ᠬᠠᠭᠠᠳ ᠤᠨ ᠳᠡᠭᠡᠳᠦ ᠭᠤᠷᠪᠠ
ᠰᠣᠯᠣᠮᠣᠨ ᠮᠡᠷᠭᠡᠨ ᠤᠬᠠᠭᠠᠨ ᠭᠤᠶᠤᠪᠠ
1 ᠰᠣᠯᠣᠮᠣᠨ ᠶᠧᠵᠢᠫᠲ ᠤᠨ ᠬᠠᠭᠠᠨ ᠹᠠᠷᠠᠣ᠋ ᠲᠠᠢ ᠨᠠᠢᠷᠠᠮᠳᠠᠵᠤ᠂ ᠲᠡᠭᠦᠨ ᠦ ᠥᠬᠢᠨ ᠢ ᠪᠠᠭᠤᠯᠭᠠᠨ ᠠᠪᠤᠪᠠ᠃ ᠰᠣᠯᠣᠮᠣᠨ ᠲᠡᠭᠦᠨ ᠢ ᠳ᠋ᠠᠸᠢᠳ᠋ ᠤᠨ ᠬᠣᠲᠠ ᠳᠤ ᠰᠠᠭᠤᠯᠭᠠᠭᠰᠠᠨ ᠪᠥᠭᠡᠳ ᠥᠪᠡᠷ ᠦᠨ ᠣᠷᠳᠣᠨ᠂ ᠶᠣᠬᠣᠸᠠ ᠶᠢᠨ ᠥᠷᠭᠥᠭᠡ ᠪᠣᠯᠣᠨ ᠶᠧᠷᠦ᠋ᠰᠠᠯᠧᠮ ᠬᠣᠲᠠ ᠶᠢᠨ ᠬᠡᠷᠡᠮ ᠢ ᠪᠠᠷᠢᠵᠤ ᠳᠠᠭᠤᠰᠬᠠᠲᠠᠯᠠ ᠲᠡᠭᠦᠨ ᠢ ᠲᠡᠨᠳᠡ ᠪᠠᠢᠯᠭᠠᠪᠠ᠃ 2 ᠲᠡᠷᠡ ᠡᠳᠦᠷ ᠪᠣᠯᠲᠠᠯ᠎ᠠ ᠶᠣᠬᠣᠸᠠ ᠶᠢᠨ ᠨᠡᠷ᠎ᠡ ᠳᠦ ᠵᠣᠷᠢᠭᠤᠯᠤᠨ ᠪᠣᠰᠬᠠᠭᠰᠠᠨ ᠥᠷᠭᠥᠭᠡ ᠪᠠᠢᠭ᠎ᠠ ᠦᠭᠡᠢ ᠤᠴᠢᠷ ᠠᠴᠠ ᠠᠷᠠᠳ ᠲᠦᠮᠡᠨ ᠮᠥᠷᠭᠥᠯ ᠦᠨ ᠮᠠᠨᠳᠠᠯ ᠤᠳ ᠳᠡᠭᠡᠷ᠎ᠡ ᠲᠠᠬᠢᠯ ᠡᠷᠭᠦᠭᠰᠡᠭᠡᠷ ᠪᠠᠢᠵᠠᠢ᠃
3 ᠰᠣᠯᠣᠮᠣᠨ ᠶᠣᠬᠣᠸᠠ ᠶᠢ ᠬᠠᠢᠷᠠᠯᠠᠨ᠂ ᠡᠴᠢᠭᠡ ᠳ᠋ᠠᠸᠢᠳ᠋ ᠤᠨ ᠢᠶᠠᠨ ᠲᠣᠭᠲᠠᠭᠠᠯ ᠤᠳ ᠢ ᠳᠠᠭᠠᠭᠰᠠᠨ ᠪᠣᠯᠪᠠᠴᠤ ᠮᠥᠷᠭᠥᠯ ᠦᠨ ᠮᠠᠨᠳᠠᠯ ᠳᠡᠭᠡᠷ᠎ᠡ ᠲᠠᠬᠢᠯ ᠡᠷᠭᠦᠵᠦ ᠤᠲᠤᠯᠭ᠎ᠠ ᠤᠭᠤᠭᠢᠭᠤᠯᠳᠠᠭ ᠪᠠᠢᠵᠠᠢ᠃ 4 ᠭᠢᠪᠧᠶᠣᠨ ᠳᠠᠬᠢ ᠮᠥᠷᠭᠥᠯ ᠦᠨ ᠮᠠᠨᠳᠠᠯ ᠨᠢ ᠮᠠᠰᠢ ᠲᠣᠮᠣ ᠪᠠᠢᠭᠰᠠᠨ ᠤᠴᠢᠷ ᠠᠴᠠ ᠬᠠᠭᠠᠨ ᠲᠠᠬᠢᠯ ᠡᠷᠭᠦᠬᠦ ᠪᠡᠷ ᠲᠡᠨᠳᠡ ᠣᠴᠢᠵᠠᠢ᠃ ᠰᠣᠯᠣᠮᠣᠨ ᠲᠡᠷᠡ ᠲᠠᠬᠢᠯ ᠤᠨ ᠰᠢᠷᠡᠭᠡᠨ ᠳᠡᠭᠡᠷ᠎ᠡ ᠮᠢᠩ᠋ᠭᠠᠨ ᠰᠢᠲᠠᠭᠠᠯᠭᠠᠲᠤ ᠲᠠᠬᠢᠯ ᠡᠷᠭᠦᠵᠦ ᠪᠠᠢᠪᠠ᠃ 5 ᠲᠡᠢᠨ ᠬᠦ ᠭᠢᠪᠧᠶᠣᠨ ᠳᠤ ᠪᠠᠢᠬᠤ ᠳᠤᠨᠢ ᠶᠣᠬᠣᠸᠠ ᠨᠢᠭᠡᠨ ᠰᠥᠨᠢ ᠰᠣᠯᠣᠮᠣᠨ ᠤ ᠵᠡᠭᠦᠳᠦᠨ ᠳᠦ ᠦᠵᠡᠭᠳᠡᠪᠡ᠃ ᠪᠤᠷᠬᠠᠨ᠄ 《ᠴᠢ ᠨᠠᠳᠠ ᠠᠴᠠ ᠶᠠᠭᠤ ᠠᠪᠬᠤ ᠪᠤᠢ︖ ᠲᠡᠭᠦᠨ ᠢ ᠪᠠᠨ ᠭᠤᠶᠤ》 ᠭᠡᠵᠦ ᠠᠢᠯᠠᠳᠬᠤ ᠳᠤ᠂ 6 ᠰᠣᠯᠣᠮᠣᠨ᠄ 《ᠲᠠᠨ ᠤ ᠵᠠᠷᠤᠴᠠ᠂ ᠮᠢᠨᠦ ᠡᠴᠢᠭᠡ ᠳ᠋ᠠᠸᠢᠳ᠋ ᠲᠠᠨ ᠤ ᠡᠮᠦᠨ᠎ᠡ ᠦᠨᠡᠨᠴᠢ ᠪᠠᠢᠵᠤ᠂ ᠵᠥᠪ ᠰᠢᠳᠤᠷᠭᠤ ᠰᠡᠳᠬᠢᠯ ᠢᠶᠠᠷ ᠲᠠᠨ ᠲᠠᠢ ᠬᠠᠮᠲᠤ ᠠᠯᠬᠤᠬᠤ ᠳᠤ᠂ ᠲᠠ ᠠᠭᠤᠤ ᠬᠠᠢᠷ᠎ᠠ ᠡᠨᠡᠷᠢᠯ ᠢᠶᠠᠨ ᠲᠡᠭᠦᠨ ᠳᠦ ᠬᠦᠷᠲᠡᠭᠡᠭᠰᠡᠨ ᠪᠥᠭᠡᠳ ᠡᠨᠡ ᠠᠭᠤᠤ ᠬᠠᠢᠷ᠎ᠠ ᠡᠨᠡᠷᠢᠯ ᠢᠶᠠᠨ ᠪᠠᠢᠯᠭᠠᠭᠰᠠᠭᠠᠷ᠂ ᠲᠡᠭᠦᠨ ᠳᠦ ᠥᠭᠭᠥᠭᠰᠡᠨ ᠬᠦᠦ ᠨᠠᠮᠠᠶᠢ ᠥᠨᠥᠳᠥᠷ ᠲᠡᠭᠦᠨ ᠦ ᠰᠡᠨᠲᠢ ᠳᠤ ᠰᠠᠭᠤᠯᠭᠠᠭᠰᠠᠨ ᠶᠤᠮ᠃ 7 ᠶᠣᠬᠣᠸᠠ ᠪᠤᠷᠬᠠᠨ ᠮᠢᠨᠢ ᠡ᠂ ᠡᠳᠦᠭᠡ ᠲᠠ ᠵᠠᠷᠤᠴᠠ ᠨᠠᠮ᠎ᠠ ᠪᠠᠨ ᠡᠴᠢᠭᠡ ᠳ᠋ᠠᠸᠢᠳ᠋ ᠤᠨ ᠮᠢᠨᠢ ᠣᠷᠣᠨ ᠳᠤ ᠬᠠᠭᠠᠨ ᠪᠣᠯᠭᠠᠭᠰᠠᠨ ᠪᠣᠯᠪᠠᠴᠤ ᠪᠢ ᠵᠠᠯᠠᠭᠤ ᠪᠠᠭ᠎ᠠ ᠪᠣᠯᠬᠣᠷ ᠬᠡᠷᠬᠢᠨ ᠣᠷᠣᠵᠤ ᠭᠠᠷᠬᠤ ᠪᠠᠨ ᠴᠤ ᠮᠡᠳᠡᠬᠦ ᠦᠭᠡᠢ ᠪᠢᠯᠡ᠃ 8 ᠲᠠᠨ ᠤ ᠵᠠᠷᠤᠴᠠ ᠪᠢ ᠲᠠᠨ ᠤ ᠰᠣᠩ᠋ᠭᠣᠭᠰᠠᠨ᠂ ᠲᠣᠭᠠᠯᠠᠵᠤ ᠪᠦᠷᠢᠳᠬᠡᠰᠢ ᠦᠭᠡᠢ ᠶᠡᠬᠡ ᠠᠷᠠᠳ ᠲᠦᠮᠡᠨ ᠦ ᠭᠣᠣᠯ ᠳᠤᠮᠳᠠ ᠪᠠᠢᠨ᠎ᠠ᠂ 9 ᠠᠷᠠᠳ ᠲᠦᠮᠡᠨ ᠢ ᠵᠠᠬᠢᠷᠬᠤ ᠳᠠᠭᠠᠨ ᠰᠠᠢᠨ ᠮᠠᠭᠤ ᠶᠢ ᠢᠯᠭᠠᠬᠤ ᠬᠡᠷᠡᠭ ᠲᠡᠢ ᠤᠴᠢᠷ ᠠᠴᠠ ᠣᠢᠯᠠᠭᠠᠬᠤ 1 ᠤᠬᠠᠭᠠᠨ ᠢ ᠵᠠᠷᠤᠴᠠ ᠨᠠᠳᠠ ᠳᠠᠭᠠᠨ ᠰᠣᠶᠣᠷᠬᠠᠭᠠᠴᠢ᠃ ᠡᠰᠡ ᠪᠥᠭᠡᠰᠦ ᠲᠠᠨ ᠤ ᠡᠢᠮᠦ ᠠᠭᠤᠤ ᠠᠷᠠᠳ ᠲᠦᠮᠡᠨ ᠢ ᠬᠡᠨ ᠵᠠᠬᠢᠷᠴᠤ 2 ᠴᠢᠳᠠᠬᠤ ᠪᠢᠯᠡ︖》 ᠭᠡᠪᠡ᠃
10 ᠰᠣᠯᠣᠮᠣᠨ ᠤ ᠡᠨᠡ ᠬᠦ ᠭᠤᠶᠤᠯᠲᠠ ᠶᠣᠬᠣᠸᠠ ᠶᠢᠨ ᠲᠠᠭᠠᠯᠠᠯ ᠢ ᠣᠯᠪᠠ᠃ 11 ᠲᠡᠢᠮᠦ ᠡᠴᠡ ᠪᠤᠷᠬᠠᠨ ᠲᠡᠭᠦᠨ ᠳᠦ ᠠᠢᠯᠠᠳᠤᠨ᠄ 《ᠴᠢ ᠥᠪᠡᠷ ᠦᠨ ᠢᠶᠠᠨ ᠲᠥᠯᠥᠭᠡ ᠤᠷᠲᠤ ᠨᠠᠰᠤ ᠪᠤᠶᠤ ᠡᠳ᠋ ᠪᠠᠶᠠᠯᠢᠭ᠂ ᠡᠰᠡᠪᠡᠯ ᠳᠠᠢᠰᠤᠨ ᠨᠤᠭᠤᠳ ᠤᠨ ᠢᠶᠠᠨ ᠠᠮᠢ ᠶᠢ ᠠᠪᠬᠤ ᠶᠢ ᠭᠤᠶᠤᠯ ᠦᠭᠡᠢ᠂ ᠬᠠᠷᠢᠨ ᠰᠢᠳᠤᠷᠭᠤ ᠶᠣᠰᠣ ᠶᠢ ᠣᠢᠯᠠᠭᠠᠬᠤ ᠣᠢᠯᠠᠭᠠᠯᠲᠠ ᠶᠢ ᠭᠤᠶᠤᠭᠰᠠᠨ ᠪᠠᠢᠨ᠎ᠠ᠃ 12 ᠬᠠᠷᠠᠭᠲᠤᠨ᠂ ᠪᠢ ᠬᠡᠯᠡᠭᠰᠡᠨ ᠶᠣᠰᠣᠭᠠᠷ ᠴᠢᠨᠢ ᠪᠡᠶᠡᠯᠡᠭᠦᠯᠦᠶ᠎ᠡ᠃ ᠬᠠᠷᠠᠭᠲᠤᠨ᠂ ᠪᠢ ᠴᠢᠮ᠎ᠠ ᠳᠤ ᠮᠡᠷᠭᠡᠨ ᠤᠬᠠᠭᠠᠨ ᠬᠢᠭᠡᠳ ᠣᠢᠯᠠᠭᠠᠯᠲᠠ ᠶᠢ ᠥᠭᠭᠥᠶ᠎ᠡ︕ ᠴᠢᠮ᠎ᠠ ᠲᠠᠢ ᠠᠳᠠᠯᠢ ᠬᠥᠮᠦᠨ ᠤᠷᠢᠳᠤ ᠨᠢ ᠪᠠᠢᠭᠰᠠᠨ ᠦᠭᠡᠢ᠂ ᠳᠠᠷᠠᠭ᠎ᠠ ᠨᠢ ᠴᠤ ᠭᠠᠷᠬᠤ ᠦᠭᠡᠢ᠃ 13 ᠡᠭᠦᠨ ᠡᠴᠡ ᠭᠠᠳᠠᠨ᠎ᠠ ᠪᠢ ᠴᠢᠨᠦ ᠭᠤᠶᠤᠭ᠎ᠠ ᠦᠭᠡᠢ ᠡᠳ᠋ ᠪᠠᠶᠠᠯᠢᠭ ᠪᠣᠯᠣᠨ ᠠᠯᠳᠠᠷ ᠬᠦᠨᠳᠦ ᠶᠢ ᠴᠤ ᠴᠢᠮ᠎ᠠ ᠳᠤ ᠥᠭᠭᠥᠶ᠎ᠡ᠃ ᠴᠢᠨᠦ ᠠᠮᠢᠳᠤᠷᠠᠯ ᠤᠨ ᠪᠦᠬᠦ ᠡᠳᠦᠷ ᠤᠳ ᠲᠤ ᠴᠢᠮ᠎ᠠ ᠲᠠᠢ ᠠᠳᠠᠯᠢ ᠬᠠᠭᠠᠨ ᠪᠠᠢᠬᠤ ᠦᠭᠡᠢ ᠪᠣᠯᠣᠨ᠎ᠠ᠃ 14 ᠬᠡᠷᠪᠡ ᠴᠢ ᠡᠴᠢᠭᠡ ᠳ᠋ᠠᠸᠢᠳ᠋ ᠤᠨ ᠢᠶᠠᠨ ᠠᠯᠬᠤᠭᠰᠠᠨ ᠰᠢᠭ᠋ ᠮᠢᠨᠦ ᠲᠣᠭᠲᠠᠭᠠᠯ᠂ ᠲᠤᠰᠢᠶᠠᠯ ᠤᠳ ᠢ ᠰᠠᠬᠢᠨ᠂ ᠮᠢᠨᠦ ᠵᠠᠮ ᠢᠶᠠᠷ ᠠᠯᠬᠤᠪᠠᠯ᠂ ᠪᠢ ᠴᠢᠨᠦ ᠠᠮᠢ ᠠᠮᠢᠳᠤᠷᠠᠯ ᠢ ᠴᠤ ᠤᠷᠲᠤᠰᠬᠠᠬᠤ ᠪᠣᠯᠣᠨ᠎ᠠ》 ᠭᠡᠯᠡ᠃
15 ᠲᠡᠭᠡᠭᠡᠳ ᠰᠣᠯᠣᠮᠣᠨ ᠰᠡᠷᠢᠭᠡᠳ ᠦᠵᠡᠬᠦ ᠳᠦ᠂ ᠡᠨᠡ ᠨᠢ ᠵᠡᠭᠦᠳᠦ ᠪᠠᠢᠯ᠎ᠠ᠃ ᠲᠡᠷᠡ ᠶᠧᠷᠦ᠋ᠰᠠᠯᠧᠮ ᠳᠤ ᠪᠤᠴᠠᠭᠰᠠᠨ ᠤ ᠪᠠᠨ ᠳᠠᠷᠠᠭ᠎ᠠ᠂ ᠶᠣᠬᠣᠸᠠ ᠶᠢᠨ ᠭᠡᠷ᠎ᠡ ᠶᠢᠨ ᠠᠪᠳᠠᠷ᠎ᠠ ᠶᠢᠨ ᠡᠮᠦᠨ᠎ᠡ ᠵᠣᠭᠰᠣᠵᠤ᠂ ᠰᠢᠲᠠᠭᠠᠯᠭᠠᠲᠤ ᠲᠠᠬᠢᠯ ᠤᠳ ᠪᠣᠯᠣᠨ ᠡᠪ ᠦᠨ ᠲᠠᠬᠢᠯ ᠤᠳ ᠢ ᠡᠷᠭᠦᠭᠡᠳ᠂ ᠪᠦᠬᠦ ᠵᠠᠷᠤᠴᠠ ᠨᠠᠷ ᠲᠠᠭᠠᠨ ᠵᠣᠷᠢᠭᠤᠯᠤᠨ ᠨᠠᠢᠷ ᠬᠢᠭᠰᠡᠨ ᠪᠠᠢᠯ᠎ᠠ᠃
ᠮᠡᠷᠭᠡᠨ ᠰᠢᠭᠦᠯᠲᠡ
16 ᠡᠭᠦᠨ ᠦ ᠳᠠᠷᠠᠭ᠎ᠠ᠂ ᠬᠣᠶᠠᠷ ᠶᠠᠩ᠋ᠬᠠᠨ ᠡᠮᠡᠭᠲᠡᠢ ᠬᠠᠭᠠᠨ ᠤᠷᠤᠭᠤ ᠢᠷᠡᠵᠦ᠂ ᠲᠡᠭᠦᠨ ᠦ ᠡᠮᠦᠨ᠎ᠡ ᠵᠣᠭᠰᠣᠪᠠ᠃ 17 ᠨᠢᠭᠡ ᠡᠮᠡᠭᠲᠡᠢ ᠨᠢ᠄ 《ᠡᠵᠡᠨ ᠮᠢᠨᠢ᠂ ᠡᠨᠡ ᠡᠮᠡᠭᠲᠡᠢ ᠪᠢᠳᠡ ᠬᠣᠶᠠᠷ ᠨᠢᠭᠡ ᠭᠡᠷ ᠲᠦ ᠠᠮᠢᠳᠤᠷᠠᠳᠠᠭ ᠶᠤᠮ᠃ ᠡᠨᠡ ᠡᠮᠡᠭᠲᠡᠢ ᠨᠠᠳᠠ ᠲᠠᠢ ᠬᠠᠮᠲᠤ ᠭᠡᠷ ᠲᠦ ᠪᠠᠢᠬᠤ ᠳᠤ ᠪᠢ ᠬᠡᠦᠬᠡᠳ ᠲᠥᠷᠥᠭᠦᠯᠦᠭᠰᠡᠨ ᠪᠢᠯᠡ᠃ 18 ᠨᠠᠮᠠᠶᠢ ᠬᠡᠦᠬᠡᠳ ᠲᠥᠷᠥᠭᠦᠯᠦᠭᠰᠡᠨ ᠡᠴᠡ ᠬᠣᠢᠰᠢ ᠭᠤᠷᠪᠠᠨ ᠡᠳᠦᠷ ᠦᠨ ᠳᠠᠷᠠᠭ᠎ᠠ ᠡᠨᠡ ᠡᠮᠡᠭᠲᠡᠢ ᠪᠠᠰᠠ ᠬᠡᠦᠬᠡᠳ ᠲᠥᠷᠥᠭᠦᠯᠵᠡᠢ᠃ ᠪᠢᠳᠡ ᠬᠠᠮᠲᠤ ᠪᠠᠢᠭᠰᠠᠨ ᠪᠥᠭᠡᠳ ᠭᠡᠷ ᠲᠦ ᠪᠢᠳᠡᠨ ᠡᠴᠡ ᠥᠭᠡᠷ᠎ᠡ ᠭᠠᠳᠠᠨ᠎ᠠ ᠶᠢᠨ ᠬᠥᠮᠦᠨ ᠪᠠᠢᠭᠰᠠᠨ ᠦᠭᠡᠢ᠂ ᠵᠥᠪᠬᠡᠨ ᠪᠢᠳᠡ ᠬᠣᠶᠠᠷ ᠯᠠ ᠭᠡᠷ ᠲᠦ ᠪᠠᠢᠵᠤ ᠪᠠᠢᠬᠤ ᠳᠤ᠂ 19 ᠡᠨᠡ ᠡᠮᠡᠭᠲᠡᠢ ᠤᠨᠲᠠᠵᠤ ᠪᠠᠢᠭᠠᠳ ᠬᠡᠦᠬᠡᠳ ᠢᠶᠡᠨ ᠳᠠᠷᠤᠭᠰᠠᠨ ᠢᠶᠠᠷ ᠬᠦᠦ ᠨᠢ ᠲᠡᠷᠡ ᠰᠥᠨᠢ ᠥᠩᠭᠡᠷᠡᠭᠰᠡᠨ ᠪᠢᠯᠡ᠃ 20 ᠲᠡᠭᠡᠭᠡᠳ ᠡᠨᠡ ᠡᠮᠡᠭᠲᠡᠢ ᠰᠥᠨᠢ ᠳᠤᠮᠳᠠ ᠪᠣᠰᠴᠤ᠂ ᠲᠠᠨ ᠤ ᠰᠢᠪᠡᠭᠴᠢᠨ ᠨᠠᠮᠠᠶᠢ ᠤᠨᠲᠠᠵᠤ ᠪᠠᠢᠬᠤ ᠳᠤ ᠮᠢᠨᠦ ᠬᠠᠵᠠᠭᠤ ᠠᠴᠠ ᠬᠦᠦ ᠶᠢ ᠮᠢᠨᠢ ᠠᠪᠤᠭᠠᠳ ᠥᠪᠡᠷ ᠦᠨ ᠢᠶᠠᠨ ᠡᠪᠦᠷ ᠲᠦ ᠬᠢᠵᠦ᠂ ᠥᠪᠡᠷ ᠦᠨ ᠢᠶᠠᠨ ᠦᠬᠦᠭᠰᠡᠨ ᠬᠡᠦᠬᠡᠳ ᠢ ᠮᠢᠨᠦ ᠡᠪᠦᠷ ᠲᠦ ᠬᠢᠭᠰᠡᠨ ᠪᠠᠢᠯ᠎ᠠ᠃ 21 ᠥᠷᠯᠥᠭᠡ ᠪᠢ ᠬᠦᠦ ᠪᠡᠨ ᠬᠥᠬᠥᠭᠦᠯᠬᠦ ᠭᠡᠵᠦ ᠪᠣᠰᠣᠭᠠᠳ ᠬᠠᠷᠠᠬᠤ ᠳᠤ᠂ ᠲᠡᠷᠡ ᠦᠬᠦᠴᠢᠬᠡᠭᠰᠡᠨ ᠪᠠᠢᠪᠠ᠃ ᠬᠠᠷᠢᠨ ᠥᠷᠯᠥᠭᠡ ᠪᠢ ᠬᠡᠦᠬᠡᠳ ᠢ ᠯᠠᠪᠯᠠᠬᠤ ᠳᠤ᠂ ᠲᠡᠷᠡ ᠨᠢ ᠮᠢᠨᠦ ᠬᠦᠦ ᠪᠢᠰᠢ ᠪᠠᠢᠭᠰᠠᠨ》 ᠭᠡᠲᠡᠯ᠎ᠡ᠂ 22 ᠨᠥᠭᠥᠭᠡ ᠡᠮᠡᠭᠲᠡᠢ᠄ 《ᠦᠭᠡᠢ︕ ᠠᠮᠢᠳᠤ ᠨᠢ ᠮᠢᠨᠦ ᠬᠦᠦ᠂ ᠦᠬᠦᠭᠰᠡᠨ ᠨᠢ ᠴᠢᠨᠦ ᠬᠦᠦ》 ᠭᠡᠵᠡᠢ᠃ ᠬᠠᠷᠢᠨ ᠡᠬᠢᠨ ᠤ ᠡᠮᠡᠭᠲᠡᠢ᠄ 《ᠦᠭᠡᠢ︕ ᠦᠬᠦᠭᠰᠡᠨ ᠨᠢ ᠴᠢᠨᠦ ᠬᠦᠦ᠂ ᠠᠮᠢᠳᠤ ᠨᠢ ᠮᠢᠨᠦ ᠬᠦᠦ》 ᠭᠡᠵᠦ ᠪᠠᠢᠯ᠎ᠠ᠃ ᠲᠡᠳᠡ ᠬᠠᠭᠠᠨ ᠤ ᠡᠮᠦᠨ᠎ᠡ ᠡᠢᠨ ᠬᠦ ᠬᠡᠷᠡᠭᠦᠯ ᠪᠣᠯᠵᠠᠢ᠃
23 ᠬᠠᠭᠠᠨ᠄ 《ᠨᠢᠭᠡ ᠨᠢ᠄ 〈ᠠᠮᠢᠳᠤ ᠨᠢ ᠮᠢᠨᠦ ᠬᠦᠦ᠂ ᠦᠬᠦᠭᠰᠡᠨ ᠨᠢ ᠴᠢᠨᠦ ᠬᠦᠦ〉 ᠭᠡᠵᠦ ᠬᠡᠯᠡᠵᠦ ᠪᠠᠢᠬᠤ ᠳᠤ᠂ ᠨᠥᠭᠥᠭᠡ ᠨᠢ᠄ 〈ᠦᠭᠡᠢ︕ ᠦᠬᠦᠭᠰᠡᠨ ᠨᠢ ᠴᠢᠨᠦ ᠬᠦᠦ᠂ ᠠᠮᠢᠳᠤ ᠪᠤᠢ ᠨᠢ ᠮᠢᠨᠦ ᠬᠦᠦ〉 ᠭᠡᠳ ᠪᠠᠢᠨ᠎ᠠ》 ᠬᠡᠮᠡᠭᠡᠳ᠂ 24 《ᠨᠠᠳᠠ ᠳᠤ ᠢᠯᠳᠦ ᠠᠪᠤᠭᠠᠳ ᠢᠷ᠎ᠡ》 ᠭᠡᠰᠡᠨ ᠳᠦ᠂ ᠲᠦᠰᠢᠮᠡᠳ ᠨᠢ ᠬᠠᠭᠠᠨ ᠳᠤ ᠢᠯᠳᠦ ᠠᠪᠴᠢᠷᠠᠪᠠ᠃ 25 ᠬᠠᠭᠠᠨ᠄ 《ᠠᠮᠢᠳᠤ ᠪᠤᠢ ᠲᠡᠷᠡ ᠬᠡᠦᠬᠡᠳ ᠢ ᠬᠣᠶᠠᠷ ᠬᠤᠪᠢᠶᠠᠭᠠᠳ᠂ ᠲᠠᠯ᠎ᠠ ᠶᠢ ᠨᠢ ᠡᠨᠡ ᠡᠮᠡᠭᠲᠡᠢ ᠳᠦ᠂ ᠲᠠᠯ᠎ᠠ ᠶᠢ ᠨᠢ ᠨᠥᠭᠥᠭᠡ ᠡᠮᠡᠭᠲᠡᠢ ᠳᠦ ᠥᠭᠭᠥᠭᠲᠦᠨ》 ᠭᠡᠵᠡᠢ᠃ 26 ᠠᠮᠢᠳᠤ ᠪᠤᠢ ᠬᠦᠦ ᠶᠢᠨ ᠡᠬᠡ ᠨᠢ ᠬᠦᠦ ᠪᠡᠨ ᠥᠷᠥᠪᠳᠦᠭᠰᠡᠨ ᠤᠴᠢᠷ ᠠᠴᠠ ᠬᠠᠭᠠᠨ ᠳᠤ ᠭᠤᠶᠤᠨ᠄ 《ᠥ ᠡᠵᠡᠨ ᠮᠢᠨᠢ᠂ ᠠᠮᠢᠳᠤ ᠪᠤᠢ ᠬᠡᠦᠬᠡᠳ ᠢ ᠲᠡᠷᠡ ᠡᠮᠡᠭᠲᠡᠢ ᠳᠦ ᠥᠭᠴᠢᠬᠡ᠃ ᠲᠡᠭᠦᠨ ᠢ ᠪᠦᠦ ᠯᠠ ᠠᠯᠠᠭᠠᠴᠢ︕》 ᠭᠡᠵᠦ ᠪᠠᠢᠬᠤ ᠳᠤ᠂ ᠨᠥᠭᠥᠭᠡ ᠡᠮᠡᠭᠲᠡᠢ ᠨᠢ᠄ 《ᠲᠡᠷᠡ ᠮᠢᠨᠦᠬᠢ ᠴᠤ ᠪᠣᠯᠬᠤ ᠦᠭᠡᠢ᠂ ᠴᠢᠨᠦᠬᠢ ᠴᠤ ᠪᠣᠯᠬᠤ ᠦᠭᠡᠢ᠃ ᠲᠡᠭᠦᠨ ᠢ ᠬᠤᠪᠢᠶᠠ》 ᠭᠡᠵᠦ ᠬᠡᠯᠡᠵᠡᠢ᠃ 27 ᠬᠠᠭᠠᠨ᠄ 《ᠡᠬᠢᠨ ᠤ ᠡᠮᠡᠭᠲᠡᠢ ᠳᠦ ᠠᠮᠢᠳᠤ ᠬᠡᠦᠬᠡᠳ ᠢ ᠥᠭᠭᠥᠭᠲᠦᠨ᠃ ᠬᠦᠦ ᠶᠢ ᠶᠠᠭᠠᠬᠢᠭᠰᠠᠨ ᠴᠤ ᠠᠯᠠᠵᠤ ᠪᠣᠯᠬᠤ ᠦᠭᠡᠢ᠃ ᠲᠡᠭᠦᠨ ᠦ ᠡᠬᠡ ᠨᠢ ᠲᠡᠷᠡ ᠮᠥᠨ》 ᠭᠡᠳᠡᠭ ᠬᠠᠷᠢᠭᠤ ᠥᠭᠴᠡᠢ᠃ 28 ᠪᠦᠬᠦ ᠢᠰᠷᠧᠯ ᠬᠠᠭᠠᠨ ᠤ ᠭᠠᠷᠭᠠᠭᠰᠠᠨ ᠰᠢᠢᠳᠪᠦᠷᠢ ᠶᠢ ᠰᠣᠨᠣᠰᠣᠭᠠᠳ ᠬᠠᠭᠠᠨ ᠠᠴᠠ ᠡᠮᠢᠶᠡᠪᠡ᠃ ᠭᠣᠣᠯᠴᠢ ᠪᠠᠷ ᠰᠢᠭᠦᠳᠡᠭ ᠪᠤᠷᠬᠠᠨ ᠤ ᠮᠡᠷᠭᠡᠨ ᠤᠬᠠᠭᠠᠨ ᠲᠡᠭᠦᠨ ᠳᠦ ᠪᠠᠢᠭ᠎ᠠ ᠶᠢ ᠲᠡᠳᠡ ᠬᠠᠷᠠᠯ᠎ᠠ᠃