1 2 3 4 5 6 7 8 9 10 11 12 13 14 15 16 17 18 19 20 21 22


ᠬᠠᠭᠠᠳ ᠤᠨ ᠳᠡᠭᠡᠳᠦ ᠲᠠᠪᠤ
 ᠶᠣᠬᠣᠸᠠ ᠶᠢᠨ ᠥᠷᠭᠥᠭᠡ ᠶᠢ ᠪᠠᠷᠢᠬᠤ ᠪᠡᠯᠡᠳᠬᠡᠯ

1 ᠰᠣᠯᠣᠮᠣᠨ ᠲᠣᠰᠣᠯᠠᠭᠳᠠᠵᠤ ᠡᠴᠢᠭᠡ ᠶᠢᠨ ᠢᠶᠠᠨ ᠣᠷᠣᠨ ᠳᠤ ᠬᠠᠭᠠᠨ ᠪᠣᠯᠣᠭᠰᠠᠨ ᠢ ᠲᠢᠷ ᠤᠨ ᠬᠠᠭᠠᠨ ᠾᠢᠷᠠᠮ ᠰᠣᠨᠣᠰᠣᠭᠠᠳ ᠵᠠᠷᠤᠴᠠ ᠨᠠᠷ ᠢᠶᠠᠨ ᠲᠡᠭᠦᠨ ᠤᠷᠤᠭᠤ ᠢᠯᠡᠭᠡᠪᠡ᠃ ᠲᠡᠷᠡ ᠳ᠋ᠠᠸᠢᠳ᠋ ᠢ ᠬᠠᠢᠷᠠᠯᠠᠳᠠᠭ ᠪᠠᠢᠭᠰᠠᠨ ᠶᠤᠮ᠃ 2 ᠰᠣᠯᠣᠮᠣᠨ ᠬᠠᠷᠢᠭᠤ ᠳᠤᠨᠢ ᠾᠢᠷᠠᠮ ᠤᠷᠤᠭᠤ ᠦᠭᠡ ᠢᠯᠡᠭᠡᠵᠦ᠄ 3 《ᠮᠢᠨᠦ ᠠᠪᠤ ᠳ᠋ᠠᠸᠢᠳ᠋ ᠡᠷᠭᠢᠨ ᠲᠣᠭᠣᠷᠢᠨ ᠤ ᠪᠠᠨ ᠪᠠᠢᠯᠳᠤᠭᠠᠨ ᠤ ᠤᠯᠠᠮ ᠠᠴᠠ ᠶᠣᠬᠣᠸᠠ ᠪᠤᠷᠬᠠᠨ ᠤ ᠪᠠᠨ ᠨᠡᠷ᠎ᠡ ᠳᠦ ᠵᠣᠷᠢᠭᠤᠯᠤᠨ ᠥᠷᠭᠥᠭᠡ ᠪᠠᠷᠢᠵᠤ ᠴᠢᠳᠠᠯ ᠦᠭᠡᠢ᠂ ᠶᠣᠬᠣᠸᠠ ᠲᠡᠭᠦᠨ ᠦ ᠳᠠᠢᠰᠤᠨ ᠨᠤᠭᠤᠳ ᠢ ᠬᠥᠯ ᠦᠨ ᠬᠢᠨᠢ ᠤᠯᠠ ᠳᠣᠣᠷ᠎ᠠ ᠣᠷᠣᠭᠤᠯᠬᠤ ᠬᠦᠷᠲᠡᠯ᠎ᠡ ᠬᠦᠯᠢᠶᠡᠭᠰᠡᠨ ᠢ ᠬᠠᠭᠠᠨᠲᠠᠨ ᠲᠠ ᠮᠡᠳᠡᠨ᠎ᠡ᠃ 4 ᠣᠳᠣ ᠮᠢᠨᠦ ᠪᠤᠷᠬᠠᠨ ᠶᠣᠬᠣᠸᠠ ᠡᠷᠭᠢᠨ ᠲᠣᠭᠣᠷᠢᠨ ᠳᠤ ᠮᠢᠨᠢ ᠠᠮᠤᠷ ᠲᠠᠢᠪᠤᠩ ᠢ ᠰᠣᠶᠣᠷᠬᠠᠭᠰᠠᠨ ᠢᠶᠠᠷ ᠳᠠᠢᠰᠤᠨ ᠴᠤ᠂ ᠭᠠᠢ ᠭᠠᠮᠰᠢᠭ ᠴᠤ ᠦᠭᠡᠢ ᠪᠣᠯᠣᠯ᠎ᠠ᠃ 5 ᠡᠢᠮᠦ ᠡᠴᠡ ᠶᠣᠬᠣᠸᠠ ᠶᠢᠨ 〈ᠴᠢᠨᠦ ᠣᠷᠣᠨ ᠳᠤ ᠴᠢᠨᠦ ᠰᠡᠨᠲᠢ ᠳᠤ ᠮᠢᠨᠦ ᠲᠠᠯᠪᠢᠬᠤ ᠬᠦᠦ ᠴᠢᠨᠢ ᠮᠢᠨᠦ ᠨᠡᠷ᠎ᠡ ᠳᠦ ᠵᠣᠷᠢᠭᠤᠯᠤᠨ ᠥᠷᠭᠥᠭᠡ ᠪᠠᠷᠢᠬᠤ ᠪᠣᠯᠣᠨ᠎ᠠ〉 ᠭᠡᠵᠦ ᠮᠢᠨᠦ ᠠᠪᠤ ᠳ᠋ᠠᠸᠢᠳ᠋ ᠲᠤ ᠠᠢᠯᠠᠳᠤᠭᠰᠠᠨ ᠶᠣᠰᠣᠭᠠᠷ ᠪᠢ ᠪᠤᠷᠬᠠᠨ ᠶᠣᠬᠣᠸᠠ ᠶᠢᠨ ᠢᠶᠠᠨ ᠨᠡᠷ᠎ᠡ ᠳᠦ ᠵᠣᠷᠢᠭᠤᠯᠤᠨ ᠥᠷᠭᠥᠭᠡ ᠪᠠᠷᠢᠬᠤ ᠭᠡᠵᠦ ᠪᠠᠢᠨ᠎ᠠ᠃ 6 ᠲᠡᠢᠮᠦ ᠡᠴᠡ ᠲᠠ ᠯᠧᠪᠠᠨᠣᠨ ᠤ ᠬᠤᠱᠢ ᠮᠣᠳᠣᠨ ᠠᠴᠠ ᠳᠠᠭᠠᠷᠢᠬᠤ ᠵᠠᠷᠯᠢᠭ ᠪᠠᠭᠤᠯᠭᠠᠵᠤ ᠬᠠᠢᠷᠠᠯᠠᠨ᠎ᠠ ᠤᠤ︖ ᠪᠢ ᠵᠠᠷᠤᠴᠠ ᠨᠠᠷ ᠢᠶᠠᠨ ᠲᠠᠨ ᠤ ᠵᠠᠷᠤᠴᠠ ᠨᠠᠷ ᠲᠠᠢ ᠬᠠᠮᠲᠤ ᠠᠵᠢᠯᠯᠠᠭᠤᠯᠬᠤ ᠪᠥᠭᠡᠳ ᠲᠠᠨ ᠤ ᠵᠠᠷᠤᠴᠠ ᠨᠠᠷ ᠲᠤ ᠥᠭᠬᠦ ᠬᠥᠯᠥᠰᠥ ᠶᠢ ᠬᠠᠭᠠᠨ ᠲᠠᠨ ᠤ ᠬᠡᠯᠡᠭᠰᠡᠨ ᠢᠶᠡᠷ ᠲᠥᠯᠥᠶ᠎ᠡ᠃ ᠰᠢᠢᠳᠣᠨᠴᠤᠳ ᠰᠢᠭ᠋ ᠮᠣᠳᠣ ᠣᠭᠲᠣᠯᠬᠤ ᠮᠡᠷᠭᠡᠵᠢᠯ ᠲᠠᠢ ᠬᠥᠮᠦᠰ ᠮᠠᠨ ᠤ ᠡ᠊ᠨᠳᠡ ᠪᠠᠢᠬᠤ ᠦᠭᠡᠢ ᠭᠡᠳᠡᠭ ᠢ ᠲᠠ ᠮᠡᠳᠡᠨ᠎ᠡ》 ᠭᠡᠪᠡ᠃

7 ᠾᠢᠷᠠᠮ ᠰᠣᠯᠣᠮᠣᠨ ᠤ ᠦᠭᠡ ᠶᠢ ᠰᠣᠨᠣᠰᠣᠭᠠᠳ ᠮᠠᠰᠢᠳᠠ ᠪᠠᠶᠠᠷᠯᠠᠨ᠄ 《ᠲᠡᠢᠮᠦ ᠣᠯᠠᠨ ᠠᠷᠠᠳ ᠲᠦᠮᠡᠨ ᠢ ᠵᠠᠬᠢᠷᠬᠤ ᠮᠡᠷᠭᠡᠨ ᠬᠦᠦ ᠶᠢ ᠳ᠋ᠠᠸᠢᠳ᠋ ᠲᠤ ᠵᠠᠶᠠᠭᠠᠭᠰᠠᠨ ᠶᠣᠬᠣᠸᠠ ᠥᠨᠥᠳᠥᠷ ᠮᠠᠭᠲᠠᠭᠳᠠᠬᠤ ᠪᠣᠯᠲᠤᠭᠠᠢ》 ᠭᠡᠳ 8 ᠰᠣᠯᠣᠮᠣᠨ ᠳᠤ ᠦᠭᠡ ᠢᠯᠡᠭᠡᠨ᠄ 《ᠨᠠᠳᠠ ᠳᠤ ᠢᠯᠡᠭᠡᠭᠰᠡᠨ ᠦᠭᠡ ᠶᠢ ᠲᠠᠨᠢ ᠪᠢ ᠰᠣᠨᠣᠰᠣᠯ᠎ᠠ᠃ ᠬᠤᠱᠢ ᠡᠴᠡ ᠭᠠᠳᠠᠨ᠎ᠠ ᠨᠠᠷᠠᠰᠤᠨ ᠮᠣᠳᠣ ᠶᠢ ᠴᠤ ᠲᠠᠨ ᠤ ᠬᠦᠰᠡᠭᠰᠡᠨ ᠶᠣᠰᠣᠭᠠᠷ ᠪᠡᠯᠡᠳᠬᠡᠵᠦ ᠥᠭᠭᠥᠶ᠎ᠡ᠃ 9 ᠮᠢᠨᠦ ᠵᠠᠷᠤᠴᠠ ᠨᠠᠷ ᠲᠡᠳᠡᠭᠡᠷ ᠢ ᠯᠧᠪᠠᠨᠣᠨ ᠠᠴᠠ ᠲᠠᠩᠭᠢᠰ ᠤᠷᠤᠭᠤ ᠪᠠᠭᠤᠯᠭᠠᠨ ᠠᠪᠴᠢᠷᠠᠪᠠᠯ᠂ ᠪᠢ ᠰᠠᠯ ᠤᠶᠠᠵᠤ ᠲᠠᠩᠭᠢᠰ ᠢᠶᠠᠷ ᠲᠠᠨ ᠤ ᠲᠣᠭᠲᠠᠭᠠᠬᠤ ᠭᠠᠵᠠᠷ ᠤᠷᠤᠭᠤ ᠬᠥᠪᠪᠥᠭᠦᠯᠦᠨ ᠬᠦᠷᠭᠡᠭᠦᠯᠦᠶ᠎ᠡ᠃ ᠲᠡᠨᠳᠡ ᠪᠢ ᠰᠠᠯ ᠢᠶᠠᠨ ᠵᠠᠳᠠᠯᠪᠠᠯ ᠲᠠ ᠬᠦᠯᠢᠶᠡᠨ ᠠᠪᠤᠭᠠᠷᠠᠢ᠃ ᠲᠠ ᠮᠢᠨᠦ ᠭᠡᠷ ᠦᠨ ᠬᠢᠨ ᠳᠤ ᠬᠦᠨᠡᠰᠦ ᠪᠡᠯᠡᠳᠬᠡᠪᠡᠯ ᠪᠢ ᠪᠠᠶᠠᠷᠯᠠᠬᠤ ᠪᠣᠯᠣᠨ᠎ᠠ》 ᠭᠡᠪᠡ᠃ 10 ᠲᠡᠢᠨ ᠬᠦ ᠾᠢᠷᠠᠮ ᠰᠣᠯᠣᠮᠣᠨ ᠤ ᠬᠦᠰᠡᠭᠰᠡᠨ ᠢᠶᠡᠷ ᠬᠤᠱᠢ ᠪᠣᠯᠣᠨ ᠨᠠᠷᠠᠰᠤᠨ ᠮᠣᠳᠣ ᠥᠭᠴᠦ ᠪᠠᠢᠬᠤ ᠳᠤ᠂ 11 ᠰᠣᠯᠣᠮᠣᠨ ᠾᠢᠷᠠᠮ ᠤᠨ ᠭᠡᠷ ᠦᠨ ᠬᠢᠨ ᠤ ᠬᠡᠷᠡᠭᠯᠡᠬᠦ ᠬᠦᠨᠡᠰᠦ ᠪᠣᠯᠭᠠᠨ ᠭᠤᠯᠢᠷ ᠢ ᠬᠣᠶᠠᠷ ᠲᠦᠮᠡᠨ ᠺᠣᠷ 6 ᠂ ᠴᠢᠳᠦᠨ ᠡᠴᠡ ᠰᠢᠬᠠᠭᠰᠠᠨ ᠲᠣᠰᠣ ᠶᠢ ᠬᠣᠷᠢᠨ ᠺᠣᠷ 7 ᠥᠭᠪᠡ᠃ ᠰᠣᠯᠣᠮᠣᠨ ᠵᠢᠯ ᠪᠦᠷᠢ ᠾᠢᠷᠠᠮ ᠳᠤ ᠡᠢᠨ ᠬᠦ ᠥᠭᠳᠡᠭ ᠪᠠᠢᠪᠠ᠃ 12 ᠶᠣᠬᠣᠸᠠ ᠠᠮᠠᠯᠠᠭᠰᠠᠨ ᠶᠣᠰᠣᠭᠠᠷ ᠢᠶᠠᠨ ᠰᠣᠯᠣᠮᠣᠨ ᠳᠤ ᠮᠡᠷᠭᠡᠨ ᠤᠬᠠᠭᠠᠨ ᠰᠣᠶᠣᠷᠬᠠᠪᠠ᠃ ᠾᠢᠷᠠᠮ ᠰᠣᠯᠣᠮᠣᠨ ᠬᠣᠶᠠᠷ ᠤᠨ ᠬᠣᠭᠣᠷᠣᠨᠳᠣ ᠡᠩᠬᠡ ᠲᠠᠢᠪᠤᠩ ᠪᠠᠢᠭᠰᠠᠨ ᠪᠠ ᠲᠡᠷᠡ ᠬᠣᠶᠠᠷ ᠭᠡᠷ᠎ᠡ ᠪᠠᠢᠭᠤᠯᠤᠭᠰᠠᠨ ᠪᠠᠢᠯ᠎ᠠ᠃

13 ᠰᠣᠯᠣᠮᠣᠨ ᠬᠠᠭᠠᠨ ᠪᠦᠬᠦ ᠢᠰᠷᠧᠯ ᠡᠴᠡ ᠭᠤᠷᠪᠠᠨ ᠲᠦᠮᠡᠨ ᠠᠵᠢᠯᠴᠢᠨ ᠡᠯᠰᠡᠵᠦ᠂ 14 ᠯᠧᠪᠠᠨᠣᠨ ᠤᠷᠤᠭᠤ ᠢᠯᠡᠭᠡᠪᠡ᠃ ᠲᠡᠳᠡ ᠲᠦᠮᠡ ᠲᠦᠮᠡᠨ ᠬᠥᠮᠦᠨ ᠢᠶᠡᠷ᠂ ᠰᠠᠷ᠎ᠠ ᠰᠠᠷ᠎ᠠ ᠪᠠᠷ ᠡᠬᠡᠯᠵᠢᠯᠡᠵᠦ ᠯᠧᠪᠠᠨᠣᠨ ᠳᠤ ᠨᠢᠭᠡ ᠰᠠᠷ᠎ᠠ᠂ ᠭᠡᠷ ᠲᠡᠭᠡᠨ ᠬᠣᠶᠠᠷ ᠰᠠᠷ᠎ᠠ ᠪᠠᠢᠳᠠᠭ ᠪᠥᠭᠡᠳ ᠠᠵᠢᠯᠴᠢᠳ ᠤᠨ ᠬᠢᠨᠠᠭᠴᠢ ᠨᠢ ᠠᠳᠣᠨᠢᠷᠠᠮ ᠪᠠᠢᠯ᠎ᠠ᠃ 15 ᠰᠣᠯᠣᠮᠣᠨ ᠳᠤ ᠠᠴᠢᠶ᠎ᠠ ᠵᠥᠭᠡᠭᠡᠳᠡᠭ ᠳᠣᠯᠣᠭᠠᠨ ᠲᠦᠮᠡᠨ ᠬᠥᠮᠦᠨ᠂ ᠮᠥᠨ ᠠᠭᠤᠯᠠᠨ ᠳᠤ ᠴᠢᠯᠠᠭᠤ ᠴᠠᠪᠴᠢᠳᠠᠭ ᠨᠠᠢ᠌ᠮᠠᠨ ᠲᠦᠮᠡᠨ ᠬᠥᠮᠦᠨ ᠡᠴᠡ ᠭᠠᠳᠠᠨ᠎ᠠ 16 ᠠᠵᠢᠯ ᠢ ᠬᠢᠨᠠᠵᠤ᠂ ᠠᠵᠢᠯᠴᠢᠳ ᠢ ᠵᠠᠬᠢᠷᠳᠠᠭ ᠭᠤᠷᠪᠠᠨ ᠮᠢᠩ᠋ᠭ᠎ᠠ ᠭᠤᠷᠪᠠᠨ ᠵᠠᠭᠤᠨ ᠳᠠᠭᠠᠭᠠᠮᠠᠯ ᠪᠠᠢᠪᠠ᠃ 17 ᠲᠣᠮᠣ ᠦᠨᠡᠲᠦ ᠴᠢᠯᠠᠭᠤ ᠨᠤᠭᠤᠳ ᠢ ᠠᠪᠴᠢᠷᠠᠵᠤ ᠵᠠᠰᠠᠭᠠᠳ᠂ ᠡᠳᠡᠭᠡᠷ ᠢᠶᠡᠷ ᠥᠷᠭᠥᠭᠡᠨ ᠦ ᠰᠠᠭᠤᠷᠢ ᠶᠢ ᠲᠠᠯᠪᠢᠬᠤ ᠶᠢ ᠬᠠᠭᠠᠨ ᠲᠤᠰᠢᠶᠠᠭᠰᠠᠨ ᠳᠤ᠂ 18 ᠰᠣᠯᠣᠮᠣᠨ ᠤ ᠪᠠᠷᠢᠯᠭᠠᠴᠢᠳ᠂ ᠾᠢᠷᠠᠮ ᠤᠨ ᠪᠠᠷᠢᠯᠭᠠᠴᠢᠳ ᠪᠣᠯᠣᠨ ᠭᠧᠪᠠᠯᠴᠤᠳ ᠲᠡᠳᠡᠭᠡᠷ ᠴᠢᠯᠠᠭᠤ ᠶᠢ ᠵᠠᠰᠠᠭᠰᠠᠨ ᠪᠥᠭᠡᠳ ᠥᠷᠭᠥᠭᠡ ᠪᠠᠷᠢᠬᠤ ᠳᠤ ᠬᠡᠷᠡᠭᠯᠡᠬᠦ ᠮᠣᠳᠣ ᠪᠠ ᠴᠢᠯᠠᠭᠤ ᠨᠤᠭᠤᠳ ᠢ ᠴᠤ ᠪᠡᠯᠡᠳᠴᠡᠢ᠃