1 2 3


ᠽᠧᠹᠠᠨᠢᠶ᠎ᠠ ᠭᠤᠷᠪᠠ
 ᠭᠡᠮᠰᠢᠯ ᠦᠭᠡᠢ ᠶᠧᠷᠦ᠋ᠰᠠᠯᠧᠮ
1 ᠪᠤᠵᠠᠷ ᠪᠤᠯᠠᠢ᠂ ᠳᠠᠷᠤᠯᠠᠭᠴᠢᠳ ᠤᠨ ᠬᠣᠲᠠ ᠭᠠᠰᠠᠯᠠᠩᠲᠠᠶ᠎ᠠ︕
2 ᠲᠡᠷᠡ ᠪᠡᠷ ᠳᠠᠭᠤ ᠶᠢ ᠰᠣᠨᠣᠰᠳᠠᠭ ᠦᠭᠡᠢ ᠵᠢᠭᠠᠪᠤᠷᠢ ᠶᠢ ᠬᠦᠯᠢᠶᠡᠨ ᠠᠪᠳᠠᠭ ᠦᠭᠡᠢ ᠶᠣᠬᠣᠸᠠ ᠳᠤ ᠢᠲᠡᠭᠡᠳᠡᠭ ᠦᠭᠡᠢ ᠥᠪᠡᠷ ᠦᠨ ᠢᠶᠠᠨ ᠪᠤᠷᠬᠠᠨ ᠳᠤ ᠣᠢᠷᠠᠲᠤᠳᠠᠭ ᠦᠭᠡᠢ᠂
3 ᠲᠡᠭᠦᠨ ᠦ ᠳᠣᠲᠣᠷᠠᠬᠢ ᠲᠦᠰᠢᠮᠡᠳ ᠨᠢ ᠠᠷᠬᠢᠷᠠᠭᠴᠢ ᠠᠷᠰᠯᠠᠨ ᠰᠢᠭᠦᠭᠴᠢᠳ ᠨᠢ ᠥᠷᠯᠥᠭᠡ ᠪᠣᠯᠲᠠᠯ᠎ᠠ ᠶᠠᠭᠤ ᠴᠤ ᠦᠯᠡᠳᠡᠭᠡᠳᠡᠭ ᠦᠭᠡᠢ ᠦᠳᠡᠰᠢ ᠶᠢᠨ ᠴᠢᠨᠣ᠎ᠠ
4 ᠡᠰᠢ ᠦᠵᠡᠭᠦᠯᠦᠭᠴᠢᠳ ᠨᠢ ᠪᠣᠳᠣᠯᠭ᠎ᠠ ᠦᠭᠡᠢ᠂ ᠢᠲᠡᠭᠡᠮᠵᠢ ᠦᠭᠡᠢ ᠡᠲᠡᠭᠡᠳ ᠲᠠᠬᠢᠯᠴᠢᠳ ᠨᠢ ᠠᠷᠢᠭᠤᠨ ᠭᠠᠵᠠᠷ ᠢ ᠪᠤᠵᠠᠷᠯᠠᠵᠤ ᠬᠠᠤᠯᠢ ᠶᠢ ᠵᠥᠷᠢᠴᠡᠳᠡᠭ᠃
5 ᠭᠡᠪᠡᠴᠦ ᠲᠡᠭᠦᠨ ᠦ ᠳᠣᠲᠣᠷ᠎ᠠ ᠶᠣᠬᠣᠸᠠ ᠪᠣᠯ ᠵᠥᠪᠲᠦ᠂ ᠪᠤᠷᠤᠭᠤ ᠶᠢ ᠦᠢᠯᠡᠳᠳᠡᠭ ᠦᠭᠡᠢ ᠥᠷᠯᠥᠭᠡ ᠪᠦᠷᠢ ᠠᠯᠳᠠᠯ ᠦᠭᠡᠢ ᠰᠢᠳᠤᠷᠭᠤ ᠶᠣᠰᠣ ᠪᠠᠨ ᠢᠯᠡᠷᠬᠡᠶᠢᠯᠡᠳᠡᠭ ᠪᠣᠯ᠂ ᠪᠤᠷᠤᠭᠤᠲᠠᠨ ᠢᠴᠢᠬᠦ ᠪᠡᠨ ᠮᠡᠳᠡᠳᠡᠭ ᠦᠭᠡᠢ᠃
6 ᠪᠢ ᠦᠨᠳᠦᠰᠦᠲᠡᠨ ᠨᠦᠭᠦᠳ ᠢ ᠤᠰᠠᠳᠬᠠᠬᠤ ᠳᠤ ᠪᠡᠬᠢᠯᠡᠯᠲᠡ ᠨᠦᠭᠦᠳ ᠨᠢ ᠪᠠᠯᠭᠠᠰᠤ ᠪᠣᠯᠪᠠ᠂ ᠪᠢ ᠭᠤᠳᠤᠮᠵᠢ ᠨᠤᠭᠤᠳ ᠢ ᠨᠢ ᠬᠣᠭᠣᠰᠣᠷᠠᠭᠤᠯᠬᠤ ᠳᠤ ᠲᠡᠷᠡᠭᠦᠷ ᠥᠩᠭᠡᠷᠡᠭᠴᠢ ᠨᠢ ᠠᠯᠠᠭ᠎ᠠ ᠡᠢᠨ ᠬᠦ ᠲᠡᠳᠡᠨ ᠦ ᠬᠣᠲᠠ ᠨᠤᠭᠤᠳ ᠬᠥᠮᠦᠨ ᠦᠭᠡᠢ᠂ ᠰᠠᠭᠤᠭᠠᠯᠢᠴᠢᠳ ᠦᠭᠡᠢ ᠡᠵᠡᠭᠦᠢᠷᠡᠵᠡᠢ᠃
7 《ᠵᠠᠪᠠᠯ ᠴᠢ ᠨᠠᠮᠠᠶᠢ ᠬᠦᠨᠳᠦᠳᠬᠡᠵᠦ ᠵᠢᠭᠠᠪᠤᠷᠢ ᠶᠢ ᠬᠦᠯᠢᠶᠡᠨ ᠠᠪᠬᠤ ᠶᠣᠰᠣᠲᠠᠢ》 ᠭᠡᠵᠦ ᠪᠢ ᠬᠡᠯᠡᠭᠰᠡᠨ 《ᠲᠡᠭᠡᠪᠡᠯ ᠰᠠᠭᠤᠳᠠᠭ ᠭᠠᠵᠠᠷ ᠨᠢ ᠤᠰᠠᠳᠬᠠᠭᠳᠠᠬᠤ ᠦᠭᠡᠢ ᠰᠢᠳᠬᠡᠯ ᠮᠢᠨᠢ ᠶᠡᠷᠦ ᠲᠡᠭᠦᠨ ᠳᠦ ᠪᠠᠭᠤᠬᠤ ᠦᠭᠡᠢ》 ᠭᠡᠰᠡᠨ ᠭᠡᠪᠡᠴᠦ ᠲᠡᠳᠡ ᠨᠡᠩ ᠢᠳᠡᠪᠬᠢᠲᠡᠢ ᠪᠠᠷ ᠪᠤᠵᠠᠷ ᠦᠢᠯᠡ ᠶᠢ ᠬᠢᠪᠡ᠃
 ᠰᠢᠳᠬᠡᠯ ᠪᠠ ᠰᠢᠨᠡᠴᠢᠯᠡᠯᠲᠡ
8 ᠲᠡᠢᠮᠦ ᠡᠴᠡ ᠲᠠ ᠨᠠᠷ ᠨᠠᠮᠠᠶᠢ ᠬᠦᠯᠢᠶᠡᠵᠦ ᠪᠠᠢ ᠶᠣᠬᠣᠸᠠ ᠠᠢᠯᠠᠳᠴᠤ ᠪᠠᠢᠨ᠎ᠠ ᠨᠢᠭᠡᠨ ᠡᠳᠦᠷ ᠪᠢ ᠪᠣᠰᠴᠤ ᠲᠡᠳᠡᠨ ᠢ ᠲᠣᠨᠣᠨ᠎ᠠ ᠪᠢ ᠦᠨᠳᠦᠰᠦᠲᠡᠨ ᠨᠦᠭᠦᠳ ᠢ ᠬᠤᠷᠢᠶᠠᠨ᠂ ᠬᠠᠭᠠᠨᠴᠢᠯᠠᠯ ᠤᠳ ᠢ ᠴᠤᠭᠯᠠᠭᠤᠯᠵᠤ ᠳᠦᠷᠡᠯᠵᠡᠵᠦ ᠪᠤᠢ ᠪᠦᠬᠦ ᠬᠢᠯᠢᠩ ᠢᠶᠠᠨ ᠲᠡᠳᠡᠨ ᠳᠡᠭᠡᠷ᠎ᠡ ᠠᠰᠬᠠᠬᠤ ᠪᠠᠷ ᠰᠢᠢᠳᠴᠡᠢ ᠪᠦᠬᠦ ᠳᠡᠯᠡᠬᠡᠢ ᠮᠢᠨᠦ ᠬᠠᠷᠠᠳᠠᠯᠲᠠ ᠶᠢᠨ ᠭᠠᠯ ᠳᠤ ᠴᠥᠯᠮᠦᠭᠳᠡᠬᠦ ᠪᠣᠯᠣᠨ᠎ᠠ᠃
9 ᠲᠡᠷᠡ ᠦᠶ᠎ᠡ ᠳᠦ ᠪᠢ ᠦᠨᠳᠦᠰᠦᠲᠡᠨ ᠨᠦᠭᠦᠳ ᠢ ᠰᠢᠨᠡᠴᠢᠯᠡᠵᠦ ᠣᠷᠣᠭᠤᠯ ᠢ ᠨᠢ ᠴᠡᠪᠡᠷᠯᠡᠨ᠎ᠡ ᠲᠡᠳᠡ ᠪᠦᠭᠦᠳᠡᠭᠡᠷ ᠢᠶᠡᠨ ᠶᠣᠬᠣᠸᠠ ᠶᠢᠨ ᠨᠡᠷ᠎ᠡ ᠶᠢ ᠳᠠᠭᠤᠳᠠᠵᠤ᠂ ᠮᠥᠷᠥ ᠵᠡᠷᠭᠡᠴᠡᠨ ᠲᠡᠭᠦᠨ ᠳᠦ ᠦᠢᠯᠡᠴᠢᠯᠡᠬᠦ ᠪᠣᠯᠣᠨ᠎ᠠ᠃
10 ᠨᠠᠳᠠ ᠳᠤ ᠮᠥᠷᠭᠥᠭᠴᠢᠳ᠂ ᠲᠠᠷᠬᠠᠭᠰᠠᠨ ᠥᠬᠢᠳ ᠮᠢᠨᠢ ᠺᠦᠱ ᠤᠨ ᠮᠥᠷᠡᠨ ᠦ ᠴᠢᠨᠠᠳᠤ ᠠᠴᠠ ᠴᠤ ᠨᠠᠳᠠ ᠳᠤ ᠡᠷᠭᠦᠯ ᠠᠪᠴᠢᠷᠠᠬᠤ ᠪᠣᠯᠣᠨ᠎ᠠ᠃
11 ᠮᠢᠨᠦ ᠡᠰᠡᠷᠭᠦ ᠦᠢᠯᠡᠳᠦᠭᠰᠡᠨ ᠪᠦᠬᠦ ᠦᠢᠯᠡ ᠶᠢᠨ ᠢᠶᠠᠨ ᠤᠯᠠᠮ ᠢᠶᠠᠷ ᠴᠢ ᠲᠡᠷᠡ ᠡᠳᠦᠷ ᠢᠴᠢᠭᠦᠷᠢ ᠳᠤ ᠣᠷᠣᠬᠤ ᠦᠭᠡᠢ ᠪᠢ ᠲᠠ ᠨᠠᠷ ᠤᠨ ᠳᠤᠮᠳᠠ ᠠᠴᠠ ᠬᠥᠭᠡᠷᠦᠨ ᠣᠩᠭᠢᠷᠠᠭᠴᠢᠳ ᠢ ᠵᠠᠢᠯᠠᠭᠤᠯᠬᠤ ᠲᠤᠯᠠ ᠲᠠ ᠨᠠᠷ ᠠᠷᠢᠭᠤᠨ ᠠᠭᠤᠯᠠᠨ ᠳᠡᠭᠡᠷ᠎ᠡ ᠮᠢᠨᠢ ᠰᠠᠭᠰᠠᠭᠤᠷᠠᠬᠤ ᠪᠠᠨ ᠪᠣᠯᠢᠨ᠎ᠠ᠃
12 ᠲᠠ ᠨᠠᠷ ᠤᠨ ᠳᠤᠮᠳᠠ ᠪᠤᠢ ᠳᠠᠷᠤᠤ᠂ ᠳᠥᠯᠭᠡᠨ ᠬᠥᠮᠦᠰ ᠢ ᠯᠠ ᠦᠯᠡᠳᠡᠭᠡᠨ᠎ᠡ ᠲᠡᠳᠡ ᠶᠣᠬᠣᠸᠠ ᠶᠢᠨ ᠨᠡᠷ᠎ᠡ ᠳᠦ ᠨᠠᠢᠳᠠᠬᠤ ᠪᠣᠯᠣᠨ᠎ᠠ᠃
13 ᠢᠰᠷᠧᠯ ᠤᠨ ᠦᠯᠡᠳᠡᠭᠰᠡᠳ ᠵᠥᠪ ᠪᠤᠰᠤ ᠶᠢ ᠦᠢᠯᠡᠳᠬᠦ ᠦᠭᠡᠢ ᠬᠤᠳᠠᠯ ᠶᠠᠷᠢᠬᠤ ᠦᠭᠡᠢ ᠠᠮᠠᠨ ᠳᠤᠨᠢ ᠵᠠᠯᠢ ᠮᠡᠬᠡ ᠠᠯᠠᠭ᠎ᠠ ᠲᠡᠳᠡᠨ ᠦ ᠬᠤᠪᠢ ᠳᠤ᠂ ᠬᠣᠭᠣᠯᠠᠯᠠᠬᠤ ᠪᠠ ᠬᠡᠪᠲᠡᠬᠦ ᠳᠦᠨᠢ ᠠᠶᠤᠯᠭᠠᠬᠤ ᠬᠥᠮᠦᠨ ᠠᠯᠠᠭ᠎ᠠ᠃
 ᠪᠠᠶᠠᠷ ᠤᠨ ᠳᠠᠭᠤᠯᠠᠯ
14 ᠳᠠᠭᠤᠯᠠ᠂ ᠽᠢᠶᠣᠨ ᠤ ᠥᠬᠢᠨ ᠡ︕ ᠤᠤᠬᠠᠢᠯᠠ᠂ ᠢᠰᠷᠧᠯ ᠡ᠂ ᠪᠦᠬᠦ ᠵᠢᠷᠦᠬᠡ ᠪᠡᠷ ᠢᠶᠠᠨ ᠪᠠᠶᠠᠰᠤᠨ᠂ ᠪᠠᠶᠠᠷᠯᠠ︕ ᠶᠧᠷᠦ᠋ᠰᠠᠯᠧᠮ ᠥᠬᠢᠨ ᠡ᠂
15 ᠶᠣᠬᠣᠸᠠ ᠰᠢᠳᠬᠡᠯ ᠢᠶᠡᠨ ᠪᠤᠴᠠᠭᠠᠨ ᠳᠠᠢᠰᠤᠨ ᠨᠤᠭᠤᠳ ᠢ ᠴᠢᠨᠢ ᠡᠷᠭᠢᠭᠦᠯᠵᠡᠢ ᠢᠰᠷᠧᠯ ᠤᠨ ᠬᠠᠭᠠᠨ᠂ ᠶᠣᠬᠣᠸᠠ ᠴᠢᠮ᠎ᠠ ᠲᠠᠢ ᠬᠠᠮᠲᠤ ᠪᠠᠢᠨ᠎ᠠ ᠬᠣᠣᠷ ᠬᠥᠨᠥᠭᠡᠯ ᠡᠴᠡ ᠳᠠᠬᠢᠵᠤ ᠪᠦᠦ ᠠᠶᠤ᠃
16 ᠲᠡᠷᠡ ᠡᠳᠦᠷ ᠶᠧᠷᠦ᠋ᠰᠠᠯᠧᠮ ᠳᠤ ᠡᠢᠨ ᠬᠦ ᠶᠠᠷᠢᠭᠳᠠᠨ᠎ᠠ᠄ 《ᠽᠢᠶᠣᠨ ᠡ᠂ ᠪᠦᠦ ᠠᠶᠤ᠂ ᠪᠦᠦ ᠵᠣᠷᠢᠭ ᠠᠯᠳᠠ᠃
17 ᠴᠢᠨᠦ ᠪᠤᠷᠬᠠᠨ ᠶᠣᠬᠣᠸᠠ ᠴᠢᠨᠦ ᠳᠤᠮᠳᠠ ᠪᠠᠢᠨ᠎ᠠ ᠬᠦᠴᠦᠲᠦ ᠨᠢᠭᠡᠨ ᠴᠢᠮᠠᠶᠢ ᠠᠪᠤᠷᠠᠵᠤ ᠴᠢᠨᠦ ᠳᠡᠭᠡᠷ᠎ᠡ ᠪᠠᠶᠠᠷᠯᠠᠨ ᠪᠠᠬᠠᠳᠤᠨ᠎ᠠ ᠲᠡᠷᠡ ᠴᠢᠮᠠᠶᠢ ᠬᠠᠢᠷ᠎ᠠ ᠪᠠᠷ ᠢᠶᠠᠨ ᠨᠠᠮ ᠭᠦᠮ ᠪᠣᠯᠭᠠᠵᠤ ᠴᠢᠨᠦ ᠳᠡᠭᠡᠷ᠎ᠡ ᠤᠤᠬᠠᠢᠯᠠᠨ ᠪᠠᠶᠠᠰᠤᠨ᠎ᠠ
18 ᠨᠠᠢᠷ ᠨᠠᠭᠠᠳᠤᠮ ᠳᠤ ᠣᠴᠢᠵᠤ ᠴᠢᠳᠠᠬᠤ ᠦᠭᠡᠢ ᠭᠠᠴᠢᠭᠳᠠᠭᠰᠠᠳ ᠢ ᠪᠢ ᠴᠤᠭᠯᠠᠭᠤᠯᠤᠨ᠎ᠠ ᠲᠠ ᠨᠠᠷ ᠢᠴᠢᠭᠦᠷᠢ ᠶᠢ ᠳᠠᠬᠢᠨ ᠡᠭᠦᠷᠬᠦ ᠦᠭᠡᠢ᠂
19 ᠬᠠᠷᠠ᠂ ᠲᠠ ᠨᠠᠷ ᠢ ᠵᠣᠪᠠᠭᠠᠵᠤ ᠪᠠᠢᠭ᠎ᠠ ᠪᠦᠭᠦᠳᠡ ᠳᠦ ᠪᠢ ᠲᠡᠷᠡ ᠴᠠᠭ ᠲᠤ ᠬᠠᠷᠢᠭᠤᠯᠤᠨ᠎ᠠ ᠪᠢ ᠳᠣᠭᠣᠯᠠᠩ ᠢ ᠠᠪᠤᠷᠠᠵᠤ᠂ ᠬᠥᠭᠡᠭᠡᠭᠳᠡᠭᠰᠡᠳ ᠢ ᠴᠤᠭᠯᠠᠭᠤᠯᠤᠨ᠎ᠠ ᠢᠴᠢᠭᠦᠷᠢ ᠡᠭᠦᠷᠦᠭᠰᠡᠨ ᠭᠠᠵᠠᠷ ᠪᠣᠯᠭᠠᠨ ᠳᠤᠨᠢ ᠠᠯᠳᠠᠷ ᠮᠠᠭᠲᠠᠭᠠᠯ ᠢ ᠪᠢ ᠲᠡᠳᠡᠨ ᠳᠦ ᠬᠦᠷᠲᠡᠭᠡᠨ᠎ᠡ᠃
20 ᠲᠡᠷᠡ ᠴᠠᠭ ᠲᠤ ᠪᠢ ᠲᠠ ᠨᠠᠷ ᠢ ᠴᠤᠭᠯᠠᠭᠤᠯᠤᠨ᠎ᠠ ᠲᠡᠷᠡ ᠴᠠᠭ ᠲᠤ ᠪᠢ ᠲᠠ ᠨᠠᠷ ᠢ ᠪᠤᠴᠠᠭᠠᠨ ᠠᠪᠴᠢᠷᠠᠨ᠎ᠠ ᠪᠢ ᠥᠪᠡᠷᠰᠡᠳ ᠦᠨ ᠴᠢᠨᠢ ᠨᠢᠳᠦᠨ ᠦ ᠡᠮᠦᠨ᠎ᠡ ᠲᠠ ᠨᠠᠷ ᠢ ᠴᠥᠯᠡᠯᠭᠡ ᠡᠴᠡ ᠠᠪᠴᠢᠷᠠᠨ᠎ᠠ ᠲᠡᠷᠡ ᠦᠶ᠎ᠡ ᠳᠦ ᠪᠢ ᠳᠡᠯᠡᠬᠡᠢ ᠶᠢᠨ ᠪᠦᠬᠦ ᠦᠨᠳᠦᠰᠦᠲᠡᠨ ᠦ ᠳᠤᠮᠳᠠ ᠲᠠ ᠨᠠᠷ ᠲᠤ ᠮᠠᠭᠲᠠᠭᠠᠯ᠂ ᠠᠯᠳᠠᠷ ᠢ ᠬᠦᠷᠲᠡᠭᠡᠨ᠎ᠡ᠃》 ᠶᠣᠬᠣᠸᠠ ᠠᠢᠯᠠᠳᠤᠯ᠎ᠠ᠃