠭᠡᠭᠦᠷ ᠨᠢ ᠠᠯᠲᠠ ᠪᠠᠷ ᠵᠢᠭᠳᠡᠬᠡᠨ ᠪᠦᠷᠢᠪᠡ᠃ 36 ᠲᠡᠭᠡᠭᠡᠳ ᠳᠣᠲᠣᠭᠠᠳᠤ ᠬᠦᠷᠢᠶ᠎ᠡ ᠶᠢ ᠭᠤᠷᠪᠠᠨ ᠳᠠᠪᠬᠤᠷ ᠵᠠᠰᠠᠭᠰᠠᠨ ᠴᠢᠯᠠᠭᠤ ᠪᠣᠯᠣᠨ ᠨᠢᠭᠡ ᠳᠠᠪᠬᠤᠷ ᠬᠤᠱᠢ ᠮᠣᠳᠣᠨ ᠳ᠋ᠦᠨᠵᠡ ᠪᠡᠷ ᠬᠢᠵᠡᠢ᠃

37 ᠰᠣᠯᠣᠮᠣᠨ ᠬᠠᠭᠠᠨ ᠪᠣᠯᠣᠭᠰᠠᠨ ᠤ ᠪᠠᠨ ᠳᠥᠷᠪᠡᠳᠡᠬᠢ ᠵᠢᠯ ᠤᠨ ᠽᠢᠸ ᠰᠠᠷ᠎ᠠ ᠳᠤ ᠶᠣᠬᠣᠸᠠ ᠶᠢᠨ ᠥᠷᠭᠥᠭᠡᠨ ᠦ ᠰᠠᠭᠤᠷᠢ ᠶᠢ ᠲᠠᠯᠪᠢᠵᠤ᠂ 38 ᠠᠷᠪᠠᠨ ᠨᠢᠭᠡᠳᠡᠬᠢ ᠵᠢᠯ ᠤᠨ ᠢᠶᠠᠨ ᠪᠦᠯ ᠰᠠᠷ᠎ᠠ ᠪᠤᠶᠤ ᠨᠠᠢ᠌ᠮᠠᠳᠤᠭᠠᠷ ᠰᠠᠷ᠎ᠠ ᠳᠤ ᠥᠷᠭᠥᠭᠡ ᠶᠢ ᠪᠦᠬᠦ ᠵᠢᠭᠠᠪᠤᠷᠢ ᠶᠢᠨ ᠳᠠᠭᠠᠤ᠂ ᠪᠦᠬᠦ ᠵᠠᠭᠪᠤᠷ ᠤᠨ ᠶᠣᠰᠣᠭᠠᠷ ᠪᠠᠢᠭᠤᠯᠵᠤ ᠳᠠᠭᠤᠰᠬᠠᠪᠠ᠃ ᠰᠣᠯᠣᠮᠣᠨ ᠡᠭᠦᠨ ᠢ ᠳᠣᠯᠣᠭᠠᠨ ᠵᠢᠯ ᠪᠠᠢᠭᠤᠯᠤᠭᠰᠠᠨ ᠪᠠᠢᠨ᠎ᠠ᠃