ᠬᠠᠭᠠᠳ ᠤᠨ ᠳᠡᠭᠡᠳᠦ ᠳᠣᠯᠣᠭ᠎ᠠ
ᠰᠣᠯᠣᠮᠣᠨ ᠤ ᠣᠷᠳᠣᠨ ᠢ ᠪᠠᠷᠢᠪᠠ
1 ᠬᠠᠷᠢᠨ ᠰᠣᠯᠣᠮᠣᠨ ᠥᠪᠡᠷ ᠦᠨ ᠢᠶᠠᠨ ᠣᠷᠳᠣᠨ ᠢ ᠠᠷᠪᠠᠨ ᠭᠤᠷᠪᠠᠨ ᠵᠢᠯ ᠪᠠᠢᠭᠤᠯᠵᠤ ᠪᠠᠢᠵᠤ ᠪᠦᠭᠦᠳᠡ ᠶᠢ ᠨᠢ ᠳᠠᠭᠤᠰᠬᠠᠵᠠᠢ᠃
2 《ᠯᠧᠪᠠᠨᠣᠨ ᠤ ᠣᠢ》 ᠬᠡᠮᠡᠬᠦ ᠵᠠᠭᠤᠨ ᠲᠣᠬᠣᠢ ᠤᠷᠲᠤ᠂ ᠲᠠᠪᠢᠨ ᠲᠣᠬᠣᠢ ᠥᠷᠭᠡᠨ᠂ ᠭᠤᠴᠢᠨ ᠲᠣᠬᠣᠢ ᠥᠨᠳᠥᠷ ᠣᠷᠳᠣᠨ ᠢ ᠪᠠᠢᠭᠤᠯᠵᠠᠢ᠃ ᠲᠡᠭᠦᠨ ᠢ ᠳᠥᠷᠪᠡᠨ ᠮᠥᠷ ᠬᠤᠱᠢ ᠶᠢᠨ ᠪᠠᠭᠠᠨ᠎ᠠ ᠳᠡᠭᠡᠷ᠎ᠡ ᠬᠤᠱᠢ ᠶᠢᠨ ᠬᠥᠨᠳᠡᠯᠡᠪᠴᠢ ᠨᠦᠭᠦᠳ ᠢ ᠲᠠᠯᠪᠢᠵᠤ ᠪᠠᠷᠢᠭᠰᠠᠨ ᠪᠠᠢᠨ᠎ᠠ᠃ 3 ᠮᠥᠷ ᠪᠦᠷᠢ ᠳᠦᠨᠢ ᠠᠷᠪᠠᠨ ᠲᠠᠪᠤ᠂ ᠨᠡᠢᠲᠡ ᠳᠥᠴᠢᠨ ᠲᠠᠪᠤᠨ ᠪᠠᠭᠠᠨ᠎ᠠ ᠲᠠᠢ ᠪᠥᠭᠡᠳ ᠲᠡᠭᠦᠨ ᠳᠡᠭᠡᠷ᠎ᠡ ᠪᠠᠢᠭ᠎ᠠ ᠥᠷᠥᠭᠡ ᠨᠦᠭᠦᠳ ᠢ ᠬᠤᠱᠢ ᠪᠠᠷ ᠳᠡᠭᠡᠪᠦᠷᠢᠯᠡᠭᠰᠡᠨ ᠪᠠᠢᠪᠠ᠃ 4 ᠴᠣᠩ᠋ᠬᠣ ᠨᠤᠭᠤᠳ ᠨᠢ ᠥᠭᠡᠳᠡ ᠥᠭᠡᠳᠡ ᠡᠴᠡ ᠪᠡᠨ ᠬᠠᠷᠠᠭᠰᠠᠨ ᠭᠤᠷᠪᠠᠨ ᠡᠩᠨᠡᠭᠡ ᠪᠡᠷ ᠪᠠᠢᠷᠢᠯᠠᠭᠰᠠᠨ ᠪᠠᠢᠪᠠ᠃ 5 ᠪᠦᠬᠦ ᠴᠣᠩ᠋ᠬᠣ ᠬᠠᠭᠠᠯᠭ᠎ᠠ ᠨᠢ ᠳᠥᠷᠪᠡᠯᠵᠢᠨ ᠬᠡᠯᠪᠡᠷᠢ ᠶᠢᠨ ᠬᠦᠷᠢᠶ᠎ᠡ ᠲᠠᠢ ᠪᠥᠭᠡᠳ ᠴᠣᠩ᠋ᠬᠣ ᠨᠤᠭᠤᠳ ᠨᠢ ᠥᠭᠡᠳᠡ ᠥᠭᠡᠳᠡ ᠡᠴᠡ ᠪᠡᠨ ᠬᠠᠷᠠᠭᠰᠠᠨ ᠭᠤᠷᠪᠠᠨ ᠡᠩᠨᠡᠭᠡ ᠪᠡᠷ ᠪᠠᠢᠷᠢᠯᠠᠵᠠᠢ᠃
6 ᠲᠡᠷᠡ ᠪᠡᠷ ᠮᠥᠨ ᠲᠠᠪᠢᠨ ᠲᠣᠬᠣᠢ ᠤᠷᠲᠤ᠂ ᠭᠤᠴᠢᠨ ᠲᠣᠬᠣᠢ ᠥᠷᠭᠡᠨ 《ᠪᠠᠭᠠᠨᠠᠲᠤ ᠲᠠᠩᠬᠢᠮ》 ᠪᠠᠢᠭᠤᠯᠪᠠ᠃ ᠡᠮᠦᠨ᠎ᠡ ᠲᠠᠯ᠎ᠠ ᠳᠤᠨᠢ ᠪᠠᠭᠠᠨ᠎ᠠ ᠲᠠᠢ ᠬᠣᠩᠭᠢᠯ ᠪᠠᠢᠭᠰᠠᠨ ᠪᠥᠭᠡᠳ ᠪᠠᠭᠠᠨ᠎ᠠ ᠨᠤᠭᠤᠳ ᠳᠡᠭᠡᠷ᠎ᠡ ᠨᠢ ᠰᠡᠭᠦᠳᠡᠷᠡᠪᠴᠢ ᠡᠯᠭᠦᠭᠡᠰᠦᠲᠠᠢ ᠪᠠᠢᠯ᠎ᠠ᠃
7 ᠲᠡᠷᠡ ᠪᠡᠷ ᠰᠢᠭᠦᠯᠲᠡ ᠶᠠᠪᠤᠭᠤᠯᠬᠤ 《ᠰᠡᠨᠲᠢ ᠶᠢᠨ ᠲᠠᠩᠬᠢᠮ》᠂ ᠲᠤᠬᠠᠢᠯᠠᠪᠠᠯ ᠰᠢᠭᠦᠬᠦ ᠲᠠᠩᠬᠢᠮ ᠪᠠᠷᠢᠵᠤ᠂ ᠱᠠᠯᠠ ᠶᠢ ᠨᠢ ᠨᠢᠭᠡ ᠲᠠᠯ᠎ᠠ ᠠᠴᠠ ᠨᠥᠭᠥᠭᠡ ᠲᠠᠯ᠎ᠠ ᠬᠦᠷᠲᠡᠯ᠎ᠡ ᠬᠤᠱᠢ ᠪᠠᠷ ᠪᠦᠷᠢᠪᠡ᠃
8 ᠰᠣᠯᠣᠮᠣᠨ ᠲᠡᠷᠡ ᠲᠠᠩᠬᠢᠮ ᠤᠨ ᠠᠷᠤ ᠲᠠᠯ᠎ᠠ ᠳᠠᠬᠢ ᠥᠭᠡᠷ᠎ᠡ ᠬᠠᠰᠢᠶᠠᠨ ᠳᠤ ᠥᠪᠡᠷ ᠦᠨ ᠢᠶᠠᠨ ᠰᠠᠭᠤᠬᠤ ᠣᠷᠳᠣᠨ ᠢ ᠴᠤ ᠲᠡᠷᠡ ᠮᠠᠶ᠋ᠢᠭ ᠢᠶᠠᠷ ᠪᠠᠷᠢᠵᠤ᠂ ᠥᠪᠡᠷ ᠦᠨ ᠪᠣᠭᠲᠣᠯᠠᠵᠤ ᠠᠪᠤᠭᠰᠠᠨ ᠹᠠᠷᠠᠣ᠋ ᠶᠢᠨ ᠥᠬᠢᠨ ᠳᠤ ᠴᠤ ᠲᠡᠷᠡ ᠲᠠᠩᠬᠢᠮ ᠲᠠᠢ ᠠᠳᠠᠯᠢ ᠣᠷᠳᠣᠨ ᠢ ᠪᠠᠷᠢᠵᠤ ᠥᠭᠴᠡᠢ᠃
9 ᠡᠳᠡᠭᠡᠷ ᠪᠠᠷᠢᠯᠭ᠎ᠠ ᠶᠢ ᠳᠣᠲᠣᠷ᠎ᠠ ᠭᠠᠳᠠᠨ᠎ᠠ ᠦᠭᠡᠢ ᠰᠠᠭᠤᠷᠢ ᠡᠴᠡ ᠳᠡᠭᠡᠪᠦᠷ ᠦᠨ ᠢᠷᠮᠡᠭ ᠬᠦᠷᠲᠡᠯ᠎ᠡ᠂ ᠮᠥᠨ ᠭᠠᠳᠠᠨ᠎ᠠ ᠲᠠᠯ᠎ᠠ ᠠᠴᠠ ᠶᠡᠬᠡ ᠬᠠᠰᠢᠶ᠎ᠠ ᠬᠦᠷᠲᠡᠯ᠎ᠡ ᠪᠦᠭᠦᠳᠡ ᠶᠢ ᠦᠨᠡᠲᠦ ᠴᠢᠯᠠᠭᠤ ᠪᠠᠷ ᠪᠠᠷᠢᠭᠰᠠᠨ ᠪᠠᠢᠪᠠ᠃ ᠦᠨᠡᠲᠦ ᠴᠢᠯᠠᠭᠤ ᠶᠢ ᠪᠣᠯ ᠬᠡᠮᠵᠢᠶ᠎ᠡ ᠪᠡᠷ ᠨᠢ ᠴᠠᠪᠴᠢᠵᠤ ᠳᠣᠲᠣᠷ᠎ᠠ ᠭᠠᠳᠠᠨ᠎ᠠ ᠲᠠᠯ᠎ᠠ ᠶᠢ ᠨᠢ ᠬᠢᠷᠥᠭᠡ ᠪᠡᠷ ᠵᠠᠰᠠᠵᠤ ᠪᠠᠢᠵᠤ ᠬᠡᠷᠡᠭᠯᠡᠭᠰᠡᠨ ᠪᠠᠢᠯ᠎ᠠ᠃ 10 ᠰᠠᠭᠤᠷᠢ ᠶᠢ ᠨᠢ ᠴᠤ ᠦᠨᠡᠲᠦ ᠴᠢᠯᠠᠭᠤ ᠪᠠᠷ ᠲᠠᠯᠪᠢᠭᠰᠠᠨ ᠪᠥᠭᠡᠳ ᠲᠡᠳᠡᠭᠡᠷ ᠨᠢ ᠠᠷᠪᠠᠨ ᠲᠣᠬᠣᠢ᠂ ᠨᠠᠢ᠌ᠮᠠᠨ ᠲᠣᠬᠣᠢ ᠬᠡᠮᠵᠢᠶ᠎ᠡ ᠲᠠᠢ ᠲᠣᠮᠣ ᠲᠣᠮᠣ ᠴᠢᠯᠠᠭᠤ ᠨᠤᠭᠤᠳ ᠪᠠᠢᠯ᠎ᠠ᠃ 11 ᠳᠡᠭᠡᠷ᠎ᠡ ᠨᠢ ᠴᠤ ᠬᠡᠮᠵᠢᠶ᠎ᠡ ᠪᠡᠷ ᠨᠢ ᠵᠠᠰᠠᠭᠰᠠᠨ ᠦᠨᠡᠲᠦ ᠴᠢᠯᠠᠭᠤ ᠪᠣᠯᠣᠨ ᠬᠤᠱᠢ ᠮᠣᠳᠣ ᠬᠡᠷᠡᠭᠯᠡᠪᠡ᠃ 12 ᠣᠷᠳᠣᠨ ᠤ ᠶᠡᠬᠡ ᠬᠦᠷᠢᠶᠡᠨ ᠦ ᠲᠣᠭᠣᠷᠢᠨ ᠳᠤ ᠴᠤ ᠶᠣᠬᠣᠸᠠ ᠶᠢᠨ ᠥᠷᠭᠥᠭᠡ ᠪᠣᠯᠣᠨ ᠲᠡᠭᠦᠨ ᠦ ᠬᠣᠩᠭᠢᠯ ᠤᠨ ᠡᠷᠭᠢᠨ ᠲᠣᠭᠣᠷᠢᠨ ᠲᠠᠢ ᠠᠳᠠᠯᠢ ᠪᠠᠷ ᠭᠤᠷᠪᠠᠨ ᠡᠩᠨᠡᠭᠡ ᠵᠠᠰᠠᠭᠰᠠᠨ ᠴᠢᠯᠠᠭᠤ᠂ ᠨᠢᠭᠡ ᠡᠩᠨᠡᠭᠡ ᠬᠤᠱᠢ ᠶᠢᠨ ᠳ᠋ᠦᠨᠵᠡ ᠶᠢ ᠲᠠᠯᠪᠢᠵᠠᠢ᠃
ᠰᠣᠯᠣᠮᠣᠨ ᠤ ᠣᠷᠳᠣᠨ ᠢ ᠴᠢᠮᠡᠭᠯᠡᠪᠡ
13 ᠰᠣᠯᠣᠮᠣᠨ ᠬᠠᠭᠠᠨ ᠬᠥᠮᠦᠨ ᠢᠯᠡᠭᠡᠵᠦ᠂ ᠲᠢᠷ ᠡᠴᠡ ᠾᠦᠷᠠᠮ ᠢ ᠠᠪᠴᠢᠷᠠᠭᠤᠯᠪᠠ᠃ 14 ᠾᠦᠷᠠᠮ ᠪᠣᠯ ᠨᠠᠹᠲ᠋ᠠᠯᠢ ᠣᠪᠣᠭ ᠤᠨ ᠪᠡᠯᠪᠡᠰᠦᠨ ᠡᠬᠡᠨᠡᠷ ᠦᠨ ᠬᠦᠦ ᠪᠥᠭᠡᠳ ᠡᠴᠢᠭᠡ ᠨᠢ ᠲᠢᠷ ᠬᠥᠮᠦᠨ᠂ ᠬᠦᠷᠡᠯ ᠦᠨ ᠳᠠᠷᠬᠠᠨ ᠶᠤᠮ᠃ ᠾᠦᠷᠠᠮ ᠬᠦᠷᠡᠯ ᠢᠶᠡᠷ ᠬᠢᠬᠦ ᠠᠯᠢᠪᠠ ᠠᠵᠢᠯ ᠳᠤ ᠮᠡᠷᠭᠡᠨ᠂ ᠡᠷᠳᠡᠮ ᠮᠡᠷᠭᠡᠵᠢᠯ ᠲᠠᠢ ᠶᠤᠮ᠃ ᠲᠡᠷᠡ ᠰᠣᠯᠣᠮᠣᠨ ᠬᠠᠭᠠᠨ ᠤᠷᠤᠭᠤ ᠢᠷᠡᠭᠡᠳ ᠲᠡᠭᠦᠨ ᠦ ᠪᠦᠬᠦ ᠠᠵᠢᠯ ᠢ ᠭᠦᠢᠴᠡᠳᠬᠡᠬᠦ ᠪᠣᠯᠵᠠᠢ᠃
15 ᠲᠡᠷᠡ ᠪᠡᠷ ᠬᠣᠣᠰ ᠬᠦᠷᠡᠯ ᠪᠠᠭᠠᠨ᠎ᠠ ᠬᠢᠪᠡ᠃ ᠲᠤᠰ ᠪᠦᠷᠢ ᠶᠢ ᠨᠢ ᠣᠯᠣᠰᠣ ᠪᠠᠷ ᠬᠡᠮᠵᠢᠪᠡᠯ ᠥᠨᠳᠥᠷ ᠨᠢ ᠠᠷᠪᠠᠨ ᠨᠠᠢ᠌ᠮᠠᠨ ᠲᠣᠬᠣᠢ᠂ ᠲᠣᠭᠣᠷᠢᠭ ᠤᠨ ᠬᠦᠷᠢᠶ᠎ᠡ ᠨᠢ ᠠᠷᠪᠠᠨ ᠬᠣᠶᠠᠷ ᠲᠣᠬᠣᠢ ᠪᠠᠢᠯ᠎ᠠ᠃ 16 ᠲᠡᠷᠡ ᠪᠡᠷ ᠬᠦᠷᠡᠯ ᠴᠢᠳᠬᠤᠨ ᠲᠡᠳᠡᠭᠡᠷ ᠪᠠᠭᠠᠨ᠎ᠠ ᠶᠢᠨ ᠣᠷᠣᠢ ᠳᠤ ᠲᠠᠯᠪᠢᠬᠤ ᠬᠣᠣᠰ ᠪᠠᠭᠠᠨ᠎ᠠ ᠶᠢᠨ ᠲᠣᠯᠣᠭᠠᠢ ᠶᠢ ᠬᠢᠵᠡᠢ᠃ ᠪᠠᠭᠠᠨ᠎ᠠ ᠶᠢᠨ ᠲᠣᠯᠣᠭᠠᠢ ᠪᠦᠷᠢ ᠲᠠᠪᠤᠨ ᠲᠣᠬᠣᠢ ᠥᠨᠳᠥᠷ ᠪᠠᠢᠪᠠ᠃ 17 ᠪᠠᠭᠠᠨ᠎ᠠ ᠶᠢᠨ ᠣᠷᠣᠢ ᠳᠡᠭᠡᠷ᠎ᠡ ᠲᠣᠭᠲᠠᠭᠠᠭᠰᠠᠨ ᠪᠠᠭᠠᠨ᠎ᠠ ᠶᠢᠨ ᠲᠣᠯᠣᠭᠠᠢ ᠶᠢ ᠴᠢᠮᠡᠭᠯᠡᠬᠦ ᠶᠢᠨ ᠲᠤᠯᠠᠳᠠ ᠲᠣᠯᠣᠭᠠᠢ ᠪᠦᠷᠢ ᠳᠤ ᠳᠣᠯᠣᠭᠠᠨ ᠡᠩᠨᠡᠭᠡ ᠵᠡᠭᠦᠯᠲᠡ ᠪᠣᠯᠣᠨ ᠭᠢᠨᠵᠢ ᠬᠢᠪᠡ᠃ 18 ᠲᠡᠷᠡ ᠪᠡᠷ ᠪᠠᠭᠠᠨ᠎ᠠ ᠨᠤᠭᠤᠳ ᠢ ᠬᠢᠭᠰᠡᠨ ᠦ ᠳᠠᠷᠠᠭ᠎ᠠ᠂ ᠬᠣᠶᠠᠷ ᠮᠥᠷ ᠠᠨᠠᠷ ᠬᠢᠵᠦ ᠵᠡᠭᠦᠯᠲᠡ ᠶᠢ ᠲᠣᠭᠣᠷᠢᠭᠤᠯᠤᠨ ᠪᠠᠭᠠᠨ᠎ᠠ ᠶᠢᠨ ᠣᠷᠣᠢ ᠳᠠᠬᠢ ᠲᠣᠯᠣᠭᠠᠢ ᠶᠢ ᠪᠦᠲᠡᠭᠡᠪᠡ᠃ ᠨᠥᠭᠥᠭᠡ ᠲᠣᠯᠣᠭᠠᠢ ᠳᠡᠭᠡᠷ᠎ᠡ ᠨᠢ ᠴᠤ ᠠᠳᠠᠯᠢᠬᠠᠨ ᠬᠢᠪᠡ᠃ 19 ᠬᠣᠩᠭᠢᠯ ᠳᠠᠬᠢ ᠪᠠᠭᠠᠨ᠎ᠠ ᠶᠢᠨ ᠣᠷᠣᠢ ᠳᠡᠭᠡᠷᠡᠬᠢ ᠲᠣᠯᠣᠭᠠᠢ ᠨᠢ ᠳᠥᠷᠪᠡᠨ ᠲᠣᠬᠣᠢ ᠥᠨᠳᠥᠷ ᠪᠥᠭᠡᠳ ᠰᠠᠷᠠᠨ᠎ᠠ ᠴᠡᠴᠡᠭ ᠦᠨ ᠳᠦᠷᠰᠦ ᠲᠠᠢ ᠪᠠᠢᠪᠠ᠃ ᠲᠡᠭᠦᠨ ᠢ ᠡᠭᠦᠳᠡᠨ ᠦ ᠲᠠᠩᠬᠢᠮ ᠳᠤ ᠪᠤᠢ ᠪᠠᠭᠠᠨ᠎ᠠ ᠶᠢᠨ ᠣᠷᠣᠢ ᠳᠤ ᠲᠠᠯᠪᠢᠭᠰᠠᠨ ᠪᠥᠭᠡᠳ 20 ᠬᠣᠶᠠᠷ ᠪᠠᠭᠠᠨ᠎ᠠ ᠶᠢᠨ ᠲᠣᠯᠣᠭᠠᠢ ᠳᠠᠬᠢ ᠵᠡᠭᠦᠯᠲᠡ ᠶᠢ ᠲᠣᠭᠣᠷᠢᠭᠤᠯᠤᠭᠰᠠᠨ ᠠᠶᠠᠭᠠᠨ ᠬᠡᠯᠪᠡᠷᠢᠲᠦ ᠬᠦᠷᠢᠶ᠎ᠡ ᠶᠢᠨ ᠳᠡᠭᠡᠳᠦ ᠲᠠᠯ᠎ᠠ ᠳᠤ ᠬᠣᠶᠠᠷ ᠵᠠᠭᠤᠨ ᠰᠢᠷᠬᠡᠭ ᠬᠦᠷᠡᠯ ᠠᠨᠠᠷ ᠪᠠᠢᠯ᠎ᠠ᠃ 21 ᠲᠡᠷᠡ ᠪᠡᠷ ᠬᠣᠣᠰ ᠪᠠᠭᠠᠨ᠎ᠠ ᠶᠢ ᠥᠷᠭᠥᠭᠡᠨ ᠦ ᠬᠣᠩᠭᠢᠯ ᠳᠤ ᠪᠣᠰᠬᠠᠭᠰᠠᠨ ᠪᠠᠢᠪᠠ᠃ ᠪᠠᠷᠠᠭᠤᠨ ᠲᠠᠯ᠎ᠠ ᠶᠢᠨ ᠪᠠᠭᠠᠨ᠎ᠠ ᠶᠢ ᠪᠣᠰᠬᠠᠵᠤ ᠶᠠᠺᠢᠨ 8 ᠭᠡᠵᠦ ᠨᠡᠷᠡᠯᠡᠨ᠂ ᠵᠡᠭᠦᠨ ᠲᠠᠯ᠎ᠠ ᠶᠢᠨ ᠪᠠᠭᠠᠨ᠎ᠠ ᠶᠢ ᠪᠣᠶᠠᠽ 9 ᠭᠡᠵᠦ ᠨᠡᠷᠡᠯᠡᠵᠡᠢ᠃ 22 ᠪᠠᠭᠠᠨ᠎ᠠ ᠨᠤᠭᠤᠳ ᠤᠨ ᠣᠷᠣᠢ ᠳᠤ ᠰᠠᠷᠠᠨ᠎ᠠ ᠴᠡᠴᠡᠭ ᠶᠢᠨ ᠬᠡᠯᠪᠡᠷᠢ ᠲᠠᠢ ᠴᠢᠮᠡᠭᠯᠡᠯ ᠪᠠᠢᠪᠠ᠃ ᠡᠢᠨ ᠬᠦ ᠪᠠᠭᠠᠨ᠎ᠠ ᠪᠣᠰᠬᠠᠬᠤ ᠠᠵᠢᠯ ᠳᠠᠭᠤᠰᠴᠠᠢ᠃
23 ᠲᠡᠷᠡ ᠪᠡᠷ ᠲᠣᠭᠣᠷᠢᠭ ᠬᠡᠯᠪᠡᠷᠢ ᠲᠠᠢ ᠴᠢᠳᠬᠤᠮᠠᠯ 《ᠲᠠᠩᠭᠢᠰ》 ᠬᠢᠪᠡ᠃ ᠨᠢᠭᠡ ᠬᠥᠪᠡᠭᠡᠨ ᠡᠴᠡ ᠨᠢ ᠨᠥᠭᠥᠭᠡ ᠬᠥᠪᠡᠭᠡ ᠬᠦᠷᠲᠡᠯ᠎ᠡ ᠠᠷᠪᠠᠨ ᠲᠣᠬᠣᠢ᠂ ᠥᠨᠳᠥᠷ ᠨᠢ ᠲᠠᠪᠤᠨ ᠲᠣᠬᠣᠢ᠂ ᠲᠣᠭᠣᠷᠢᠭ ᠤᠨ ᠬᠦᠷᠢᠶ᠎ᠡ ᠨᠢ ᠭᠤᠴᠢᠨ ᠲᠣᠬᠣᠢ ᠬᠡᠮᠵᠢᠶ᠎ᠡ ᠲᠠᠢ᠃ 24 ᠠᠮᠠᠰᠠᠷ ᠤᠨ ᠬᠢᠨᠢ ᠳᠣᠣᠷ᠎ᠠ ᠲᠠᠩᠭᠢᠰ ᠢ ᠲᠣᠭᠣᠷᠢᠭᠤᠯᠵᠤ ᠬᠣᠶᠠᠷ ᠮᠥᠷ ᠬᠤᠯᠤ ᠬᠢᠪᠡ᠃ ᠲᠡᠷᠡ ᠪᠡᠷ ᠨᠢᠭᠡ ᠲᠣᠬᠣᠢ ᠲᠤᠲᠤᠮ ᠳᠤ ᠠᠷᠪᠠᠨ ᠬᠤᠯᠤ ᠪᠠᠢᠷᠢᠯᠠᠭᠤᠯᠵᠤ᠂ ᠲᠡᠳᠡᠭᠡᠷ ᠢ ᠲᠠᠩᠭᠢᠰ ᠲᠠᠢ ᠨᠢᠭᠡ ᠴᠣᠭᠴᠠ ᠪᠣᠯᠭᠠᠨ ᠴᠢᠳᠬᠤᠭᠰᠠᠨ ᠶᠤᠮ᠃ 25 ᠲᠠᠩᠭᠢᠰ ᠢ ᠠᠷᠪᠠᠨ ᠬᠣᠶᠠᠷ ᠦᠬᠡᠷ ᠳᠡᠭᠡᠷ᠎ᠡ ᠪᠠᠢᠷᠢᠯᠠᠭᠤᠯᠤᠭᠰᠠᠨ ᠪᠠᠢᠪᠠ᠃ ᠲᠡᠳᠡᠭᠡᠷ ᠦᠨ ᠭᠤᠷᠪᠠ ᠨᠢ ᠬᠣᠢᠰᠢ᠂ ᠭᠤᠷᠪᠠ ᠨᠢ ᠪᠠᠷᠠᠭᠤᠨᠰᠢ᠂ ᠭᠤᠷᠪᠠ ᠨᠢ ᠡᠮᠦᠨᠡᠰᠢ᠂ ᠭᠤᠷᠪᠠ ᠨᠢ ᠵᠡᠭᠦᠨᠰᠢ ᠬᠠᠷᠠᠭᠰᠠᠨ ᠪᠠᠢᠵᠠᠢ᠃ ᠲᠠᠩᠭᠢᠰ ᠨᠢ ᠲᠡᠳᠡᠨ ᠦ ᠳᠡᠭᠡᠷ᠎ᠡ ᠪᠠᠢᠷᠢᠯᠠᠵᠤ᠂ ᠦᠬᠡᠷ ᠦᠨ ᠤᠭᠤᠴᠠ ᠨᠢ ᠪᠦᠭᠦᠳᠡ ᠳᠣᠲᠣᠭᠰᠢ ᠪᠠᠨ ᠬᠠᠨᠳᠤᠭᠰᠠᠨ ᠪᠠᠢᠪᠠ᠃ 26 ᠡᠨᠡ ᠴᠢᠳᠬᠤᠮᠠᠯ ᠨᠢ ᠠᠯᠠᠭᠠᠨ ᠤ ᠡᠩ ᠦᠨ ᠴᠢᠨᠡᠭᠡᠨ ᠵᠤᠵᠠᠭᠠᠨ᠂ ᠠᠮᠠᠰᠠᠷ ᠨᠢ ᠠᠶᠠᠭᠠᠨ ᠤ ᠠᠮᠠᠰᠠᠷ ᠮᠡᠲᠦ ᠬᠡᠯᠪᠡᠷᠢ ᠲᠠᠢ ᠪᠤᠶᠤ ᠰᠠᠷᠠᠨ᠎ᠠ ᠴᠡᠴᠡᠭ ᠦᠨ ᠳᠡᠯᠪᠢ ᠠᠳᠠᠯᠢ ᠪᠥᠭᠡᠳ ᠪᠠᠭᠲᠠᠭᠠᠮᠵᠢ ᠨᠢ ᠬᠣᠶᠠᠷ ᠮᠢᠩ᠋ᠭᠠᠨ ᠪᠠᠲ 10 ᠶᠤᠮ᠃
27 ᠲᠡᠷᠡ ᠪᠡᠷ ᠠᠷᠪᠠᠨ ᠤᠰᠤ ᠵᠥᠭᠡᠭᠡᠬᠦ ᠬᠦᠷᠡᠯ ᠲᠡᠷᠭᠡ ᠬᠢᠵᠡᠢ᠃ ᠲᠡᠷᠭᠡ ᠲᠤᠰ ᠪᠦᠷᠢ ᠳᠥᠷᠪᠡᠨ ᠲᠣᠬᠣᠢ ᠤᠷᠲᠤ᠂ ᠳᠥᠷᠪᠡᠨ ᠲᠣᠬᠣᠢ ᠥᠷᠭᠡᠨ᠂ ᠭᠤᠷᠪᠠᠨ ᠲᠣᠬᠣᠢ ᠥᠨᠳᠥᠷ ᠪᠠᠢᠯ᠎ᠠ᠃ 28 ᠲᠡᠷᠭᠡ ᠨᠦᠭᠦᠳ ᠦᠨ ᠵᠠᠭᠪᠤᠷ ᠨᠢ ᠡᠢᠮᠦ ᠪᠠᠢᠪᠠ᠄ ᠲᠡᠳᠡᠭᠡᠷ ᠨᠢ ᠬᠠᠰᠢᠯᠭ᠎ᠠ ᠲᠠᠢ ᠪᠥᠭᠡᠳ ᠬᠠᠰᠢᠯᠭ᠎ᠠ ᠨᠤᠭᠤᠳ ᠢ ᠨᠢ ᠬᠦᠷᠢᠶᠡᠨ ᠳᠦ ᠰᠠᠭᠤᠯᠭᠠᠵᠠᠢ᠃ 29 ᠬᠦᠷᠢᠶᠡᠨ ᠳᠦ ᠰᠠᠭᠤᠯᠭᠠᠭᠰᠠᠨ ᠬᠠᠰᠢᠯᠭ᠎ᠠ ᠨᠤᠭᠤᠳ ᠳᠡᠭᠡᠷ᠎ᠡ ᠠᠷᠰᠯᠠᠨ᠂ ᠦᠬᠡᠷ ᠪᠣᠯᠣᠨ ᠺᠧᠷᠣᠪ ᠤᠳ ᠤᠨ ᠳᠦᠷᠰᠦ ᠪᠠᠢᠪᠠ᠃ ᠠᠷᠰᠯᠠᠨ ᠪᠣᠯᠣᠨ ᠦᠬᠡᠷ ᠦᠨ ᠳᠡᠭᠡᠷ᠎ᠡ ᠲᠠᠯ᠎ᠠ ᠪᠣᠯᠣᠨ ᠳᠣᠣᠷ᠎ᠠ ᠲᠠᠯ᠎ᠠ ᠳᠤ ᠴᠡᠴᠡᠭ ᠦᠨ ᠬᠡᠯᠬᠢᠶ᠎ᠡ ᠪᠠᠢᠪᠠ᠃ 30 ᠲᠡᠷᠭᠡ ᠪᠦᠷᠢ ᠬᠦᠷᠡᠯ ᠲᠡᠩᠬᠡᠯᠢᠭ ᠲᠠᠢ᠂ ᠳᠥᠷᠪᠡᠨ ᠬᠦᠷᠡᠯ ᠳᠤᠭᠤᠢ ᠲᠠᠢ᠂ ᠳᠥᠷᠪᠡᠨ ᠲᠤᠯᠭᠠᠭᠤᠷᠢ ᠶᠢᠨ ᠳᠡᠭᠡᠷ᠎ᠡ ᠪᠠᠢᠭ᠎ᠠ ᠤᠬᠢᠶᠠᠯᠭ᠎ᠠ ᠶᠢᠨ ᠰᠠᠪᠠ ᠶᠢᠨ ᠲᠠᠯ᠎ᠠ ᠪᠦᠷᠢ ᠳᠡᠭᠡᠷ᠎ᠡ ᠴᠡᠴᠡᠭ ᠦᠨ ᠬᠡᠯᠬᠢᠶ᠎ᠡ ᠴᠢᠳᠬᠤᠭᠰᠠᠨ ᠪᠠᠢᠯ᠎ᠠ᠃ 31 ᠲᠡᠷᠭᠡᠨ ᠳᠣᠲᠣᠷ᠎ᠠ ᠨᠢᠭᠡ ᠲᠣᠬᠣᠢ ᠥᠨᠳᠥᠷ ᠴᠠᠭᠠᠷᠢᠭ ᠰᠠᠭᠤᠷᠢ ᠲᠠᠢ ᠰᠠᠪᠠ ᠪᠤᠢ᠂ ᠭᠠᠳᠠᠭᠤᠷ ᠢᠶᠠᠨ ᠰᠡᠢᠯᠪᠦᠷᠢ ᠲᠠᠢ ᠪᠥᠭᠡᠳ ᠬᠥᠨᠳᠡᠯᠡᠨ ᠢᠶᠡᠷ ᠢᠶᠠᠨ ᠨᠢᠭᠡ ᠲᠣᠬᠣᠢ ᠬᠠᠭᠠᠰ ᠪᠠᠢᠯ᠎ᠠ᠃ ᠬᠠᠷᠢᠨ ᠲᠡᠷᠭᠡᠨ ᠦ ᠬᠠᠰᠢᠯᠭ᠎ᠠ ᠨᠤᠭᠤᠳ ᠨᠢ ᠳᠤᠭᠤᠢ ᠪᠢᠰᠢ᠂ ᠳᠥᠷᠪᠡᠯᠵᠢᠨ ᠶᠤᠮ᠃ 32 ᠬᠠᠰᠢᠯᠭ᠎ᠠ ᠶᠢᠨ ᠬᠢᠨᠢ ᠳᠣᠣᠷ᠎ᠠ ᠳᠥᠷᠪᠡᠨ ᠬᠦᠷᠳᠦ ᠲᠠᠢ ᠪᠥᠭᠡᠳ ᠬᠦᠷᠳᠦᠨ ᠦ ᠲᠡᠩᠬᠡᠯᠢᠭ ᠨᠢ ᠲᠡᠷᠭᠡ ᠲᠠᠢ ᠬᠣᠯᠪᠣᠯᠳᠤᠭᠰᠠᠨ ᠪᠠᠢᠪᠠ᠃ ᠬᠦᠷᠳᠦᠨ ᠦ ᠥᠨᠳᠥᠷ ᠨᠢ ᠨᠢᠭᠡ ᠲᠣᠬᠣᠢ ᠬᠠᠭᠠᠰ ᠪᠠᠢᠵᠤ᠂ 33 ᠬᠦᠷᠳᠦᠨ ᠦ ᠬᠢᠴᠡ ᠨᠢ ᠮᠣᠷᠢᠨ ᠲᠡᠷᠭᠡᠨ ᠦ ᠬᠦᠷᠳᠦᠨ ᠦ ᠬᠢ ᠲᠠᠢ ᠠᠳᠠᠯᠢ ᠪᠠᠢᠯ᠎ᠠ᠃ ᠬᠦᠷᠳᠦᠨ ᠦ ᠲᠡᠩᠬᠡᠯᠢᠭ᠂ ᠮᠥᠭᠡᠷ᠂ ᠬᠡᠭᠡᠰᠦ᠂ ᠲᠡᠩᠬᠡᠯᠢᠭ ᠤᠨ ᠪᠤᠯᠤ ᠶᠢ ᠪᠦᠭᠦᠳᠡ ᠶᠢ ᠴᠢᠳᠬᠤᠮᠠᠯ ᠲᠡᠮᠦᠷᠯᠢᠭ ᠢᠶᠠᠷ ᠬᠢᠵᠡᠢ᠃ 34 ᠲᠡᠷᠭᠡᠨ ᠦ ᠳᠥᠷᠪᠡᠨ ᠥᠨᠴᠥᠭ ᠦᠨ ᠥᠨᠴᠥᠭ ᠪᠦᠷᠢ ᠳᠤ ᠪᠠᠷᠢᠭᠤᠯ ᠬᠢᠭᠰᠡᠨ ᠪᠥᠭᠡᠳ ᠪᠠᠷᠢᠭᠤᠯ ᠤᠳ ᠨᠢ ᠲᠡᠷᠭᠡ ᠲᠠᠢ ᠬᠣᠯᠪᠣᠯᠳᠤᠭᠰᠠᠨ ᠪᠠᠢᠪᠠ᠃ 35 ᠲᠡᠷᠭᠡᠨ ᠳᠡᠭᠡᠷ᠎ᠡ ᠨᠢ ᠬᠠᠭᠠᠰ ᠲᠣᠬᠣᠢ ᠥᠨᠳᠥᠷ ᠵᠢᠶᠠᠰᠠ ᠲᠠᠢ᠂ ᠲᠡᠷᠭᠡᠨ ᠳᠡᠭᠡᠷᠡᠬᠢ ᠲᠤᠯᠭᠠᠭᠤᠷᠢ ᠨᠤᠭᠤᠳ ᠪᠠ ᠲᠡᠷᠭᠡᠨ ᠬᠠᠰᠢᠯᠭ᠎ᠠ ᠨᠢ ᠲᠡᠷᠭᠡ ᠲᠠᠢ ᠪᠠᠨ ᠬᠣᠯᠪᠣᠯᠳᠤᠭᠰᠠᠨ ᠪᠠᠢᠪᠠ᠃ 36 ᠾᠦᠷᠠᠮ ᠲᠡᠷᠭᠡᠨ ᠦ ᠲᠤᠯᠭᠠᠭᠤᠷᠢ ᠨᠤᠭᠤᠳ ᠪᠣᠯᠣᠨ ᠬᠠᠰᠢᠯᠭ᠎ᠠ ᠨᠤᠭᠤᠳ ᠤᠨ ᠳᠡᠭᠡᠷ᠎ᠡ ᠺᠧᠷᠣᠪ ᠤᠳ᠂ ᠠᠷᠰᠯᠠᠨ᠂ ᠳᠠᠯᠳᠠᠤ ᠮᠣᠳᠣ ᠶᠢ ᠴᠡᠴᠡᠭ ᠦᠨ ᠬᠡᠯᠬᠢᠶ᠎ᠡ ᠲᠠᠢ ᠬᠠᠮᠲᠤ ᠵᠠᠢ ᠳᠤᠨᠢ ᠪᠠᠭᠲᠠᠭᠠᠵᠤ ᠰᠡᠢᠯᠪᠡ᠃ 37 ᠲᠡᠷᠡ ᠠᠷᠪᠠᠨ ᠲᠡᠷᠭᠡ ᠶᠢ ᠢᠩᠭᠢᠵᠦ ᠬᠢᠪᠡ᠃ ᠲᠡᠳᠡᠭᠡᠷ ᠢ ᠪᠦᠭᠦᠳᠡ ᠢᠵᠢᠯ ᠬᠡᠪ᠂ ᠢᠵᠢᠯ ᠬᠡᠮᠵᠢᠶ᠎ᠡ᠂ ᠢᠵᠢᠯ ᠬᠡᠯᠪᠡᠷᠢ ᠲᠠᠢ ᠴᠢᠳᠬᠤᠵᠤ ᠬᠢᠭᠰᠡᠨ ᠪᠠᠢᠪᠠ᠃
38 ᠾᠦᠷᠠᠮ ᠠᠷᠪᠠᠨ ᠤᠬᠢᠶᠠᠯᠭ᠎ᠠ ᠶᠢᠨ ᠰᠠᠪᠠ ᠶᠢ ᠴᠤ ᠬᠦᠷᠡᠯ ᠢᠶᠡᠷ ᠬᠢᠪᠡ᠃ ᠰᠠᠪᠠ ᠲᠤᠰ ᠪᠦᠷᠢ ᠳᠥᠴᠢᠨ ᠪᠠᠲ 11 ᠤᠰᠤᠨ ᠤ ᠪᠠᠭᠲᠠᠭᠠᠮᠵᠢ ᠲᠠᠢ᠂ ᠬᠥᠨᠳᠡᠯᠡᠨ ᠢᠶᠡᠷ ᠢᠶᠠᠨ ᠳᠥᠷᠪᠡᠨ ᠲᠣᠬᠣᠢ᠃ ᠲᠡᠷᠭᠡ ᠪᠦᠷᠢ ᠳᠤ ᠨᠢᠭᠡ ᠰᠠᠪᠠ ᠲᠠᠢ ᠪᠠᠢᠪᠠ᠃ 39 ᠲᠡᠷᠡ ᠪᠡᠷ ᠲᠡᠷᠭᠡᠨ ᠦ ᠲᠠᠪᠤ ᠶᠢ ᠨᠢ ᠥᠷᠭᠥᠭᠡᠨ ᠦ ᠪᠠᠷᠠᠭᠤᠨ ᠲᠠᠯ᠎ᠠ ᠳᠤ᠂ ᠲᠠᠪᠤ ᠶᠢ ᠨᠢ ᠥᠷᠭᠥᠭᠡᠨ ᠦ ᠵᠡᠭᠦᠨ ᠲᠠᠯ᠎ᠠ ᠳᠤ ᠪᠠᠢᠯᠭᠠᠵᠤ᠂ ᠲᠠᠩᠭᠢᠰ ᠢ ᠵᠡᠭᠦᠨ ᠡᠮᠦᠨ᠎ᠡ ᠲᠠᠯ᠎ᠠ ᠳᠤ ᠪᠠᠢᠷᠢᠯᠠᠭᠤᠯᠪᠠ᠃
40 ᠾᠦᠷᠠᠮ ᠮᠥᠨ ᠲᠣᠭᠣᠭ᠎ᠠ᠂ ᠤᠳᠬᠤᠭᠤᠷ᠂ ᠬᠤᠯᠤ ᠠᠶᠠᠭ᠎ᠠ ᠵᠡᠷᠭᠡ ᠶᠢ ᠬᠢᠪᠡ᠃ ᠲᠡᠢᠨ ᠬᠦ ᠾᠦᠷᠠᠮ ᠰᠣᠯᠣᠮᠣᠨ ᠬᠠᠭᠠᠨ ᠤ ᠲᠥᠯᠥᠭᠡ ᠶᠣᠬᠣᠸᠠ ᠶᠢᠨ ᠥᠷᠭᠥᠭᠡᠨ ᠳᠦ ᠬᠢᠬᠦ ᠪᠦᠬᠦ ᠠᠵᠢᠯ ᠢᠶᠠᠨ ᠳᠠᠭᠤᠰᠬᠠᠵᠠᠢ᠂ 41 ᠲᠤᠬᠠᠢᠯᠠᠪᠠᠯ᠂ ᠬᠣᠣᠰ ᠪᠠᠭᠠᠨ᠎ᠠ᠂ ᠲᠡᠳᠡᠭᠡᠷ ᠦᠨ ᠣᠷᠣᠢ ᠳᠤ ᠰᠠᠭᠤᠯᠭᠠᠭᠰᠠᠨ ᠬᠣᠶᠠᠷ ᠲᠣᠯᠣᠭᠠᠢ᠂ ᠮᠥᠨ ᠣᠷᠣᠢ ᠳᠤᠨᠢ ᠰᠠᠭᠤᠯᠭᠠᠭᠰᠠᠨ ᠲᠣᠯᠣᠭᠠᠢ ᠨᠤᠭᠤᠳ ᠢ ᠴᠢᠮᠡᠭᠯᠡᠬᠦ ᠪᠡᠷ ᠵᠡᠭᠦᠯᠭᠡᠭᠰᠡᠨ ᠬᠣᠶᠠᠷ ᠡᠩᠨᠡᠭᠡ ᠵᠡᠭᠦᠯᠲᠡ᠂ 42 ᠪᠠᠭᠠᠨ᠎ᠠ ᠶᠢᠨ ᠣᠷᠣᠢ ᠶᠢᠨ ᠲᠣᠯᠣᠭᠠᠢ ᠳᠠᠬᠢ ᠵᠡᠭᠦᠯᠲᠡ ᠳᠦ ᠴᠢᠮᠡᠭ ᠪᠣᠯᠭᠠᠨ ᠬᠣᠶᠠᠷ ᠡᠩᠨᠡᠭᠡ ᠪᠡᠷ ᠰᠠᠭᠤᠯᠭᠠᠵᠤ ᠥᠭᠭᠥᠭᠰᠡᠨ ᠳᠥᠷᠪᠡᠨ ᠵᠠᠭᠤᠨ ᠠᠨᠠᠷ᠂ 43 ᠠᠷᠪᠠᠨ ᠲᠡᠷᠭᠡ᠂ ᠲᠡᠷᠭᠡ ᠨᠦᠭᠦᠳ ᠦᠨ ᠳᠡᠭᠡᠷ᠎ᠡ ᠲᠠᠯᠪᠢᠬᠤ ᠠᠷᠪᠠᠨ ᠤᠬᠢᠶᠠᠯᠭ᠎ᠠ ᠶᠢᠨ ᠰᠠᠪᠠ᠂ 44 ᠨᠢᠭᠡ ᠲᠠᠩᠭᠢᠰ ᠪᠣᠯᠣᠨ ᠲᠠᠩᠭᠢᠰ ᠤᠨ ᠳᠣᠣᠷᠠᠬᠢ ᠠᠷᠪᠠᠨ ᠬᠣᠶᠠᠷ ᠦᠬᠡᠷ᠂ 45 ᠲᠣᠭᠣᠭ᠎ᠠ᠂ ᠤᠳᠬᠤᠭᠤᠷ᠂ ᠬᠤᠯᠤ ᠠᠶᠠᠭ᠎ᠠ ᠵᠡᠷᠭᠡ ᠶᠢ ᠰᠣᠯᠣᠮᠣᠨ ᠬᠠᠭᠠᠨ ᠤ ᠲᠥᠯᠥᠭᠡ ᠶᠣᠬᠣᠸᠠ ᠶᠢᠨ ᠥᠷᠭᠥᠭᠡᠨ ᠳᠦ ᠵᠣᠷᠢᠭᠤᠯᠤᠨ ᠬᠢᠭᠰᠡᠨ ᠪᠥᠭᠡᠳ ᠡᠳᠡᠭᠡᠷ ᠪᠦᠬᠦ ᠬᠡᠷᠡᠭᠰᠡᠯ ᠢ ᠥᠩᠭᠡᠯᠡᠭᠰᠡᠨ ᠬᠦᠷᠡᠯ ᠢᠶᠡᠷ ᠪᠦᠲᠦᠭᠡᠵᠡᠢ᠃ 46 ᠬᠠᠭᠠᠨ ᠰᠦᠺᠣᠲ ᠪᠠ ᠽᠠᠷᠧᠲ᠋ᠠᠨ ᠤ ᠬᠣᠭᠣᠷᠣᠨᠳᠣᠬᠢ ᠶᠣᠷᠳᠠᠨ ᠤ ᠬᠥᠨᠳᠡᠢ ᠶᠢᠨ ᠰᠢᠪᠠᠷ ᠢᠶᠠᠷ ᠬᠡᠪ ᠬᠢᠵᠦ ᠡᠳᠡᠭᠡᠷ ᠢ ᠬᠢᠯᠭᠡᠵᠡᠢ᠃ 47 ᠮᠠᠰᠢ ᠣᠯᠠᠨ ᠬᠡᠷᠡᠭᠰᠡᠯ ᠪᠠᠢᠭᠰᠠᠨ ᠲᠤᠯᠠ ᠰᠣᠯᠣᠮᠣᠨ ᠡᠳᠡᠭᠡᠷ ᠪᠦᠬᠦᠨ ᠢ ᠬᠡᠮᠵᠢᠯ ᠦᠭᠡᠢ ᠣᠷᠬᠢᠭᠰᠠᠨ ᠤ ᠤᠯᠠᠮ ᠢᠶᠠᠷ ᠬᠦᠷᠡᠯ ᠦᠨ ᠵᠢᠩ ᠢ ᠮᠡᠳᠡᠬᠦ ᠶᠢᠨ ᠠᠷᠭ᠎ᠠ ᠦᠭᠡᠢ ᠪᠣᠯᠵᠠᠢ᠃
48 ᠰᠣᠯᠣᠮᠣᠨ ᠶᠣᠬᠣᠸᠠ ᠶᠢᠨ ᠥᠷᠭᠥᠭᠡᠨ ᠦ ᠠᠯᠢᠪᠠ ᠬᠡᠷᠡᠭᠰᠡᠯ ᠢ ᠴᠤ ᠦᠢᠯᠡᠳᠴᠡᠢ᠃ ᠠᠯᠲᠠᠨ ᠲᠠᠬᠢᠯ ᠤᠨ ᠰᠢᠷᠡᠭᠡ᠂ ᠲᠠᠪᠢᠭ ᠪᠣᠣᠪᠣ᠂ ᠪᠣᠣᠪᠣ ᠲᠠᠯᠪᠢᠳᠠᠭ ᠠᠯᠲᠠᠨ ᠰᠢᠷᠡᠭᠡ᠂ 49 ᠳ᠋ᠧᠩ ᠤᠨ ᠲᠠᠯᠪᠢᠭᠤᠷ᠂ ᠲᠤᠬᠠᠢᠯᠠᠪᠠᠯ ᠳᠣᠲᠣᠭᠠᠳᠤ ᠠᠷᠢᠭᠤᠨ ᠲᠠᠩᠬᠢᠮ ᠤᠨ ᠪᠠᠷᠠᠭᠤᠨ ᠵᠡᠭᠦᠨ ᠲᠠᠯ᠎ᠠ ᠳᠤ ᠲᠠᠪᠤ ᠲᠠᠪᠤ ᠪᠠᠷ ᠪᠠᠢᠷᠢᠯᠠᠭᠤᠯᠬᠤ ᠰᠢᠵᠢᠷ ᠠᠯᠲᠠᠨ ᠲᠠᠯᠪᠢᠭᠤᠷ ᠬᠢᠭᠡᠳ ᠴᠡᠴᠡᠭ ᠤᠳ᠂ ᠳ᠋ᠧᠩ ᠤᠳ᠂ ᠴᠢᠮᠬᠢᠭᠦᠷ ᠤᠳ᠂ 50 ᠮᠥᠨ ᠰᠢᠵᠢᠷ ᠠᠯᠲᠠᠨ ᠠᠶᠠᠭ᠎ᠠ᠂ ᠬᠢᠮᠰᠠ᠂ ᠬᠤᠯᠤ ᠠᠶᠠᠭ᠎ᠠ᠂ ᠲᠠᠪᠠᠭ᠂ ᠪᠣᠢᠫᠣᠷ ᠬᠢᠭᠡᠳ ᠳᠣᠲᠣᠭᠠᠳᠤ ᠥᠷᠭᠥᠭᠡ᠂ ᠲᠤᠬᠠᠢᠯᠠᠪᠠᠯ ᠠᠷᠢᠭᠤᠨ ᠠᠴᠠ ᠠᠷᠢᠭᠤᠨ ᠭᠠᠵᠠᠷ ᠪᠤᠶᠤ ᠥᠷᠭᠥᠭᠡᠨ ᠦ ᠭᠣᠣᠯ ᠲᠠᠩᠬᠢᠮ ᠤᠨ ᠬᠠᠭᠠᠯᠭᠠᠨ ᠳᠤ ᠬᠢᠬᠦ ᠠᠯᠲᠠᠨ ᠨᠤᠭᠤᠰᠤ ᠵᠡᠷᠭᠡ ᠶᠢ ᠦᠢᠯᠡᠳᠪᠡ᠃
51 ᠲᠡᠢᠨ ᠬᠦ ᠰᠣᠯᠣᠮᠣᠨ ᠬᠠᠭᠠᠨ ᠶᠣᠬᠣᠸᠠ ᠶᠢᠨ ᠥᠷᠭᠥᠭᠡᠨ ᠦ ᠲᠥᠯᠥᠭᠡ ᠬᠢᠬᠦ ᠪᠦᠬᠦ ᠠᠵᠢᠯ ᠢᠶᠠᠨ ᠳᠠᠭᠤᠰᠬᠠᠪᠠ᠃ ᠰᠣᠯᠣᠮᠣᠨ ᠡᠴᠢᠭᠡ ᠳ᠋ᠠᠸᠢᠳ᠋ ᠤᠨ ᠢᠶᠠᠨ ᠡᠷᠭᠦᠭᠰᠡᠨ ᠠᠯᠲᠠ᠂ ᠮᠥᠩᠭᠥ ᠪᠣᠯᠣᠨ ᠡᠳ᠋ ᠵᠦᠢᠯᠡᠰ ᠢ ᠠᠪᠴᠢᠷᠠᠵᠤ᠂ ᠶᠣᠬᠣᠸᠠ ᠶᠢᠨ ᠥᠷᠭᠥᠭᠡᠨ ᠦ ᠬᠥᠮᠥᠷᠭᠡ ᠳᠦ ᠣᠷᠣᠭᠤᠯᠤᠭᠰᠠᠨ ᠪᠠᠢᠯ᠎ᠠ᠃