ᠷᠦᠲ ᠬᠣᠶᠠᠷ
ᠷᠦᠲ ᠤᠨ ᠬᠥᠳᠡᠯᠮᠦᠷᠢ ᠪᠠ ᠪᠣᠶᠠᠽ ᠤᠨ ᠲᠠᠭᠠᠯᠠᠯ
1 ᠨᠠᠶᠣᠮᠢ ᠶᠢᠨ ᠨᠥᠬᠥᠷ ᠦᠨ ᠬᠢᠨᠢ ᠬᠠᠮᠢᠶᠠᠲᠠᠨ ᠪᠣᠯᠬᠤ ᠬᠦᠴᠦ ᠲᠠᠢ᠂ ᠬᠥᠷᠥᠩᠭᠡ ᠲᠠᠢ ᠬᠥᠮᠦᠨ ᠪᠠᠢᠵᠠᠢ᠃ ᠲᠡᠷᠡ ᠬᠥᠮᠦᠨ ᠡᠯᠢᠮᠧᠯᠧᠺ ᠤᠨ ᠠᠢᠮᠠᠭ ᠤᠨ ᠬᠢ ᠪᠥᠭᠡᠳ ᠨᠡᠷ᠎ᠡ ᠶᠢ ᠨᠢ ᠪᠣᠶᠠᠽ ᠭᠡᠳᠡᠭ ᠪᠠᠢᠪᠠ᠃ 2 ᠮᠣᠶᠠᠪ ᠡᠮᠡᠭᠲᠡᠢ ᠷᠦᠲ ᠨᠠᠶᠣᠮᠢ ᠳᠤ᠄ 《ᠪᠢ ᠲᠠᠷᠢᠶᠠᠨ ᠲᠠᠯᠠᠪᠠᠢ ᠤᠷᠤᠭᠤ ᠶᠠᠪᠤᠭᠠᠳ ᠦᠵᠡᠬᠦ ᠤᠤ︖ ᠬᠡᠨ ᠨᠢᠭᠡᠨ ᠦ ᠲᠠᠭᠠᠯᠠᠯ ᠢ ᠣᠯᠪᠠᠯ ᠪᠢ ᠲᠡᠭᠦᠨ ᠦ ᠠᠷᠤ ᠠᠴᠠ ᠶᠠᠪᠤᠵᠤ᠂ ᠣᠷᠬᠢᠭᠳᠠᠭᠰᠠᠨ ᠲᠠᠷᠢᠶᠠᠨ ᠲᠦᠷᠦᠭᠦᠦ ᠶᠢ ᠲᠡᠭᠦᠵᠦ ᠠᠪᠤᠶ᠎ᠠ》 ᠭᠡᠬᠦ ᠳᠦ᠂ ᠲᠡᠷᠡ᠄ 《ᠥᠬᠢᠨ ᠮᠢᠨᠢ᠂ ᠶᠠᠪᠤ︕》 ᠭᠡᠪᠡ᠃ 3 ᠡᠢᠨ ᠬᠦ ᠷᠦᠲ ᠭᠠᠷᠴᠤ᠂ ᠲᠠᠷᠢᠶ᠎ᠠ ᠬᠠᠳᠤᠭᠴᠢᠳ ᠤᠨ ᠠᠷᠤ ᠠᠴᠠ ᠶᠠᠪᠤᠵᠤ ᠲᠠᠷᠢᠶᠠᠨ ᠲᠦᠷᠦᠭᠦᠦ ᠶᠢ ᠲᠡᠭᠦᠵᠦ ᠪᠠᠢᠭᠠᠳ ᠡᠯᠢᠮᠧᠯᠧᠺ ᠤᠨ ᠠᠢᠮᠠᠭ ᠤᠨ ᠪᠣᠶᠠᠽ ᠤᠨ ᠲᠠᠷᠢᠶᠠᠨ ᠲᠠᠯᠠᠪᠠᠢ ᠳᠡᠭᠡᠷ᠎ᠡ ᠰᠠᠨᠠᠭᠠᠨ ᠳᠤ ᠦᠭᠡᠢ ᠬᠦᠷᠴᠦ ᠢᠷᠡᠵᠡᠢ᠃ 4 ᠶᠠᠭ ᠲᠡᠷᠡ ᠦᠶ᠎ᠡ ᠳᠦ ᠪᠣᠶᠠᠽ ᠪᠧᠲ᠋ᠯᠧᠾᠧᠮ ᠡᠴᠡ ᠢᠷᠡᠭᠰᠡᠨ ᠪᠠᠢᠯ᠎ᠠ᠃ ᠲᠡᠷᠡ ᠪᠡᠷ ᠲᠠᠷᠢᠶ᠎ᠠ ᠬᠠᠳᠤᠭᠴᠢᠳ ᠲᠤ᠄ 《ᠶᠣᠬᠣᠸᠠ ᠲᠠ ᠨᠠᠷ ᠲᠠᠢ ᠬᠠᠮᠲᠤ ᠪᠠᠢᠬᠤ ᠪᠣᠯᠲᠤᠭᠠᠢ》 ᠭᠡᠬᠦ ᠳᠦ᠂ ᠲᠡᠳᠡ᠄ 《ᠶᠣᠬᠣᠸᠠ ᠲᠠᠨ ᠢ ᠢᠪᠡᠭᠡᠬᠦ ᠪᠣᠯᠲᠤᠭᠠᠢ》 ᠭᠡᠵᠡᠭᠡᠪᠡ᠃ 5 ᠪᠣᠶᠠᠽ ᠲᠠᠷᠢᠶ᠎ᠠ ᠬᠠᠳᠤᠭᠴᠢᠳ ᠢ ᠬᠠᠷᠢᠭᠤᠴᠠᠭᠰᠠᠨ ᠵᠠᠷᠤᠴᠠ ᠠᠴᠠ ᠪᠠᠨ᠄ 《ᠲᠡᠷᠡ ᠵᠠᠯᠠᠭᠤ ᠪᠦᠰᠡᠭᠦᠢ ᠬᠡᠨ ᠦ ᠭᠡᠷ ᠦᠨ ᠬᠢᠨ ᠪᠤᠢ︖》 ᠭᠡᠵᠦ ᠠᠰᠠᠭᠤᠬᠤ ᠳᠤ᠂ 6 ᠲᠠᠷᠢᠶ᠎ᠠ ᠬᠠᠳᠤᠭᠴᠢᠳ ᠢ ᠬᠠᠷᠢᠭᠤᠴᠠᠭᠰᠠᠨ ᠵᠠᠷᠤᠴᠠ᠄ 《ᠲᠡᠷᠡ ᠪᠣᠯ ᠮᠣᠶᠠᠪ ᠤᠨ ᠨᠤᠲᠤᠭ ᠠᠴᠠ ᠨᠠᠶᠣᠮᠢ ᠲᠠᠢ ᠬᠠᠮᠲᠤ ᠢᠷᠡᠭᠰᠡᠨ ᠮᠣᠶᠠᠪ ᠤᠨ ᠵᠠᠯᠠᠭᠤ ᠪᠦᠰᠡᠭᠦᠢ᠃ 7 ᠲᠡᠷᠡ ᠡᠮᠡᠭᠲᠡᠢ᠄ 〈ᠲᠠᠷᠢᠶ᠎ᠠ ᠬᠠᠳᠤᠭᠴᠢᠳ ᠤᠨ ᠠᠷᠤ ᠠᠴᠠ ᠶᠠᠪᠤᠵᠤ ᠪᠣᠭᠣᠵᠢᠯᠠᠭᠰᠠᠨ ᠲᠠᠷᠢᠶᠠᠨ ᠳᠤᠮᠳᠠ ᠣᠷᠬᠢᠭᠳᠠᠭᠰᠠᠨ ᠲᠦᠷᠦᠭᠦᠦ ᠶᠢ ᠲᠡᠭᠦᠬᠦ ᠶᠢ ᠵᠥᠪᠰᠢᠶᠡᠷᠡᠭᠡᠴᠢ〉 ᠭᠡᠰᠡᠨ᠃ ᠲᠡᠷᠡ ᠥᠷᠯᠥᠭᠡ ᠢᠷᠡᠭᠡᠳ ᠣᠳᠣ ᠬᠦᠷᠲᠡᠯ᠎ᠡ ᠪᠠᠢᠭᠰᠠᠭᠠᠷ ᠪᠠᠢᠨ᠎ᠠ᠂ ᠣᠪᠣᠬᠠᠢ ᠳᠤ ᠲᠦᠷ ᠵᠠᠭᠤᠷ᠎ᠠ ᠯᠠ ᠠᠮᠠᠷᠠᠭᠰᠠᠨ》 ᠭᠡᠪᠡ᠃
8 ᠪᠣᠶᠠᠽ ᠷᠦᠲ ᠲᠤ᠄ 《ᠰᠣᠨᠣᠰᠴᠤ ᠪᠠᠢᠨ᠎ᠠ ᠤᠤ︖ ᠥᠬᠢᠨ ᠮᠢᠨᠢ᠃ ᠥᠭᠡᠷ᠎ᠡ ᠲᠠᠷᠢᠶᠠᠨ ᠲᠠᠯᠠᠪᠠᠢ ᠳᠤ ᠣᠴᠢᠬᠤ ᠬᠡᠷᠡᠭ ᠦᠭᠡᠢ᠂ ᠡ᠊ᠨᠳᠡ ᠡᠴᠡ ᠪᠦᠦ ᠶᠠᠪᠤ᠂ ᠮᠢᠨᠦ ᠰᠢᠪᠡᠭᠴᠢᠨ ᠥᠬᠢᠳ ᠤᠨ ᠣᠢᠷ᠎ᠠ ᠵᠠᠭᠤᠷ᠎ᠠ ᠪᠠᠢᠭᠠᠷᠠᠢ᠃ 9 ᠴᠢ ᠡᠷᠡᠴᠦᠳ ᠦᠨ ᠬᠠᠳᠤᠵᠤ ᠪᠠᠢᠭ᠎ᠠ ᠲᠠᠯᠠᠪᠠᠢ ᠤᠷᠤᠭᠤ ᠨᠢᠳᠦ ᠬᠠᠶᠠᠵᠤ᠂ ᠡᠮᠡᠭᠲᠡᠢᠴᠦᠳ ᠦᠨ ᠠᠷᠤ ᠠᠴᠠ ᠪᠠᠷᠠᠭᠠᠳᠠᠨ ᠶᠠᠪᠤᠭᠠᠷᠠᠢ᠃ ᠪᠢ ᠵᠠᠷᠤᠴᠠ ᠨᠠᠷ ᠲᠠᠭᠠᠨ ᠴᠢᠮ᠎ᠠ ᠳᠤ ᠣᠢᠷᠠᠲᠤᠵᠤ ᠪᠣᠯᠬᠤ ᠦᠭᠡᠢ ᠭᠡᠵᠦ ᠲᠤᠰᠢᠶᠠᠶ᠎ᠠ᠃ ᠴᠢ ᠤᠮᠳᠠᠭᠠᠰᠪᠠᠯ ᠤᠰᠤᠨ ᠤ ᠰᠠᠪᠠ ᠤᠷᠤᠭᠤ ᠣᠴᠢᠵᠤ ᠵᠠᠷᠤᠴᠠ ᠨᠠᠷ ᠤᠨ ᠤᠳᠬᠤᠭᠰᠠᠨ ᠠᠴᠠ ᠤᠤᠭᠤᠵᠤ ᠪᠣᠯᠣᠨ᠎ᠠ︕》 ᠭᠡᠬᠦ ᠳᠦ᠂ 10 ᠲᠡᠷᠡ ᠡᠮᠡᠭᠲᠡᠢ ᠬᠥᠰᠡᠷ ᠤᠨᠠᠨ ᠨᠢᠭᠤᠷ ᠢᠶᠠᠨ ᠭᠠᠵᠠᠷ ᠲᠤ ᠬᠦᠷᠭᠡᠨ ᠪᠥᠬᠥᠢᠵᠦ᠄ 《ᠪᠢ ᠬᠠᠷᠢ ᠬᠥᠮᠦᠨ ᠪᠠᠢᠲᠠᠯ᠎ᠠ ᠪᠠᠨ ᠶᠠᠭᠠᠬᠢᠭᠠᠳ ᠲᠠᠨ ᠤ ᠲᠠᠭᠠᠯᠠᠯ ᠢ ᠣᠯᠵᠤ᠂ ᠲᠠ ᠨᠠᠮᠠᠶᠢ ᠠᠩᠵᠠᠭᠠᠷᠠᠪᠠ ᠡ︖》 ᠭᠡᠪᠡ᠃ 11 ᠪᠣᠶᠠᠽ ᠬᠠᠷᠢᠭᠤ ᠳᠤᠨᠢ᠄ 《ᠨᠥᠬᠥᠷ ᠢᠶᠡᠨ ᠥᠭᠡᠳᠡ ᠪᠣᠯᠣᠭᠰᠠᠨ ᠤ ᠳᠠᠷᠠᠭ᠎ᠠ ᠬᠠᠳᠠᠮ ᠡᠬᠡ ᠳᠡᠭᠡᠨ ᠬᠢᠭᠰᠡᠨ ᠪᠦᠭᠦᠳᠡ ᠶᠢ ᠴᠢᠨᠢ᠂ ᠮᠥᠨ ᠬᠡᠷᠬᠢᠨ ᠡᠴᠢᠭᠡ ᠡᠬᠡ ᠲᠥᠷᠥᠭᠰᠡᠨ ᠨᠤᠲᠤᠭ ᠢᠶᠠᠨ ᠣᠷᠬᠢᠨ᠂ ᠲᠠᠨᠢᠵᠤ ᠮᠡᠳᠡᠬᠦ ᠦᠭᠡᠢ ᠠᠷᠠᠳ ᠲᠦᠮᠡᠨ ᠤᠷᠤᠭᠤ ᠢᠷᠡᠭᠰᠡᠨ ᠦ ᠴᠢᠨᠢ ᠲᠤᠬᠠᠢ ᠪᠢ ᠪᠦᠷ ᠰᠣᠨᠣᠰᠣᠭᠰᠠᠨ᠃ 12 ᠶᠣᠬᠣᠸᠠ ᠴᠢᠨᠦ ᠬᠢᠭᠰᠡᠨ ᠢ ᠬᠠᠷᠢᠭᠤᠯᠬᠤ ᠪᠣᠯᠲᠤᠭᠠᠢ᠃ ᠢᠰᠷᠧᠯ ᠤᠨ ᠪᠤᠷᠬᠠᠨ ᠶᠣᠬᠣᠸᠠ ᠥᠪᠡᠷ ᠦᠨ ᠬᠢᠨᠢ ᠳᠠᠯᠠᠪᠴᠢᠨ ᠳᠣᠣᠷ᠎ᠠ ᠬᠣᠷᠭᠣᠳᠠᠬᠤ ᠭᠠᠵᠠᠷ ᠬᠠᠢᠵᠤ ᠢᠷᠡᠭᠰᠡᠨ ᠴᠢᠮ᠎ᠠ ᠳᠤ ᠲᠡᠭᠦᠰ ᠱᠠᠩ ᠰᠣᠶᠣᠷᠬᠠᠬᠤ ᠪᠣᠯᠲᠤᠭᠠᠢ》 ᠭᠡᠬᠦ ᠳᠦ᠂ 13 ᠲᠡᠷᠡ᠄ 《ᠲᠠᠨ ᠤ ᠲᠠᠭᠠᠯᠠᠯ ᠦᠷᠭᠦᠯᠵᠢ ᠨᠠᠳᠠ ᠳᠡᠭᠡᠷ᠎ᠡ ᠪᠠᠢᠬᠤ ᠪᠣᠯᠲᠤᠭᠠᠢ᠂ ᠡᠵᠡᠨᠲᠡᠨ ᠮᠢᠨᠢ᠂ ᠲᠠᠨ ᠤ ᠰᠢᠪᠡᠭᠴᠢᠳ ᠤᠨ ᠨᠢᠭᠡᠨ ᠲᠡᠢ ᠨᠢ ᠴᠤ ᠲᠡᠩᠴᠡᠰᠢ ᠦᠭᠡᠢ ᠰᠢᠪᠡᠭᠴᠢᠨ ᠨᠠᠮᠠᠶᠢ ᠲᠠ ᠦᠨᠡᠬᠡᠷ ᠲᠠᠢᠳᠬᠤᠷᠠᠭᠤᠯᠵᠤ᠂ ᠬᠠᠯᠠᠮᠵᠢ ᠶᠢᠨ ᠦᠭᠡ ᠬᠡᠯᠡᠯ᠎ᠡ》 ᠭᠡᠵᠦ ᠶᠠᠷᠢᠪᠠ᠃
14 ᠬᠣᠭᠣᠯᠠᠨ ᠤ ᠴᠠᠭ ᠪᠣᠯᠬᠤ ᠳᠤ᠂ ᠪᠣᠶᠠᠽ ᠲᠡᠭᠦᠨ ᠳᠦ᠄ 《ᠨᠠᠰᠢ ᠪᠠᠨ ᠢᠷ᠎ᠡ᠂ ᠪᠣᠣᠪᠣ ᠠᠴᠠ ᠢᠳᠡ᠂ ᠪᠣᠣᠪᠣ ᠪᠠᠨ ᠼᠤᠤ ᠳᠤ ᠳᠦᠷᠦ》 ᠭᠡᠰᠡᠨ ᠳᠦ᠂ ᠲᠡᠷᠡ ᠲᠠᠷᠢᠶ᠎ᠠ ᠬᠠᠳᠤᠭᠴᠢᠳ ᠤᠨ ᠳᠡᠷᠭᠡᠳᠡ ᠰᠠᠭᠤᠪᠠ᠃ ᠪᠣᠶᠠᠽ ᠲᠡᠭᠦᠨ ᠳᠦ ᠬᠠᠭᠤᠷᠤᠭᠰᠠᠨ ᠲᠠᠷᠢᠶᠠᠨ ᠲᠦᠷᠦᠭᠦᠦ ᠥᠭᠭᠥᠭᠰᠡᠨ ᠳᠦ᠂ ᠲᠡᠷᠡ ᠢᠳᠡᠵᠦ ᠴᠠᠳᠤᠭᠠᠳ ᠪᠠᠰᠠ ᠦᠯᠡᠳᠡᠭᠡᠵᠡᠢ᠃ 15 ᠷᠦᠲ ᠲᠠᠷᠢᠶᠠᠨ ᠲᠦᠷᠦᠭᠦᠦ ᠲᠡᠭᠦᠬᠦ ᠪᠡᠷ ᠪᠣᠰᠬᠤ ᠳᠤ᠂ ᠪᠣᠶᠠᠽ ᠵᠠᠷᠤᠴᠠ ᠨᠠᠷ ᠲᠠᠭᠠᠨ ᠲᠤᠰᠢᠶᠠᠨ᠄ 《ᠲᠡᠷᠡ ᠡᠮᠡᠭᠲᠡᠢ ᠶᠡᠦᠵᠢᠯᠡᠭᠰᠡᠨ ᠲᠠᠷᠢᠶᠠᠨ ᠳᠤᠮᠳᠠ ᠣᠷᠬᠢᠭᠳᠠᠭᠰᠠᠨ ᠲᠦᠷᠦᠭᠦᠦ ᠶᠢ ᠲᠡᠭᠦᠭᠰᠡᠨ ᠴᠤ ᠲᠡᠭᠦᠨ ᠢ ᠪᠦᠦ ᠢᠴᠢᠭᠡ︕ 16 ᠬᠠᠷᠢᠨ ᠶᠡᠦᠵᠢ ᠲᠠᠢ ᠲᠠᠷᠢᠶᠠᠨ ᠠᠴᠠ ᠬᠡᠰᠡᠭ ᠲᠦᠷᠦᠭᠦᠦ ᠶᠢ ᠭᠠᠷᠭᠠᠵᠤ᠂ ᠵᠣᠷᠢᠭᠤᠳᠠ ᠭᠠᠵᠠᠷ ᠲᠤ ᠤᠨᠠᠭᠠᠨ ᠲᠡᠭᠦᠨ ᠢᠶᠡᠷ ᠲᠡᠭᠦᠯᠭᠡ︕ ᠲᠡᠭᠦᠨ ᠢ ᠪᠦᠦ ᠵᠠᠩᠨᠠ》 ᠭᠡᠪᠡ᠃ 17 ᠢᠩᠭᠢᠭᠡᠳ ᠲᠡᠷᠡ ᠦᠳᠡᠰᠢ ᠪᠣᠯᠲᠠᠯ᠎ᠠ ᠲᠠᠷᠢᠶᠠᠨ ᠲᠠᠯᠠᠪᠠᠢ ᠳᠤ ᠲᠦᠷᠦᠭᠦᠦ ᠲᠡᠭᠦᠵᠦ᠂ ᠲᠡᠭᠦᠭᠰᠡᠨ ᠲᠦᠷᠦᠭᠦᠦ ᠪᠡᠨ ᠴᠣᠬᠢᠵᠤ ᠠᠪᠬᠤ ᠳᠤ᠂ ᠨᠢᠭᠡ ᠡᠹᠠ ᠠᠷᠪᠠᠢ ᠪᠣᠯᠪᠠ᠃ 18 ᠲᠡᠷᠡ ᠡᠭᠦᠨ ᠢ ᠠᠪᠴᠤ᠂ ᠬᠣᠲᠠ ᠤᠷᠤᠭᠤ ᠪᠠᠨ ᠪᠤᠴᠠᠭᠠᠳ ᠬᠠᠳᠠᠮ ᠡᠬᠡ ᠳᠡᠭᠡᠨ ᠲᠡᠭᠦᠭᠰᠡᠨ ᠢᠶᠡᠨ ᠦᠵᠡᠭᠦᠯᠪᠡ᠃ ᠮᠥᠨ ᠢᠳᠡᠵᠦ ᠴᠠᠳᠤᠭᠠᠳ ᠦᠯᠡᠳᠡᠭᠡᠵᠦ ᠬᠠᠳᠠᠭᠠᠯᠠᠭᠰᠠᠨ ᠢᠶᠠᠨ ᠲᠡᠭᠦᠨ ᠳᠦ ᠥᠭᠴᠡᠢ᠃ 19 ᠬᠠᠳᠠᠮ ᠡᠬᠡ ᠨᠢ᠄ 《ᠴᠢ ᠥᠨᠥᠳᠥᠷ ᠬᠠᠮᠢᠭ᠎ᠠ ᠠᠴᠠ ᠲᠡᠭᠦᠪᠡ︖ ᠬᠠᠮᠢᠭ᠎ᠠ ᠠᠵᠢᠯᠯᠠᠭᠰᠠᠨ ᠪᠤᠢ︖ ᠴᠢᠮᠠᠶᠢ ᠠᠩ᠋ᠬᠠᠷᠤᠭᠰᠠᠨ ᠲᠡᠷᠡ ᠬᠥᠮᠦᠨ ᠢᠪᠡᠭᠡᠭᠳᠡᠬᠦ ᠪᠣᠯᠲᠤᠭᠠᠢ》 ᠭᠡᠪᠡ᠃ ᠢᠩᠭᠢᠭᠡᠳ ᠲᠡᠷᠡ ᠬᠠᠮᠢᠭ᠎ᠠ ᠠᠵᠢᠯᠯᠠᠭᠰᠠᠨ ᠲᠤᠬᠠᠢ ᠪᠠᠨ ᠬᠠᠳᠠᠮ ᠡᠬᠡ ᠳᠡᠭᠡᠨ ᠳᠤᠭᠤᠯᠭᠠᠨ᠄ 《ᠥᠨᠥᠳᠥᠷ ᠪᠢ ᠪᠣᠶᠠᠽ ᠭᠡᠳᠡᠭ ᠬᠥᠮᠦᠨ ᠦ ᠳᠦ ᠠᠵᠢᠯᠯᠠᠭᠰᠠᠨ》 ᠭᠡᠵᠦ ᠶᠠᠷᠢᠲᠠᠯ᠎ᠠ᠂ 20 ᠨᠠᠶᠣᠮᠢ ᠪᠡᠷᠢ ᠳᠡᠭᠡᠨ᠄ 《ᠶᠣᠬᠣᠸᠠ ᠲᠡᠭᠦᠨ ᠢ ᠢᠪᠡᠭᠡᠬᠦ ᠪᠣᠯᠲᠤᠭᠠᠢ︕ ᠲᠡᠭᠦᠨ ᠦ ᠬᠠᠢᠷ᠎ᠠ ᠡᠨᠡᠷᠢᠯ ᠠᠮᠢᠳᠤᠷᠠᠭᠰᠠᠳ ᠢ ᠴᠤ᠂ ᠦᠬᠦᠭᠰᠡᠳ ᠢ ᠴᠤ ᠣᠷᠬᠢᠭ᠎ᠠ ᠦᠭᠡᠢ ᠪᠠᠢᠨ᠎ᠠ》 ᠭᠡᠵᠦ ᠬᠡᠯᠡᠪᠡ᠃ ᠲᠡᠭᠡᠭᠡᠳ ᠨᠠᠶᠣᠮᠢ ᠲᠡᠭᠦᠨ ᠳᠦ᠄ 《ᠲᠡᠷᠡ ᠬᠥᠮᠦᠨ ᠴᠢᠨᠢ ᠪᠢᠳᠡᠨ ᠦ ᠣᠢᠷ᠎ᠠ ᠶᠢᠨ ᠲᠥᠷᠥᠯ᠂ ᠮᠠᠨ ᠤ ᠭᠡᠷ ᠪᠦᠯᠢ ᠶᠢᠨ ᠥᠪ ᠵᠣᠯᠢᠭᠴᠢ 1 ᠰᠢᠦ》 ᠭᠡᠪᠡ᠃ 21 ᠲᠡᠭᠡᠲᠡᠯ᠎ᠡ ᠮᠣᠶᠠᠪ ᠡᠮᠡᠭᠲᠡᠢ ᠷᠦᠲ᠄ 《ᠲᠡᠷᠡ ᠬᠥᠮᠦᠨ ᠪᠠᠰᠠ ᠨᠠᠳᠠ ᠳᠤ᠄ 〈ᠮᠢᠨᠦ ᠵᠠᠷᠤᠴᠠ ᠨᠠᠷ ᠪᠦᠬᠦ ᠤᠷᠭᠤᠴᠠ ᠶᠢ ᠮᠢᠨᠢ ᠬᠤᠷᠢᠶᠠᠵᠤ ᠳᠠᠭᠤᠰᠬᠤ ᠪᠣᠯᠲᠠᠯ᠎ᠠ ᠴᠢ ᠲᠡᠳᠡᠨ ᠦ ᠣᠢᠷ᠎ᠠ ᠵᠠᠭᠤᠷ᠎ᠠ ᠪᠠᠢᠭᠠᠷᠠᠢ〉 ᠭᠡᠵᠦ ᠬᠡᠯᠡᠭᠰᠡᠨ》 ᠭᠡᠪᠡ᠃ 22 ᠨᠠᠶᠣᠮᠢ ᠥᠪᠡᠷ ᠦᠨ ᠪᠡᠷᠢ ᠷᠦᠲ ᠲᠤ᠄ 《ᠥᠬᠢᠨ ᠮᠢᠨᠢ᠂ ᠲᠡᠷᠡ ᠬᠥᠮᠦᠨ ᠦ ᠰᠢᠪᠡᠭᠴᠢᠳ ᠲᠠᠢ ᠬᠠᠮᠲᠤ ᠶᠠᠪᠤᠬᠤ ᠨᠢ ᠰᠠᠢᠨ ᠰᠢᠦ᠂ ᠲᠡᠭᠡᠪᠡᠯ ᠴᠢ ᠥᠭᠡᠷ᠎ᠡ ᠬᠥᠮᠦᠨ ᠦ ᠲᠠᠯᠠᠪᠠᠢ ᠳᠤ ᠡᠷᠡᠴᠦᠳ ᠢᠶᠡᠷ ᠳᠣᠷᠣᠮᠵᠢᠯᠠᠭᠤᠯᠬᠤ ᠦᠭᠡᠢ ᠪᠣᠯᠣᠨ᠎ᠠ》 ᠭᠡᠪᠡ᠃ 23 ᠲᠡᠭᠡᠭᠡᠳ ᠲᠡᠷᠡ ᠪᠡᠷ ᠠᠷᠪᠠᠢ ᠪᠣᠯᠣᠨ ᠪᠤᠭᠤᠳᠠᠢ ᠶᠢᠨ ᠬᠤᠷᠢᠶᠠᠯᠲᠠ ᠳᠠᠭᠤᠰᠲᠠᠯ᠎ᠠ ᠲᠦᠷᠦᠭᠦᠦ ᠲᠡᠭᠦᠬᠦ ᠶᠢᠨ ᠲᠤᠯᠠᠳᠠ ᠪᠣᠶᠠᠽ ᠤᠨ ᠰᠢᠪᠡᠭᠴᠢᠳ ᠤᠨ ᠣᠢᠷ᠎ᠠ ᠵᠠᠭᠤᠷ᠎ᠠ ᠪᠠᠢᠭᠰᠠᠨ᠃ ᠡᠢᠨ ᠬᠦ ᠲᠡᠷᠡ ᠬᠠᠳᠠᠮ ᠡᠬᠡ ᠲᠠᠢ ᠪᠠᠨ ᠬᠠᠮᠲᠤ ᠪᠠᠢᠯ᠎ᠠ᠃