ᠮᠢᠺᠠ ᠵᠢᠷᠭᠤᠭ᠎ᠠ
ᠶᠣᠬᠣᠸᠠ ᠢᠰᠷᠧᠯ ᠲᠠᠢ ᠵᠠᠷᠭᠤᠯᠳᠤᠨ᠎ᠠ
1 ᠶᠣᠬᠣᠸᠠ ᠶᠠᠭᠤ ᠠᠢᠯᠠᠳᠴᠤ ᠪᠤᠢ ᠶᠢ ᠲᠠ ᠨᠠᠷ ᠰᠣᠨᠣᠰᠴᠠᠭ᠎ᠠ᠄ 《ᠴᠢ ᠪᠣᠰᠴᠤ᠂ ᠠᠭᠤᠯᠠᠰ ᠤᠨ ᠡᠮᠦᠨ᠎ᠡ ᠵᠠᠷᠭᠤ ᠪᠠᠨ ᠮᠡᠳᠡᠭᠦᠯᠵᠦ ᠲᠣᠯᠣᠭᠠᠳ ᠲᠤ ᠳᠠᠭᠤ ᠬᠣᠭᠣᠯᠠᠢ ᠪᠠᠨ ᠰᠣᠨᠣᠰᠬ᠎ᠠ
2 ᠶᠣᠬᠣᠸᠠ ᠶᠢᠨ ᠵᠠᠷᠭᠤ ᠶᠢ ᠰᠣᠨᠣᠰ᠂ ᠠᠭᠤᠯᠠᠰ ᠡ᠂ ᠳᠡᠯᠡᠬᠡᠢ ᠶᠢᠨ ᠪᠠᠲᠤ ᠰᠠᠭᠤᠷᠢ ᠡ ᠶᠣᠬᠣᠸᠠ ᠠᠷᠠᠳ ᠲᠦᠮᠡᠨ ᠦ ᠪᠠᠨ ᠡᠰᠡᠷᠭᠦ ᠵᠠᠷᠭᠤ ᠲᠠᠢ᠂ ᠲᠡᠷᠡ ᠢᠰᠷᠧᠯ ᠲᠠᠢ ᠵᠠᠷᠭᠤᠯᠳᠤᠨ᠎ᠠ᠃
3 ᠠᠷᠠᠳ ᠲᠦᠮᠡᠨ ᠮᠢᠨᠢ ᠡ᠂ ᠲᠠ ᠨᠠᠷ ᠲᠤ ᠪᠢ ᠶᠠᠭᠤ ᠬᠢᠭᠰᠡᠨ ᠪᠤᠢ︖ ᠪᠢ ᠲᠠ ᠨᠠᠷ ᠢ ᠶᠠᠭᠠᠬᠢᠵᠤ ᠶᠠᠳᠠᠷᠠᠭᠠᠭᠰᠠᠨ ᠶᠤᠮ ᠪᠤᠢ︖ ᠨᠠᠳᠠ ᠳᠤ ᠬᠠᠷᠢᠭᠤᠯᠤᠭᠲᠤᠨ︕
4 ᠪᠢ ᠲᠠ ᠨᠠᠷ ᠢ ᠶᠧᠵᠢᠫᠲ ᠡᠴᠡ ᠠᠪᠴᠢᠷᠠᠭᠰᠠᠨ ᠪᠣᠭᠣᠯᠴᠢᠯᠠᠯ ᠤᠨ ᠭᠡᠷ ᠡᠴᠡ ᠵᠣᠯᠢᠨ ᠠᠪᠤᠭᠰᠠᠨ ᠲᠠ ᠨᠠᠷ ᠤᠨ ᠡᠮᠦᠨ᠎ᠡ ᠮᠣᠰᠧ᠂ ᠠᠷᠣᠨ᠂ ᠮᠢᠷᠢᠶᠠᠮ ᠨᠠᠷ ᠢ ᠢᠯᠡᠭᠡᠭᠰᠡᠨ᠃
5 ᠠᠷᠠᠳ ᠲᠦᠮᠡᠨ ᠮᠢᠨᠢ ᠡ᠂ ᠮᠣᠶᠠᠪ ᠤᠨ ᠬᠠᠭᠠᠨ ᠪᠠᠯᠠᠺ ᠶᠠᠭᠤ ᠰᠡᠳᠦᠵᠦ ᠪᠧᠶᠣᠷ ᠤᠨ ᠬᠦᠦ ᠪᠠᠯᠠᠮ ᠲᠡᠭᠦᠨ ᠳᠦ ᠶᠠᠭᠠᠬᠢᠵᠤ ᠬᠠᠷᠢᠭᠤᠯᠤᠭᠰᠠᠨ ᠢ ᠰᠠᠨᠠᠭᠠᠴᠢ ᠮᠥᠨ ᠱᠢᠲ᠋ᠢᠮ ᠡᠴᠡ ᠭᠢᠯᠭᠠᠯ ᠬᠦᠷᠲᠡᠯᠡᠬᠢ ᠮᠥᠷ ᠢᠶᠡᠨ ᠳᠤᠷᠠᠰᠤᠭᠠᠴᠢ ᠲᠡᠭᠡᠪᠡᠯ ᠶᠣᠬᠣᠸᠠ ᠵᠥᠪ ᠭᠡᠳᠡᠭ ᠢ ᠲᠠᠨ ᠤ ᠬᠢᠨ ᠮᠡᠳᠡᠬᠦ ᠪᠣᠯᠣᠨ᠎ᠠ᠃》
ᠬᠥᠮᠦᠨ ᠡᠴᠡ ᠪᠤᠷᠬᠠᠨ ᠤ ᠬᠦᠰᠡᠳᠡᠭ ᠵᠦᠢᠯ
6 ᠪᠢ ᠶᠠᠭᠤ ᠲᠠᠢ ᠪᠠᠷ ᠶᠣᠬᠣᠸᠠ ᠳᠤ ᠪᠠᠷᠠᠭᠠᠯᠬᠠᠵᠤ ᠳᠡᠭᠡᠳᠦ ᠪᠤᠷᠬᠠᠨ ᠤ ᠡᠮᠦᠨ᠎ᠡ ᠪᠥᠬᠥᠢᠬᠦ ᠪᠤᠢ︖ ᠰᠢᠲᠠᠭᠠᠯᠭᠠᠲᠤ ᠲᠠᠬᠢᠯ ᠤᠳ ᠪᠤᠶᠤ ᠲᠤᠭᠤᠯ ᠤᠳ ᠲᠠᠢ ᠪᠠᠷ ᠪᠠᠷᠠᠭᠠᠯᠬᠠᠬᠤ ᠤᠤ︖
7 ᠮᠢᠩ᠋ᠭ᠎ᠠ ᠮᠢᠩ᠋ᠭᠠᠨ ᠬᠤᠴᠠ ᠲᠦᠮᠡ ᠲᠦᠮᠡᠨ ᠲᠣᠰᠣᠨ ᠭᠣᠣᠯ ᠢ ᠶᠣᠬᠣᠸᠠ ᠲᠠᠭᠠᠯᠠᠬᠤ ᠤᠤ︖ ᠥᠪᠡᠷ ᠦᠨ ᠢᠶᠠᠨ ᠭᠡᠮ ᠦᠨ ᠲᠥᠯᠥᠭᠡ ᠤᠤᠭᠠᠨ ᠬᠦᠦ ᠪᠡᠨ ᠥᠪᠡᠷ ᠦᠨ ᠢᠶᠠᠨ ᠨᠢᠭᠦᠯ ᠦᠨ ᠲᠥᠯᠥᠭᠡ ᠪᠡᠶ᠎ᠡ ᠶᠢᠨ ᠢᠶᠠᠨ ᠦᠷ᠎ᠡ ᠶᠢ ᠡᠷᠭᠦᠬᠦ ᠤᠤ︖
8 ᠬᠥᠮᠦᠨ ᠡ᠂ ᠶᠠᠭᠤ ᠨᠢ ᠰᠠᠢᠨ ᠪᠣᠯᠬᠤ ᠶᠢ ᠲᠡᠷᠡ ᠠᠢᠯᠠᠳᠤᠭᠰᠠᠨ ᠰᠢᠳᠤᠷᠭᠤ ᠶᠢ ᠪᠡᠶᠡᠯᠡᠭᠦᠯᠦᠨ᠂ ᠡᠨᠡᠷᠢᠯ ᠢ ᠬᠠᠢᠷᠠᠯᠠ ᠳᠠᠷᠤᠤᠬᠠᠨ ᠢᠶᠠᠷ ᠥᠪᠡᠷ ᠦᠨ ᠢᠶᠠᠨ ᠪᠤᠷᠬᠠᠨ ᠲᠠᠢ ᠬᠠᠮᠲᠤ ᠠᠯᠬᠤ ᠶᠣᠬᠣᠸᠠ ᠶᠢᠨ ᠴᠢᠮ᠎ᠠ ᠠᠴᠠ ᠬᠦᠰᠡᠳᠡᠭ ᠨᠢ ᠡᠨᠡ ᠶᠤᠮ᠃
9 ᠰᠣᠨᠣᠰ᠂ ᠶᠣᠬᠣᠸᠠ ᠬᠣᠲᠠ ᠤᠷᠤᠭᠤ ᠬᠠᠰᠬᠢᠷᠴᠤ ᠪᠠᠢᠨ᠎ᠠ᠄ (ᠲᠠᠨ ᠤ ᠨᠡᠷ᠎ᠡ ᠡᠴᠡ ᠡᠮᠢᠶᠡᠬᠦ ᠨᠢ ᠰᠠᠷᠠᠭᠤᠯ ᠤᠬᠠᠭᠠᠨ ᠪᠢᠯᠡ) 〈ᠲᠠᠰᠢᠭᠤᠷ ᠪᠠ ᠲᠡᠭᠦᠨ ᠢ ᠲᠣᠮᠢᠯᠠᠭᠰᠠᠨ ᠨᠢᠭᠡᠨ ᠳᠦ ᠳᠤᠭᠤᠯᠭᠠᠪᠤᠷᠢ ᠲᠠᠢ ᠪᠠᠢ᠂
10 ᠭᠡᠮᠲᠡᠨ ᠦ ᠭᠡᠷ ᠡ᠂ ᠲᠠᠨ ᠤ ᠳᠤ ᠭᠡᠮᠲᠦ ᠡᠷᠳᠡᠨᠢᠰ᠂ ᠰᠢᠳᠤᠷᠭᠤ ᠪᠤᠰᠤ ᠵᠢᠪᠡᠭᠦᠨ ᠬᠡᠮᠵᠢᠭᠦᠷ ᠪᠠᠢᠭᠰᠠᠭᠠᠷ ᠪᠠᠢᠨ᠎ᠠ ᠤᠤ︖
11 ᠭᠡᠮᠲᠦ ᠵᠢᠩᠯᠡᠭᠦᠷ᠂ ᠬᠠᠭᠤᠷᠮᠠᠴᠢ ᠳᠡᠩᠰᠡ ᠶᠢ ᠪᠢ ᠵᠥᠪᠲᠥᠭᠡᠨᠡ ᠭᠡᠵᠢ ᠤᠤ︖
12 ᠪᠠᠶᠠᠴᠤᠳ ᠨᠢ ᠪᠠᠯᠠᠮᠠᠳ ᠰᠠᠭᠤᠭᠠᠯᠢᠴᠢᠳ ᠨᠢ ᠬᠤᠳᠠᠯᠴᠢ ᠬᠡᠯᠡ ᠠᠮᠠᠨ ᠳᠤᠨᠢ ᠵᠠᠯᠢ ᠮᠡᠬᠡ ᠲᠠᠢ᠃
13 ᠴᠢᠨᠦ ᠡᠳᠡᠭᠡᠷ ᠨᠢᠭᠦᠯ ᠦᠨ ᠤᠯᠠᠮ ᠢᠶᠠᠷ ᠴᠢᠮᠠᠶᠢ ᠪᠢ ᠥᠪᠡᠷ ᠢᠶᠡᠨ ᠴᠣᠬᠢᠨ᠎ᠠ ᠴᠢᠮᠠᠶᠢ ᠪᠢ ᠡᠵᠡᠭᠦᠢᠷᠡᠭᠦᠯᠦᠨᠡ᠃
14 ᠬᠣᠭᠣᠯᠠᠯᠠᠭᠰᠠᠨ ᠴᠤ ᠴᠢ ᠡᠰᠡ ᠴᠠᠳᠤᠨ ᠭᠡᠳᠡᠰᠦ ᠴᠢᠨᠢ ᠬᠣᠭᠣᠰᠣᠷᠠᠨ᠎ᠠ ᠬᠠᠳᠠᠭᠠᠯᠠᠭᠰᠠᠨ ᠴᠤ ᠴᠢ ᠡᠰᠡ ᠦᠯᠡᠳᠡᠭᠡᠨ᠎ᠡ ᠦᠯᠡᠳᠡᠭᠡᠭᠰᠡᠨ ᠢ ᠴᠢᠨᠢ ᠪᠢ ᠢᠯᠳᠦᠨ ᠳᠦ ᠲᠤᠰᠢᠶᠠᠨ᠎ᠠ᠃
15 ᠲᠠᠷᠢᠶᠠᠯᠠᠭᠰᠠᠨ ᠴᠤ ᠴᠢ ᠦᠯᠦ ᠬᠤᠷᠢᠶᠠᠨ᠎ᠠ ᠴᠢᠳᠦᠨ ᠰᠢᠬᠠᠭᠰᠠᠨ ᠴᠤ ᠲᠡᠷᠡ ᠲᠣᠰᠣ ᠪᠠᠷ ᠥᠪᠡᠷ ᠢ ᠪᠠᠨ ᠦᠯᠦ ᠲᠣᠰᠣᠯᠠᠨ᠎ᠠ ᠦᠵᠦᠮ ᠰᠢᠬᠠᠭᠰᠠᠨ ᠴᠤ ᠲᠡᠷᠡ ᠳᠠᠷᠠᠰᠤ ᠶᠢ ᠴᠢ ᠦᠯᠦ ᠤᠤᠭᠤᠨ᠎ᠠ᠃
16 ᠲᠠ ᠨᠠᠷ ᠣᠮᠷᠢ ᠶᠢᠨ ᠲᠣᠭᠲᠠᠭᠠᠯ ᠤᠳ ᠪᠣᠯᠣᠨ ᠠᠬᠠᠪ ᠤᠨ ᠭᠡᠷ ᠦᠨ ᠪᠦᠬᠦ ᠦᠢᠯᠡᠰ ᠢ ᠳᠠᠭᠠᠨ ᠲᠡᠳᠡᠨ ᠦ ᠵᠠᠩᠰᠢᠯ ᠢ ᠮᠥᠷᠳᠡᠳᠡᠭ ᠲᠤᠯᠠ ᠪᠢ ᠲᠠ ᠨᠠᠷ ᠢ ᠠᠢᠳᠠᠰ ᠲᠤ ᠠᠪᠲᠠᠭᠤᠯᠵᠤ ᠰᠠᠭᠤᠭᠠᠯᠢᠴᠢᠳ ᠢ ᠴᠢᠨᠢ ᠠᠮᠠᠨ ᠤ ᠵᠤᠭ᠎ᠠ ᠪᠣᠯᠭᠠᠨ᠎ᠠ ᠲᠡᠢᠨ ᠬᠦ ᠲᠠ ᠨᠠᠷ ᠠᠷᠠᠳ ᠲᠦᠮᠡᠨ ᠦ ᠮᠢᠨᠢ ᠳᠣᠷᠣᠮᠵᠢᠯᠠᠯ ᠢ ᠡᠭᠦᠷᠬᠦ ᠪᠣᠯᠣᠨ᠎ᠠ᠃〉》