ᠬᠠᠭᠠᠳ ᠤᠨ ᠳᠡᠭᠡᠳᠦ ᠠᠷᠪᠠᠨ ᠳᠣᠯᠣᠭ᠎ᠠ
ᠧᠯᠢᠶ᠎ᠠ ᠭᠠᠩ ᠭᠠᠴᠢᠭ ᠢ ᠡᠰᠢ ᠦᠵᠡᠭᠦᠯᠪᠡ
1 ᠭᠢᠯᠧᠶᠠᠳ᠋ ᠲᠤ ᠰᠠᠭᠤᠳᠠᠭ ᠲᠢᠱᠪ ᠬᠥᠮᠦᠨ ᠧᠯᠢᠶ᠎ᠠ ᠠᠬᠠᠪ ᠲᠤ᠄ 《ᠮᠢᠨᠦ ᠦᠢᠯᠡᠴᠢᠯᠡᠳᠡᠭ᠌ ᠢᠰᠷᠧᠯ ᠤᠨ ᠪᠤᠷᠬᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠨᠠᠳᠠ ᠠᠴᠠ ᠦᠭᠡ ᠭᠠᠷᠬᠤ ᠠᠴᠠ ᠨᠠᠰᠢ ᠬᠡᠳᠦᠨ ᠵᠢᠯ ᠤᠨ ᠲᠤᠷᠰᠢ ᠪᠣᠷᠣᠭᠠᠨ ᠣᠷᠣᠬᠤ ᠦᠭᠡᠢ᠂ ᠰᠢᠭᠦᠳᠡᠷᠢ ᠴᠤ ᠪᠠᠭᠤᠬᠤ ᠦᠭᠡᠢ ᠪᠣᠯᠣᠨ᠎ᠠ》 ᠭᠡᠪᠡ᠃ 2 ᠶᠣᠬᠣᠸᠠ ᠶᠢᠨ ᠦᠭᠡ ᠧᠯᠢᠶ᠎ᠠ ᠳᠤ ᠢᠷᠡᠵᠦ᠄ 3 《ᠴᠢ ᠡ᠊ᠨᠳᠡ ᠡᠴᠡ ᠭᠠᠷᠴᠤ᠂ ᠵᠡᠭᠦᠨᠰᠢ ᠶᠠᠪᠤ᠃ ᠶᠣᠷᠳᠠᠨ ᠭᠣᠣᠯ ᠳᠤ ᠤᠷᠤᠰᠤᠨ ᠣᠷᠣᠳᠠᠭ ᠺᠧᠷᠢᠲ ᠭᠣᠷᠣᠬᠠᠨ ᠤ ᠬᠥᠪᠡᠭᠡᠨ ᠳᠦ ᠨᠢᠭᠤᠭᠳᠠᠵᠤ᠂ 4 ᠭᠣᠷᠣᠬᠠᠨ ᠤ ᠤᠰᠤᠨ ᠠᠴᠠ ᠤᠤᠭᠤᠵᠤ ᠪᠠᠢ᠃ ᠪᠢ ᠴᠢᠮᠠᠶᠢ ᠲᠡᠨᠳᠡ ᠲᠡᠵᠢᠭᠡᠬᠦ ᠶᠢ ᠬᠡᠷᠢᠶ᠎ᠡ ᠨᠦᠭᠦᠳ ᠲᠦ ᠵᠠᠬᠢᠭᠰᠠᠨ ᠶᠤᠮ》 ᠭᠡᠵᠦ ᠠᠢᠯᠠᠳᠤᠯ᠎ᠠ᠃ 5 ᠧᠯᠢᠶ᠎ᠠ ᠶᠣᠬᠣᠸᠠ ᠶᠢᠨ ᠦᠭᠡ ᠶᠢ ᠳᠠᠭᠠᠨ ᠶᠠᠪᠤᠵᠤ᠂ ᠶᠣᠷᠳᠠᠨ ᠳᠤ ᠤᠷᠤᠰᠤᠨ ᠣᠷᠣᠳᠠᠭ ᠺᠧᠷᠢᠲ ᠭᠣᠷᠣᠬᠠᠨ ᠤ ᠬᠥᠪᠡᠭᠡᠨ ᠳᠦ ᠰᠠᠭᠤᠷᠢᠰᠢᠪᠠ᠃ 6 ᠬᠡᠷᠢᠶ᠎ᠡ ᠨᠦᠭᠦᠳ ᠲᠡᠭᠦᠨ ᠳᠦ ᠥᠷᠯᠥᠭᠡ ᠴᠤ ᠪᠣᠣᠪᠣ ᠪᠣᠯᠣᠨ ᠮᠢᠬ᠎ᠠ᠂ ᠣᠷᠣᠢ ᠴᠤ ᠪᠣᠣᠪᠣ ᠪᠣᠯᠣᠨ ᠮᠢᠬ᠎ᠠ ᠠᠪᠴᠢᠷᠠᠳᠠᠭ ᠪᠥᠭᠡᠳ ᠲᠡᠷᠡ ᠪᠡᠷ ᠭᠣᠷᠣᠬᠠᠨ ᠠᠴᠠ ᠤᠤᠭᠤᠳᠠᠭ ᠪᠠᠢᠪᠠ᠃ 7 ᠬᠡᠰᠡᠭ ᠬᠤᠭᠤᠴᠠᠭᠠᠨ ᠤ ᠳᠠᠷᠠᠭ᠎ᠠ ᠲᠡᠷᠡ ᠭᠣᠷᠣᠬ᠎ᠠ ᠬᠠᠲᠠᠵᠤ ᠰᠢᠷᠭᠢᠵᠡᠢ᠃ ᠤᠴᠢᠷ ᠨᠢ ᠲᠡᠷᠡ ᠭᠠᠵᠠᠷ ᠲᠤ ᠪᠣᠷᠣᠭᠠᠨ ᠣᠷᠣᠭ᠎ᠠ ᠦᠭᠡᠢ ᠪᠠᠢᠯ᠎ᠠ᠃
ᠽᠠᠷᠧᠹᠠᠲ ᠤᠨ ᠪᠡᠯᠪᠡᠰᠦᠨ ᠡᠮᠡᠭᠲᠡᠢ
8 ᠲᠡᠭᠡᠬᠦ ᠳᠦ ᠶᠣᠬᠣᠸᠠ ᠶᠢᠨ ᠦᠭᠡ ᠲᠡᠭᠦᠨ ᠳᠦ ᠢᠷᠡᠵᠦ᠄ 9 《ᠪᠣᠰ᠂ ᠰᠢᠢᠳᠣᠨ ᠨᠤᠲᠤᠭ ᠤᠨ ᠽᠠᠷᠧᠹᠠᠲ ᠤᠷᠤᠭᠤ ᠶᠠᠪᠤᠵᠤ ᠲᠡᠨᠳᠡ ᠪᠡᠨ ᠪᠠᠢ᠃ ᠬᠠᠷ᠎ᠠ᠂ ᠪᠢ ᠴᠢᠮᠠᠶᠢ ᠲᠡᠵᠢᠭᠡᠬᠦ ᠶᠢ ᠲᠡᠨᠳᠡᠬᠢ ᠶᠢᠨ ᠨᠢᠭᠡ ᠪᠡᠯᠪᠡᠰᠦᠨ ᠡᠮᠡᠭᠲᠡᠢ ᠳᠦ ᠵᠠᠬᠢᠭᠰᠠᠨ ᠶᠤᠮ》 ᠭᠡᠰᠡᠨ ᠳᠦ᠂ 10 ᠧᠯᠢᠶ᠎ᠠ ᠪᠣᠰᠴᠤ ᠽᠠᠷᠧᠹᠠᠲ ᠤᠷᠤᠭᠤ ᠶᠠᠪᠤᠯ᠎ᠠ᠃ ᠲᠡᠷᠡ ᠪᠡᠷ ᠬᠣᠲᠠ ᠶᠢᠨ ᠬᠠᠭᠠᠯᠭᠠᠨ ᠳᠤ ᠬᠦᠷᠦᠭᠡᠳ ᠬᠠᠷᠠᠲᠠᠯ᠎ᠠ ᠲᠡᠨᠳᠡ ᠨᠢᠭᠡᠨ ᠪᠡᠯᠪᠡᠰᠦᠨ ᠡᠮᠡᠭᠲᠡᠢ ᠲᠦᠯᠡᠭᠡ ᠲᠡᠭᠦᠵᠦ ᠪᠠᠢᠪᠠ᠃ ᠧᠯᠢᠶ᠎ᠠ ᠲᠡᠷᠡ ᠡᠮᠡᠭᠲᠡᠢ ᠶᠢ ᠳᠠᠭᠤᠳᠠᠭᠠᠳ᠄ 《ᠨᠠᠳᠠ ᠳᠤ ᠵᠢᠭᠠᠬᠠᠨ ᠤᠤᠭᠤᠬᠤ ᠤᠰᠤ ᠰᠠᠪᠠᠨ ᠳᠤ ᠬᠢᠵᠦ ᠠᠪᠴᠢᠷᠠᠵᠤ ᠥᠭᠭᠥᠨ᠎ᠡ ᠤᠤ︖》 ᠭᠡᠵᠦ ᠭᠤᠶᠤᠭᠰᠠᠨ ᠳᠤ᠂ 11 ᠲᠡᠷᠡ ᠡᠮᠡᠭᠲᠡᠢ ᠤᠰᠤ ᠠᠪᠴᠢᠷᠠᠬᠤ ᠪᠠᠷ ᠶᠠᠪᠤᠯ᠎ᠠ᠃ ᠧᠯᠢᠶ᠎ᠠ ᠠᠷᠤ ᠠᠴᠠ ᠨᠢ ᠳᠠᠭᠤᠳᠠᠨ᠄ 《ᠨᠠᠳᠠ ᠳᠤ ᠪᠠᠰᠠ ᠵᠦᠰᠦᠮ ᠪᠣᠣᠪᠣ ᠠᠪᠴᠢᠷᠠᠵᠤ ᠥᠭᠭᠥᠨ᠎ᠡ ᠤᠤ︖》 ᠭᠡᠵᠦ ᠭᠤᠶᠤᠬᠤ ᠳᠤ᠂ 12 ᠲᠡᠷᠡ ᠡᠮᠡᠭᠲᠡᠢ ᠬᠠᠷᠢᠭᠤ ᠳᠤᠨᠢ᠄ 《ᠲᠠᠨ ᠤ ᠪᠤᠷᠬᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠨᠠᠳᠠ ᠳᠤ ᠪᠣᠣᠪᠣ ᠪᠠᠢᠬᠤ ᠦᠭᠡᠢ᠃ ᠰᠠᠪᠠᠨ ᠳᠤ ᠮᠢᠨᠢ ᠵᠢᠭᠠᠬᠠᠨ ᠭᠤᠯᠢᠷ᠂ ᠳᠣᠩᠪᠣ ᠳᠤ ᠮᠢᠨᠢ ᠵᠢᠭᠠᠬᠠᠨ ᠲᠣᠰᠣ ᠯᠠ ᠪᠤᠢ᠃ ᠬᠠᠷ᠎ᠠ᠂ ᠪᠢ ᠲᠦᠯᠡᠭᠡ ᠲᠡᠭᠦᠵᠦ ᠪᠠᠢᠨ᠎ᠠ᠃ ᠡᠭᠦᠨ ᠢ ᠪᠠᠨ ᠪᠢ ᠭᠡᠷ ᠲᠡᠭᠡᠨ ᠠᠪᠠᠴᠢᠵᠤ᠂ ᠥᠪᠡᠷ ᠲᠡᠭᠡᠨ ᠪᠣᠯᠣᠨ ᠬᠦᠦ ᠳᠡᠭᠡᠨ ᠵᠣᠷᠢᠭᠤᠯᠤᠨ ᠬᠣᠭᠣᠯᠠ ᠬᠢᠵᠦ ᠢᠳᠡᠨ᠎ᠡ᠃ ᠳᠠᠷᠠᠭ᠎ᠠ ᠨᠢ ᠪᠢᠳᠡ ᠦᠬᠦᠨ᠎ᠡ》 ᠭᠡᠪᠡ᠃ 13 ᠧᠯᠢᠶ᠎ᠠ ᠡᠮᠡᠭᠲᠡᠢ ᠳᠦ᠄ 《ᠪᠦᠦ ᠠᠶᠤ᠃ ᠭᠡᠷ ᠲᠡᠭᠡᠨ ᠶᠠᠪᠤᠵᠤ᠂ ᠬᠡᠯᠡᠭᠰᠡᠨ ᠢᠶᠡᠷ ᠢᠶᠠᠨ ᠬᠢ᠃ ᠬᠠᠷᠢᠨ ᠪᠠᠢᠭ᠎ᠠ ᠶᠠᠭᠤᠮᠠᠨ ᠠᠴᠠ ᠪᠠᠨ ᠤᠷᠢᠳᠠᠪᠠᠷ ᠨᠠᠳᠠ ᠳᠤ ᠵᠢᠵᠢᠭᠬᠡᠨ ᠪᠣᠣᠪᠣ ᠬᠢᠵᠦ ᠠᠪᠴᠤ ᠢᠷᠡᠭᠰᠡᠨ ᠦ ᠳᠠᠷᠠᠭ᠎ᠠ᠂ ᠥᠪᠡᠷ ᠲᠡᠭᠡᠨ ᠪᠣᠯᠣᠨ ᠬᠦᠦ ᠳᠡᠭᠡᠨ ᠵᠣᠷᠢᠭᠤᠯᠤᠨ ᠬᠢᠭᠲᠦᠨ᠃ 14 ᠤᠴᠢᠷ ᠨᠢ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ ᠶᠣᠬᠣᠸᠠ ᠡᠨᠡ ᠭᠠᠵᠠᠷ ᠳᠡᠭᠡᠷ᠎ᠡ ᠪᠣᠷᠣᠭᠠᠨ ᠣᠷᠣᠭᠤᠯᠬᠤ ᠡᠳᠦᠷ ᠬᠦᠷᠲᠡᠯ᠎ᠡ ᠰᠠᠪᠠᠨ ᠳᠠᠬᠢ ᠭᠤᠯᠢᠷ ᠳᠠᠭᠤᠰᠬᠤ ᠦᠭᠡᠢ᠂ ᠳᠣᠩᠪᠣ ᠳᠠᠬᠢ ᠲᠣᠰᠣ ᠳᠤᠲᠠᠬᠤ ᠦᠭᠡᠢ》 ᠭᠡᠪᠡ᠃ 15 ᠲᠡᠷᠡ ᠡᠮᠡᠭᠲᠡᠢ ᠶᠠᠪᠤᠵᠤ᠂ ᠧᠯᠢᠶ᠎ᠠ ᠶᠢᠨ ᠬᠡᠯᠡᠭᠰᠡᠨ ᠶᠣᠰᠣᠭᠠᠷ ᠬᠢᠵᠡᠢ᠃ ᠢᠩᠭᠢᠬᠦ ᠳᠦ ᠲᠡᠷᠡ ᠡᠮᠡᠭᠲᠡᠢ᠂ ᠧᠯᠢᠶ᠎ᠠ ᠪᠣᠯᠣᠨ ᠲᠡᠷᠡ ᠡᠮᠡᠭᠲᠡᠢ ᠶᠢᠨ ᠭᠡᠷ ᠦᠨ ᠬᠢᠨ ᠤᠳᠠᠭᠠᠨ ᠡᠳᠦᠷ ᠦᠨ ᠲᠤᠷᠰᠢ ᠳᠤ ᠬᠣᠭᠣᠯᠠ ᠤᠮᠳᠠ ᠲᠠᠢ ᠪᠠᠢᠭᠰᠠᠨ ᠪᠥᠭᠡᠳ 16 ᠰᠠᠪᠠᠨ ᠳᠠᠬᠢ ᠭᠤᠯᠢᠷ ᠨᠢ ᠳᠠᠭᠤᠰᠤᠭᠰᠠᠨ ᠦᠭᠡᠢ᠂ ᠳᠣᠩᠪᠣ ᠳᠠᠬᠢ ᠲᠣᠰᠣ ᠨᠢ ᠴᠤ ᠳᠤᠲᠠᠭᠰᠠᠨ ᠦᠭᠡᠢ᠃ ᠡᠨᠡ ᠨᠢ ᠶᠣᠬᠣᠸᠠ ᠶᠢᠨ ᠧᠯᠢᠶ᠎ᠠ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠵᠠᠢ᠃
17 ᠡᠳᠡᠭᠡᠷ ᠶᠠᠪᠤᠳᠠᠯ ᠤᠨ ᠳᠠᠷᠠᠭ᠎ᠠ᠂ ᠭᠡᠷ ᠦᠨ ᠡᠵᠡᠭᠲᠡᠢ ᠶᠢᠨ ᠬᠦᠦ ᠡᠪᠡᠳᠴᠢᠯᠠᠵᠡᠢ᠃ ᠬᠦᠦ ᠶᠢᠨ ᠡᠪᠡᠳᠴᠢᠨ ᠬᠦᠨᠳᠦᠷᠡᠭᠰᠡᠭᠡᠷ ᠪᠠᠢᠭᠠᠳ ᠡᠴᠦᠰ ᠲᠡᠭᠡᠨ ᠠᠮᠢᠰᠬᠤᠯ ᠬᠤᠷᠢᠶᠠᠭᠰᠠᠨ ᠪᠠᠢᠨ᠎ᠠ᠃ 18 ᠲᠡᠷᠡ ᠡᠮᠡᠭᠲᠡᠢ ᠧᠯᠢᠶ᠎ᠠ ᠳᠤ᠄ 《ᠪᠤᠷᠬᠠᠨ ᠤ ᠬᠥᠮᠦᠨ ᠡ᠂ ᠪᠢ ᠲᠠᠨ ᠳᠤ ᠶᠠᠮᠠᠷ ᠬᠠᠮᠢᠶ᠎ᠠ ᠲᠠᠢ ᠪᠣᠯᠣᠭᠠᠳ ᠲᠠ ᠡ᠊ᠨᠳᠡ ᠢᠷᠡᠵᠦ ᠮᠢᠨᠦ ᠨᠢᠭᠦᠯ ᠢ ᠰᠠᠨᠠᠭᠤᠯᠤᠨ ᠬᠦᠦ ᠶᠢ ᠮᠢᠨᠢ ᠦᠬᠦᠯ ᠳᠦ ᠬᠦᠷᠭᠡᠬᠦ ᠨᠢ ᠪᠤᠢ︖》 ᠭᠡᠬᠦ ᠳᠦᠨᠢ᠂ 19 ᠧᠯᠢᠶ᠎ᠠ ᠲᠡᠭᠦᠨ ᠳᠦ᠄ 《ᠬᠦᠦ ᠪᠡᠨ ᠨᠠᠳᠠ ᠳᠤ ᠠᠪᠤᠭᠠᠳ ᠢᠷ᠎ᠡ》 ᠭᠡᠪᠡ᠃ ᠲᠡᠷᠡ ᠪᠡᠷ ᠡᠮᠡᠭᠲᠡᠢ ᠶᠢᠨ ᠲᠡᠪᠡᠷᠢ ᠡᠴᠡ ᠬᠦᠦ ᠶᠢ ᠨᠢ ᠠᠪᠤᠭᠠᠳ ᠥᠪᠡᠷ ᠦᠨ ᠰᠠᠭᠤᠵᠤ ᠪᠤᠢ ᠳᠡᠭᠡᠳᠦ ᠳᠠᠪᠬᠤᠷ ᠤᠨ ᠥᠷᠥᠭᠡᠨ ᠳᠦ ᠠᠪᠠᠴᠢᠵᠤ ᠣᠷᠣ ᠳᠡᠭᠡᠷ᠎ᠡ ᠪᠡᠨ ᠬᠡᠪᠲᠡᠭᠦᠯᠵᠡᠢ᠃ 20 ᠲᠡᠷᠡ ᠶᠣᠬᠣᠸᠠ ᠶᠢ ᠳᠠᠭᠤᠳᠠᠨ᠄ 《ᠮᠢᠨᠦ ᠪᠤᠷᠬᠠᠨ ᠶᠣᠬᠣᠸᠠ᠂ ᠲᠠ ᠮᠢᠨᠦ ᠪᠠᠭᠤᠭᠰᠠᠨ ᠡᠨᠡ ᠭᠡᠷ ᠦᠨ ᠪᠡᠯᠪᠡᠰᠦᠨ ᠡᠮᠡᠭᠲᠡᠢ ᠳᠦ ᠴᠤ ᠭᠠᠢ ᠪᠠᠭᠤᠯᠭᠠᠵᠤ᠂ ᠬᠦᠦ ᠶᠢ ᠨᠢ ᠦᠬᠦᠯ ᠳᠦ ᠬᠦᠷᠭᠡᠭᠰᠡᠨ ᠤᠤ︖》 ᠭᠡᠯᠡ᠃ 21 ᠲᠡᠭᠡᠭᠡᠳ ᠬᠦᠦ ᠶᠢᠨ ᠳᠡᠭᠡᠷ᠎ᠡ ᠭᠤᠷᠪᠠᠨᠲᠠ ᠠᠯᠳᠠᠯᠠᠨ ᠬᠡᠪᠲᠡᠭᠡᠳ ᠶᠣᠬᠣᠸᠠ ᠶᠢ ᠳᠠᠭᠤᠳᠠᠨ᠄ 《ᠮᠢᠨᠦ ᠪᠤᠷᠬᠠᠨ ᠶᠣᠬᠣᠸᠠ᠂ ᠡᠨᠡ ᠬᠦᠦ ᠶᠢᠨ ᠠᠮᠢ ᠶᠢ ᠳᠣᠲᠣᠷ᠎ᠠ ᠨᠢ ᠪᠤᠴᠠᠭᠠᠨ ᠥᠭᠭᠥᠭᠡᠴᠢ》 ᠭᠡᠵᠦ ᠭᠤᠶᠤᠪᠠ᠃ 22 ᠶᠣᠬᠣᠸᠠ ᠧᠯᠢᠶ᠎ᠠ ᠶᠢᠨ ᠳᠠᠭᠤ ᠶᠢ ᠰᠣᠨᠣᠰᠴᠤ᠂ ᠬᠦᠦ ᠶᠢᠨ ᠠᠮᠢ ᠶᠢ ᠳᠣᠲᠣᠷ᠎ᠠ ᠨᠢ ᠪᠤᠴᠠᠭᠠᠭᠰᠠᠨ ᠳᠤ᠂ ᠬᠦᠦ ᠠᠮᠢᠯᠠᠪᠠ᠃ 23 ᠧᠯᠢᠶ᠎ᠠ ᠬᠦᠦ ᠶᠢ ᠠᠪᠤᠭᠠᠳ ᠳᠡᠭᠡᠳᠦ ᠳᠠᠪᠬᠤᠷ ᠤᠨ ᠥᠷᠥᠭᠡᠨ ᠡᠴᠡ ᠪᠠᠭᠤᠨ ᠭᠡᠷ ᠲᠤᠨᠢ ᠣᠷᠣᠵᠤ᠂ ᠡᠬᠡ ᠳᠦᠨᠢ ᠥᠭᠪᠡ᠃ ᠧᠯᠢᠶ᠎ᠠ᠄ 《ᠬᠠᠷ᠎ᠠ᠂ ᠬᠦᠦ ᠴᠢᠨᠢ ᠠᠮᠢᠳᠤ ᠪᠠᠢᠨ᠎ᠠ︕》 ᠭᠡᠬᠦ ᠳᠦ᠂ 24 ᠡᠮᠡᠭᠲᠡᠢ᠄ 《ᠣᠳᠣ ᠯᠠ ᠪᠢ ᠲᠠ ᠪᠣᠯ ᠪᠤᠷᠬᠠᠨ ᠤ ᠬᠥᠮᠦᠨ ᠭᠡᠳᠡᠭ ᠢ᠂ ᠪᠠᠰᠠ ᠲᠠᠨ ᠤ ᠠᠮᠠᠨ ᠳᠤ ᠪᠤᠢ ᠶᠣᠬᠣᠸᠠ ᠶᠢᠨ ᠦᠭᠡ ᠦᠨᠡᠨ ᠭᠡᠳᠡᠭ ᠢ ᠣᠢᠯᠠᠭᠠᠯ᠎ᠠ》 ᠭᠡᠵᠦ ᠬᠡᠯᠡᠵᠡᠢ᠃