ᠮᠢᠺᠠ ᠬᠣᠶᠠᠷ
ᠡᠷᠬᠡ ᠪᠡᠨ ᠬᠡᠲᠦᠷᠡᠭᠦᠯᠦᠭᠴᠢ ᠨᠢ ᠰᠢᠳᠬᠡᠭᠳᠡᠨ᠎ᠡ
1 ᠬᠣᠷᠣᠨ ᠮᠠᠭᠤ ᠶᠢ ᠰᠡᠳᠦᠨ᠂ ᠣᠷᠣ ᠳᠡᠭᠡᠷ᠎ᠡ ᠪᠡᠨ ᠮᠠᠭᠤ ᠶᠢ ᠲᠥᠯᠥᠪᠯᠡᠵᠦ ᠥᠪᠡᠷ ᠢᠶᠡᠨ ᠡᠷᠬᠡ ᠲᠠᠢ ᠭᠡᠳ ᠦᠷ ᠴᠠᠢᠮᠠᠭᠴᠠ ᠡᠭᠦᠨ ᠢ ᠪᠠᠨ ᠦᠢᠯᠡᠳᠦᠭᠴᠢᠳ ᠭᠠᠰᠠᠯᠠᠩᠲᠠᠶ᠎ᠠ︕
2 ᠲᠡᠳᠡ ᠰᠢᠨᠤᠵᠤ᠂ ᠪᠤᠰᠤᠳ ᠤᠨ ᠲᠠᠯᠠᠪᠠᠢ ᠶᠢ ᠪᠤᠯᠢᠶᠠᠵᠤ ᠭᠡᠷ ᠤᠳ ᠢ ᠨᠢ ᠴᠤ ᠠᠪᠴᠤ ᠶᠠᠪᠤᠳᠠᠭ ᠲᠡᠳᠡ ᠭᠡᠷ ᠦᠨ ᠡᠵᠡᠨ ᠡᠴᠡ ᠭᠡᠷ ᠢ ᠨᠢ ᠨᠠᠢᠵᠢ ᠡᠴᠡ ᠪᠡᠨ ᠥᠪ ᠢ ᠨᠢ ᠬᠠᠭᠤᠷᠴᠤ ᠠᠪᠤᠨ᠎ᠠ᠃
3 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷ᠎ᠠ᠂ ᠪᠢ ᠡᠨᠡ ᠦᠨᠳᠦᠰᠦᠲᠡᠨ ᠦ ᠳᠡᠭᠡᠷ᠎ᠡ ᠬᠣᠷᠣᠨ ᠮᠠᠭᠤ ᠶᠢ ᠰᠡᠳᠦᠵᠦ ᠪᠠᠢᠨ᠎ᠠ ᠲᠠ ᠨᠠᠷ ᠲᠡᠭᠦᠨ ᠡᠴᠡ ᠬᠦᠵᠦᠭᠦᠦ ᠪᠡᠨ ᠮᠤᠯᠲᠤᠯᠵᠤ ᠦᠯᠦ ᠴᠢᠳᠠᠨ᠎ᠠ ᠲᠠ ᠨᠠᠷ ᠲᠡᠷᠡ ᠬᠣᠷᠣᠨ ᠮᠠᠭᠤ ᠦᠶ᠎ᠡ ᠳᠦ ᠶᠡᠬᠡᠮᠰᠦᠭ ᠢᠶᠡᠷ ᠠᠯᠬᠤᠵᠤ ᠴᠢᠳᠠᠬᠤ ᠦᠭᠡᠢ᠂
4 ᠲᠡᠷᠡ ᠡᠳᠦᠷ ᠬᠥᠮᠦᠰ ᠲᠠ ᠨᠠᠷ ᠢ ᠶᠥᠭᠡᠳᠡᠨᠡ᠃ ᠲᠡᠳᠡ ᠭᠠᠰᠢᠭᠤᠨ ᠡᠮᠭᠡᠨᠢᠯ ᠢᠶᠠᠷ ᠭᠠᠰᠢᠭᠤᠳᠠᠨ᠄ 〈ᠪᠢᠳᠡ ᠭᠦᠢᠴᠡᠳ ᠰᠦᠢᠷᠡᠯᠡ ᠲᠡᠷᠡ ᠪᠡᠷ ᠠᠷᠠᠳ ᠲᠦᠮᠡᠨ ᠦ ᠮᠢᠨᠢ ᠥᠮᠴᠢ ᠶᠢ ᠰᠢᠯᠵᠢᠭᠦᠯᠵᠦ ᠨᠠᠳᠠ ᠠᠴᠠ ᠰᠠᠯᠭᠠᠨ ᠲᠡᠷᠰᠯᠡᠭᠴᠢᠳ ᠲᠤ ᠲᠠᠯᠠᠪᠠᠢ ᠨᠤᠭᠤᠳ ᠢ ᠮᠢᠨᠢ ᠲᠦᠭᠡᠭᠡᠵᠡᠢ︕〉 ᠭᠡᠨ᠎ᠡ᠃
5 ᠲᠡᠢᠮᠦ ᠡᠴᠡ ᠲᠠ ᠨᠠᠷ ᠤᠨ ᠳᠤᠮᠳᠠ᠂ ᠶᠣᠬᠣᠸᠠ ᠶᠢᠨ ᠴᠢᠭᠤᠯᠭᠠᠨ ᠳᠤ ᠰᠢᠪᠠᠭ᠎ᠠ ᠲᠠᠲᠠᠵᠤ ᠭᠠᠵᠠᠷ ᠬᠤᠪᠢᠶᠠᠬᠤ ᠬᠥᠮᠦᠨ ᠪᠠᠢᠬᠤ ᠦᠭᠡᠢ ᠪᠣᠯᠣᠨ᠎ᠠ᠃
6 ᠲᠡᠳᠡᠨ ᠦ ᠡᠰᠢ ᠦᠵᠡᠭᠦᠯᠦᠭᠴᠢᠳ᠄ 〈ᠪᠦᠦ ᠡᠰᠢ ᠦᠵᠡᠭᠦᠯ〉 ᠭᠡᠵᠦ᠂ 〈ᠢᠴᠢᠭᠦᠷᠢ ᠡ᠊ᠨᠳᠡ ᠢᠷᠡᠬᠦ ᠦᠭᠡᠢ〉 ᠭᠡᠵᠡᠭᠡᠳᠡᠭ᠃
7 ᠶᠠᠺᠣᠪ ᠤᠨ ᠭᠡᠷ ᠡ᠂ ᠲᠠ ᠨᠠᠷ 〈ᠶᠣᠬᠣᠸᠠ ᠶᠢᠨ ᠰᠦᠨᠡᠰᠦ ᠲᠡᠪᠴᠢᠶᠡᠷᠢ ᠦᠭᠡᠢ ᠭᠡᠵᠢ ᠤᠤ︖ ᠲᠡᠷᠡ ᠲᠡᠭᠡᠵᠦ ᠬᠢᠨ᠎ᠡ ᠭᠡᠵᠢ ᠤᠤ︖〉 ᠭᠡᠯᠴᠡᠵᠦ ᠪᠣᠯᠬᠤ ᠤᠤ︖ ᠦᠭᠡᠰ ᠮᠢᠨᠢ ᠰᠢᠳᠤᠷᠭᠤ ᠠᠮᠢᠳᠤᠷᠠᠭᠰᠠᠳ ᠲᠤ ᠲᠤᠰᠠ ᠲᠠᠢ ᠪᠢᠰᠢ ᠤᠤ︖
8 ᠰᠠᠶ᠋ᠢᠬᠠᠨ ᠠᠷᠠᠳ ᠲᠦᠮᠡᠨ ᠮᠢᠨᠢ ᠳᠠᠢᠰᠤᠨ ᠮᠡᠲᠦ ᠪᠣᠰᠴᠠᠭᠠᠭᠰᠠᠨ ᠳᠠᠢᠨ ᠠᠴᠠ ᠪᠤᠴᠠᠵᠤ ᠶᠠᠪᠤᠬᠤ ᠮᠡᠲᠦ ᠲᠠᠢᠪᠤᠩ ᠥᠩᠭᠡᠷᠡᠭᠴᠢᠳ ᠡᠴᠡ ᠲᠠ ᠨᠠᠷ ᠳᠡᠪᠡᠯ ᠬᠤᠪᠴᠠᠰᠤ ᠶᠢ ᠨᠢ ᠲᠠᠢᠯᠵᠤ ᠠᠪᠳᠠᠭ
9 ᠠᠷᠠᠳ ᠲᠦᠮᠡᠨ ᠦ ᠮᠢᠨᠢ ᠡᠮᠡᠭᠲᠡᠢᠴᠦᠳ ᠢ ᠠᠶᠠᠳᠠᠢᠬᠠᠨ ᠰᠠᠭᠤᠴᠠ ᠠᠴᠠ ᠨᠢ ᠬᠥᠭᠡᠭᠡᠵᠦ ᠦᠷ᠎ᠡ ᠬᠡᠦᠬᠡᠳ ᠤᠳ ᠠᠴᠠ ᠨᠢ ᠠᠯᠳᠠᠷ ᠬᠦᠨᠳᠦ ᠶᠢ ᠮᠢᠨᠢ ᠦᠷᠭᠦᠯᠵᠢ ᠠᠪᠠᠴᠢᠳᠠᠭ᠃
10 ᠪᠣᠰᠴᠤ᠂ ᠲᠣᠨᠢᠯ︕ ᠡᠨᠡ ᠨᠢ ᠲᠠ ᠨᠠᠷ ᠤᠨ ᠠᠮᠠᠷᠠᠬᠤ ᠭᠠᠵᠠᠷ ᠪᠢᠰᠢ ᠡᠳᠦᠭᠡ ᠲᠡᠷᠡ ᠪᠤᠵᠠᠷᠲᠤᠭᠰᠠᠨ ᠲᠤᠯᠠ ᠠᠶᠤᠮᠰᠢᠭᠲᠠᠢ ᠰᠦᠢᠷᠡᠯ ᠢᠶᠡᠷ ᠰᠦᠢᠷᠡᠬᠦ ᠪᠣᠯᠣᠨ᠎ᠠ᠃
11 ᠬᠡᠷᠪᠡ ᠬᠤᠳᠠᠯ ᠬᠣᠭᠣᠰᠣᠨ ᠦᠭᠡ ᠶᠠᠷᠢᠵᠤ ᠶᠠᠪᠤᠳᠠᠭ ᠬᠥᠮᠦᠨ ᠠᠷᠢᠬᠢ ᠳᠠᠷᠠᠰᠤᠨ ᠤ ᠲᠤᠬᠠᠢ ᠪᠢ ᠲᠠ ᠨᠠᠷ ᠲᠤ ᠶᠠᠷᠢᠶ᠎ᠠ ᠭᠡᠪᠡᠯ ᠲᠡᠷᠡ ᠪᠡᠷ ᠡᠨᠡ ᠠᠷᠠᠳ ᠲᠦᠮᠡᠨ ᠦ ᠡᠰᠢ ᠦᠵᠡᠭᠦᠯᠦᠭᠴᠢ ᠪᠣᠯᠴᠢᠬᠠᠳᠠᠭ᠃
ᠦᠯᠡᠳᠡᠭᠰᠡᠳ ᠴᠤᠭᠯᠠᠷᠠᠨ᠎ᠠ
12 ᠶᠠᠺᠣᠪ ᠡ᠂ ᠪᠢ ᠯᠠᠪᠲᠠᠢ ᠲᠠᠨ ᠤ ᠬᠢᠨ ᠢ ᠪᠦᠭᠦᠳᠡ ᠶᠢ ᠴᠤᠭᠯᠠᠭᠤᠯᠤᠨ᠎ᠠ ᠢᠰᠷᠧᠯ ᠤᠨ ᠦᠯᠡᠳᠡᠭᠰᠡᠳ ᠢ ᠪᠢ ᠵᠠᠪᠠᠯ ᠪᠥᠭᠡᠮᠨᠡᠷᠡᠭᠦᠯᠦᠨᠡ ᠪᠢ ᠲᠡᠳᠡᠨ ᠢ ᠬᠠᠰᠢᠶᠠᠨ ᠳᠠᠬᠢ ᠬᠣᠨᠢᠳ᠂ ᠪᠡᠯᠴᠢᠭᠡᠷ ᠳᠠᠬᠢ ᠰᠦᠷᠦᠭ ᠮᠡᠲᠦ ᠨᠢᠭᠡ ᠭᠠᠵᠠᠷ ᠲᠤ ᠪᠠᠢᠯᠭᠠᠨ᠎ᠠ ᠲᠡᠨᠳᠡ ᠬᠥᠮᠦᠨ ᠦ ᠶᠡᠬᠡ ᠱᠤᠤᠭᠢᠶᠠᠨ ᠪᠠᠢᠬᠤ ᠪᠣᠯᠣᠨ᠎ᠠ᠃
13 ᠡᠪᠳᠡᠭᠴᠢ ᠲᠡᠳᠡᠨ ᠦ ᠡᠮᠦᠨ᠎ᠡ ᠶᠠᠪᠤᠨ᠎ᠠ ᠲᠡᠳᠡ ᠬᠠᠭᠠᠯᠭ᠎ᠠ ᠶᠢ ᠡᠪᠳᠡᠨ ᠥᠩᠭᠡᠷᠡᠵᠦ ᠲᠡᠷᠡᠭᠦᠷ ᠭᠠᠷᠤᠨ᠎ᠠ ᠬᠠᠭᠠᠨ ᠨᠢ ᠲᠡᠳᠡᠨ ᠦ ᠡᠮᠦᠨ᠎ᠡ᠂ ᠶᠣᠬᠣᠸᠠ ᠲᠡᠳᠡᠨ ᠦ ᠲᠡᠷᠢᠭᠦᠨ ᠳᠦ ᠥᠩᠭᠡᠷᠡᠵᠦ ᠶᠠᠪᠤᠨ᠎ᠠ᠃》