1 2 3 4 5 6 7


ᠮᠢᠺᠠ ᠭᠤᠷᠪᠠ
 ᠬᠣᠷᠣᠨ ᠮᠠᠭᠤ ᠤᠳᠤᠷᠢᠳᠤᠭᠴᠢᠳ ᠰᠢᠳᠬᠡᠭᠳᠡᠨ᠎ᠡ
1 ᠪᠢ ᠶᠠᠷᠢᠶ᠎ᠠ᠄ 《ᠰᠣᠨᠣᠰᠴᠠᠭ᠎ᠠ᠂ ᠶᠠᠺᠣᠪ ᠤᠨ ᠲᠣᠯᠣᠭᠠᠢᠯᠠᠭᠴᠢᠳ ᠪᠣᠯᠣᠨ ᠢᠰᠷᠧᠯ ᠤᠨ ᠭᠡᠷ ᠦᠨ ᠵᠠᠬᠢᠷᠤᠭᠴᠢᠳ ᠡ︕ ᠰᠢᠳᠤᠷᠭᠤ ᠶᠣᠰᠣ ᠶᠢ ᠲᠠ ᠨᠠᠷ ᠮᠡᠳᠡᠬᠦ ᠶᠣᠰᠣᠲᠠᠢ ᠪᠢᠰᠢ ᠤᠤ︖
2 ᠬᠠᠷᠢᠨ ᠲᠠ ᠨᠠᠷ ᠰᠠᠢᠨ ᠢ ᠵᠢᠭ᠍ᠰᠢᠨ᠂ ᠰᠠᠭᠠᠷ ᠢ ᠬᠠᠢᠷᠠᠯᠠᠳᠠᠭ ᠠᠷᠠᠳ ᠲᠦᠮᠡᠨ ᠦ ᠮᠠᠨᠢ ᠠᠷᠠᠰᠤ ᠶᠢ ᠬᠠᠭᠤᠯᠵᠤ᠂ ᠮᠢᠬ᠎ᠠ ᠶᠢ ᠨᠢ ᠶᠠᠰᠤᠨ ᠠᠴᠠ ᠨᠢ ᠱᠤᠯᠤᠳᠠᠭ
3 ᠠᠷᠠᠳ ᠲᠦᠮᠡᠨ ᠦ ᠮᠢᠨᠢ ᠮᠢᠬ᠎ᠠ ᠶᠢ ᠢᠳᠡᠬᠦ ᠪᠡᠷ ᠠᠷᠠᠰᠤ ᠶᠢ ᠨᠢ ᠬᠠᠭᠤᠯᠤᠨ ᠶᠠᠰᠤ ᠶᠢ ᠨᠢ ᠬᠤᠭᠤᠯᠵᠤ ᠲᠡᠳᠡᠨ ᠢ ᠰᠠᠪᠠᠨ ᠳᠤ ᠬᠢᠬᠦ ᠡᠮᠬᠦ ᠮᠢᠬ᠎ᠠ ᠲᠣᠭᠣᠭᠠᠨ ᠳᠤ ᠬᠢᠬᠦ ᠮᠢᠬ᠎ᠠ ᠪᠣᠯᠭᠠᠨ ᠬᠡᠷᠴᠢᠳᠡᠭ᠃》
4 ᠡᠢᠮᠦ ᠪᠠᠢᠬᠤ ᠳᠠᠭᠠᠨ ᠶᠣᠬᠣᠸᠠ ᠤᠷᠤᠭᠤ ᠬᠠᠰᠬᠢᠷᠤᠭᠰᠠᠨ ᠴᠤ ᠲᠡᠷᠡ ᠡᠰᠡ ᠬᠠᠷᠢᠭᠤᠯᠤᠨ᠎ᠠ᠂ ᠲᠡᠳᠡᠨ ᠦ ᠦᠢᠯᠡᠰ ᠮᠠᠭᠤ ᠪᠣᠯᠬᠣᠷ ᠲᠡᠷᠡ ᠴᠠᠭ ᠲᠤ ᠲᠡᠷᠡ ᠨᠢᠭᠤᠷ ᠢᠶᠠᠨ ᠲᠡᠳᠡᠨ ᠡᠴᠡ ᠨᠢᠭᠤᠨ᠎ᠠ᠃

5 ᠠᠷᠠᠳ ᠲᠦᠮᠡᠨ ᠢ ᠮᠢᠨᠢ ᠲᠥᠭᠡᠷᠢᠭᠦᠯᠳᠡᠭ ᠡᠰᠢ ᠦᠵᠡᠭᠦᠯᠦᠭᠴᠢᠳ ᠤᠨ ᠲᠠᠯ᠎ᠠ ᠪᠠᠷ ᠶᠣᠬᠣᠸᠠ ᠡᠢᠨ ᠬᠦ ᠠᠢᠯᠠᠳᠴᠤ ᠪᠠᠢᠨ᠎ᠠ᠄ ᠰᠢᠳᠦᠨ ᠳᠦ ᠲᠣᠷᠬᠤ ᠶᠠᠭᠤᠮ᠎ᠠ ᠲᠠᠢ ᠪᠠᠢᠪᠠᠯ ᠲᠡᠳᠡ᠄ 《ᠠᠮᠤᠭᠤᠯᠠᠩ》 ᠭᠡᠵᠦ ᠬᠠᠰᠬᠢᠷᠤᠨ ᠠᠮᠠᠨ ᠳᠤ ᠣᠷᠣᠬᠤ ᠶᠠᠭᠤᠮ᠎ᠠ ᠡᠰᠡ ᠥᠭᠪᠡᠯ ᠲᠡᠳᠡ ᠳᠠᠢᠨ ᠵᠠᠷᠯᠠᠳᠠᠭ᠃
6 ᠲᠡᠢᠮᠦ ᠡᠴᠡ ᠦᠵᠡᠭᠳᠡᠯ ᠦᠭᠡᠢ ᠰᠥᠨᠢ ᠢᠯᠡᠷᠬᠡᠶᠢᠯᠡᠯᠭᠡ ᠦᠭᠡᠢ ᠬᠠᠷᠠᠩ᠋ᠭᠤᠢ ᠨᠢ ᠲᠠ ᠨᠠᠷ ᠤᠨ ᠬᠢ ᠨᠠᠷᠠ ᠡᠳᠡᠭᠡᠷ ᠡᠰᠢ ᠦᠵᠡᠭᠦᠯᠦᠭᠴᠢᠳ ᠳᠡᠭᠡᠷ᠎ᠡ ᠰᠢᠩ᠋ᠭᠡᠵᠦ ᠡᠳᠦᠷ ᠲᠡᠳᠡᠨ ᠦ ᠳᠡᠭᠡᠷ᠎ᠡ ᠬᠠᠷᠠᠩ᠋ᠭᠤᠢ ᠪᠣᠯᠣᠨ᠎ᠠ᠃
7 ᠦᠵᠡᠮᠦᠷᠢᠴᠢᠳ ᠢᠴᠢᠵᠦ ᠮᠡᠷᠭᠡᠴᠢᠳ ᠭᠤᠲᠤᠮᠰᠢᠭ ᠪᠣᠯᠣᠨ᠎ᠠ ᠪᠤᠷᠬᠠᠨ ᠠᠴᠠ ᠬᠠᠷᠢᠭᠤ ᠦᠭᠡᠢ ᠲᠤᠯᠠ ᠲᠡᠳᠡ ᠪᠦᠭᠦᠳᠡ ᠠᠮᠠ ᠪᠠᠨ ᠲᠠᠭᠯᠠᠨ᠎ᠠ᠃
8 ᠶᠣᠬᠣᠸᠠ ᠶᠢᠨ ᠰᠦᠨᠡᠰᠦᠨ ᠦ ᠠᠴᠢ ᠪᠠᠷ ᠪᠢ ᠴᠢᠳᠠᠯ᠂ ᠰᠢᠳᠤᠷᠭᠤ ᠪᠣᠯᠣᠨ ᠵᠣᠷᠢᠭ ᠢᠶᠠᠷ ᠳᠦᠭᠦᠷᠡᠩ ᠪᠠᠢᠨ᠎ᠠ ᠪᠢ ᠶᠠᠺᠣᠪ ᠲᠤ ᠠᠯᠳᠠᠭ᠎ᠠ ᠶᠢ ᠨᠢ᠂ ᠢᠰᠷᠧᠯ ᠳᠤ ᠨᠢᠭᠦᠯ ᠢ ᠨᠢ ᠮᠡᠳᠡᠭᠦᠯᠦᠨ᠎ᠡ᠃

9 ᠰᠣᠨᠣᠰᠴᠠᠭ᠎ᠠ᠂ ᠶᠠᠺᠣᠪ ᠤᠨ ᠭᠡᠷ ᠦᠨ ᠲᠣᠯᠣᠭᠠᠢᠯᠠᠭᠴᠢᠳ ᠪᠣᠯᠣᠨ ᠢᠰᠷᠧᠯ ᠤᠨ ᠭᠡᠷ ᠦᠨ ᠵᠠᠬᠢᠷᠤᠭᠴᠢᠳ ᠡ᠂ ᠰᠢᠳᠤᠷᠭᠤ ᠶᠣᠰᠣ ᠶᠢ ᠵᠢᠭ᠍ᠰᠢᠵᠦ᠂ ᠰᠢᠯᠤᠭᠤᠨ ᠪᠣᠯᠭᠠᠨ ᠢ ᠮᠤᠰᠬᠢᠨ
10 ᠽᠢᠶᠣᠨ ᠢ ᠴᠢᠰᠤ ᠪᠠᠷ ᠶᠧᠷᠦ᠋ᠰᠠᠯᠧᠮ ᠢ ᠵᠥᠪ ᠪᠤᠰᠤ ᠪᠠᠷ ᠪᠣᠰᠬᠠᠭᠴᠢᠳ ᠡ᠂
11 ᠲᠣᠯᠣᠭᠠᠢᠯᠠᠭᠴᠢᠳ ᠨᠢ ᠬᠠᠬᠤᠤᠯᠢ ᠶᠢᠨ ᠲᠥᠯᠥᠭᠡ ᠵᠠᠰᠠᠭᠯᠠᠨ ᠲᠠᠬᠢᠯᠴᠢᠳ ᠨᠢ ᠬᠥᠯᠥᠰᠥᠨ ᠦ ᠲᠥᠯᠥᠭᠡ ᠵᠢᠭᠠᠪᠤᠷᠢᠯᠠᠵᠤ ᠡᠰᠢ ᠦᠵᠡᠭᠦᠯᠦᠭᠴᠢᠳ ᠨᠢ ᠮᠥᠩᠭᠥᠨ ᠦ ᠲᠥᠯᠥᠭᠡ ᠮᠡᠷᠭᠡᠯᠡᠳᠡᠭ ᠠᠲᠠᠯ᠎ᠠ ᠪᠠᠨ ᠲᠡᠳᠡ ᠶᠣᠬᠣᠸᠠ ᠪᠠᠷ ᠰᠢᠯᠲᠠᠭᠯᠠᠨ᠄ 《ᠶᠣᠬᠣᠸᠠ ᠪᠢᠳᠡᠨ ᠦ ᠳᠤᠮᠳᠠ ᠪᠠᠢᠬᠤ ᠦᠭᠡᠢ ᠭᠡᠵᠢ ᠤᠤ︖ ᠪᠢᠳᠡᠨ ᠳᠡᠭᠡᠷ᠎ᠡ ᠭᠠᠢ ᠪᠠᠭᠤᠬᠤ ᠦᠭᠡᠢ》 ᠭᠡᠵᠡᠭᠡᠳᠡᠭ᠃
12 ᠲᠠ ᠨᠠᠷ ᠠᠴᠠ ᠪᠣᠯᠵᠤ ᠽᠢᠶᠣᠨ ᠨᠢ ᠭᠠᠵᠠᠷ ᠮᠡᠲᠦ ᠬᠠᠭᠠᠯᠤᠭᠳᠠᠨ᠎ᠠ ᠶᠧᠷᠦ᠋ᠰᠠᠯᠧᠮ ᠰᠦᠢᠷᠡᠯ ᠦᠨ ᠣᠪᠣᠭ᠎ᠠ ᠪᠣᠯᠵᠤ ᠥᠷᠭᠥᠭᠡᠨ ᠦ ᠠᠭᠤᠯᠠ ᠨᠢ ᠡᠪᠡᠰᠦ ᠮᠣᠳᠣ ᠲᠠᠢ ᠥᠨᠳᠥᠷᠯᠢᠭ ᠪᠣᠯᠣᠨ᠎ᠠ᠃