ᠮᠠᠯᠠᠺᠢ ᠳᠥᠷᠪᠡ
ᠰᠢᠭᠦᠯᠲᠡ ᠪᠠ ᠰᠢᠨᠡᠴᠢᠯᠡᠯᠲᠡ
1 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠵᠤᠤᠬ᠎ᠠ ᠮᠡᠲᠦ ᠰᠢᠲᠠᠵᠤ ᠪᠤᠢ ᠡᠳᠦᠷ ᠢᠷᠡᠵᠦ ᠪᠠᠢᠨ᠎ᠠ︕ ᠪᠠᠷᠳᠠᠮ ᠪᠦᠭᠦᠳᠡ᠂ ᠮᠠᠭᠤ ᠶᠢ ᠦᠢᠯᠡᠳᠦᠭᠴᠢ ᠪᠦᠭᠦᠳᠡ ᠰᠦᠷᠡᠯ ᠮᠡᠲᠦ ᠪᠣᠯᠣᠨ᠎ᠠ᠃ ᠢᠷᠡᠬᠦ ᠲᠡᠷᠡ ᠡᠳᠦᠷ ᠲᠡᠳᠡᠨ ᠢ ᠭᠠᠯ ᠳᠤ ᠰᠢᠲᠠᠭᠠᠵᠤ ᠦᠨᠳᠦᠰᠦ ᠶᠢ ᠨᠢ ᠴᠤ᠂ ᠮᠥᠴᠢᠷ ᠢ ᠨᠢ ᠴᠤ ᠦᠯᠡᠳᠡᠭᠡᠬᠦ ᠦᠭᠡᠢ᠃》 2 《ᠬᠠᠷᠢᠨ ᠮᠢᠨᠦ ᠨᠡᠷ᠎ᠡ ᠡᠴᠡ ᠡᠮᠢᠶᠡᠭᠴᠢ ᠲᠠ ᠨᠠᠷ ᠤᠨ ᠲᠥᠯᠥᠭᠡ ᠵᠥᠪ ᠰᠢᠳᠤᠷᠭᠤ ᠶᠢᠨ ᠨᠠᠷᠠ ᠡᠳᠡᠭᠡᠷᠡᠯ ᠦᠨ ᠵᠢᠭᠦᠷ ᠲᠡᠢ ᠪᠠᠷ ᠮᠠᠨᠳᠤᠬᠤ ᠪᠣᠯᠣᠨ᠎ᠠ᠂ ᠲᠠ ᠨᠠᠷ ᠬᠠᠰᠢᠶᠠᠨ ᠠᠴᠠ ᠭᠠᠷᠤᠭᠰᠠᠨ ᠲᠤᠭᠤᠯ ᠤᠳ ᠮᠡᠲᠦ ᠲᠣᠭᠯᠠᠬᠤ ᠪᠣᠯᠣᠨ᠎ᠠ᠃ 3 ᠲᠠ ᠨᠠᠷ ᠪᠤᠷᠤᠭᠤᠲᠠᠳ ᠢ ᠭᠢᠰᠬᠢᠯᠡᠨ᠎ᠡ᠃ ᠲᠡᠳᠡ ᠮᠢᠨᠦ ᠲᠣᠪᠯᠠᠭᠰᠠᠨ ᠡᠳᠦᠷ ᠲᠠ ᠨᠠᠷ ᠤᠨ ᠬᠥᠯ ᠦᠨ ᠤᠯᠠ ᠳᠣᠣᠷᠠᠬᠢ ᠦᠨᠡᠰᠦ ᠪᠣᠯᠣᠨ᠎ᠠ᠂》 ᠠᠤᠭ᠎ᠠ ᠬᠦᠴᠦᠲᠦ ᠶᠣᠬᠣᠸᠠ ᠠᠢᠯᠠᠳᠤᠯ᠎ᠠ᠃
4 《ᠲᠠ ᠨᠠᠷ ᠮᠢᠨᠦ ᠵᠠᠷᠤᠴᠠ ᠮᠣᠰᠧ ᠶᠢᠨ ᠬᠠᠤᠯᠢ ᠶᠢᠨ ᠲᠣᠭᠲᠠᠭᠠᠯ᠂ ᠵᠢᠷᠤᠮ ᠤᠳ ᠢ ᠰᠠᠨᠠᠭᠲᠤᠨ᠃ ᠪᠢ ᠲᠡᠳᠡᠭᠡᠷ ᠢ ᠬᠣᠷᠧᠪ ᠲᠤ ᠪᠦᠬᠦ ᠢᠰᠷᠧᠯ ᠤᠨ ᠲᠥᠯᠥᠭᠡ ᠲᠡᠭᠦᠨ ᠳᠦ ᠲᠤᠰᠢᠶᠠᠭᠰᠠᠨ᠃
5 ᠠᠩ᠋ᠬᠠᠷᠤᠭᠲᠤᠨ︕ ᠶᠣᠬᠣᠸᠠ ᠶᠢᠨ ᠠᠤᠭ᠎ᠠ᠂ ᠠᠶᠤᠮᠰᠢᠭᠲᠤ ᠡᠳᠦᠷ ᠢᠷᠡᠬᠦ ᠡᠴᠡ ᠡᠮᠦᠨ᠎ᠡ ᠪᠢ ᠡᠰᠢ ᠦᠵᠡᠭᠦᠯᠦᠭᠴᠢ ᠧᠯᠢᠶ᠎ᠠ ᠶᠢ ᠲᠠ ᠨᠠᠷ ᠤᠷᠤᠭᠤ ᠢᠯᠡᠭᠡᠬᠦ ᠭᠡᠵᠦ ᠪᠠᠢᠨ᠎ᠠ᠃ 6 ᠲᠡᠷᠡ ᠪᠡᠷ ᠡᠴᠢᠭᠡ ᠨᠦᠭᠦᠳ ᠦᠨ ᠵᠢᠷᠦᠬᠡ ᠶᠢ ᠬᠡᠦᠬᠡᠳ ᠤᠳ ᠤᠷᠤᠭᠤ ᠨᠢ᠂ ᠬᠡᠦᠬᠡᠳ ᠤᠳ ᠤᠨ ᠵᠢᠷᠦᠬᠡ ᠶᠢ ᠡᠴᠢᠭᠡ ᠨᠦᠭᠦᠳ ᠤᠷᠤᠭᠤ ᠨᠢ ᠡᠷᠭᠢᠭᠦᠯᠦᠨ᠎ᠡ᠃ ᠡᠰᠡ ᠲᠡᠭᠡᠪᠡᠯ ᠪᠢ ᠢᠷᠡᠵᠦ᠂ ᠡᠨᠡ ᠨᠤᠲᠤᠭ ᠢ ᠬᠠᠷᠢᠶᠠᠯ ᠢᠶᠠᠷ ᠴᠣᠬᠢᠨ᠎ᠠ᠃》