ᠮᠢᠺᠠ ᠲᠠᠪᠤ
1 ᠬᠠᠷᠢᠨ ᠣᠳᠣ ᠴᠡᠷᠢᠭ ᠢᠶᠠᠨ ᠳᠠᠢᠴᠢᠯᠠ᠂ ᠴᠡᠷᠢᠭ ᠤᠳ ᠢᠶᠠᠷ ᠬᠦᠷᠢᠶᠡᠯᠡᠭᠳᠡᠭᠰᠡᠨ ᠥᠬᠢᠨ ᠡ᠂ ᠪᠢᠳᠡ ᠪᠦᠰᠡᠯᠡᠭᠳᠡᠪᠡ ᠲᠡᠳᠡ ᠰᠢᠳᠠᠮ ᠢᠶᠠᠷ ᠢᠰᠷᠧᠯ ᠤᠨ ᠵᠠᠬᠢᠷᠤᠭᠴᠢ ᠶᠢᠨ ᠬᠠᠴᠠᠷ ᠳᠡᠭᠡᠷ᠎ᠡ ᠴᠣᠬᠢᠨ᠎ᠠ᠃
ᠪᠧᠲ᠋ᠯᠧᠾᠧᠮ ᠡᠴᠡ ᠭᠠᠷᠬᠤ ᠵᠠᠬᠢᠷᠤᠭᠴᠢ
2 ᠬᠠᠷᠢᠨ ᠪᠧᠲ᠋ᠯᠧᠾᠧᠮ ᠡᠹᠷᠠᠲ ᠡ ᠴᠢ ᠶᠦᠳᠠ ᠶᠢᠨ ᠠᠢᠮᠠᠭ ᠤᠳ ᠤᠨ ᠳᠤᠮᠳᠠ ᠥᠴᠦᠬᠡᠨ ᠴᠤ ᠢᠰᠷᠧᠯ ᠤᠨ ᠵᠠᠬᠢᠷᠤᠭᠴᠢ ᠪᠣᠯᠬᠤ ᠨᠢᠭᠡᠨ ᠨᠢ ᠴᠢᠮ᠎ᠠ ᠠᠴᠠ ᠨᠠᠳᠠ ᠤᠷᠤᠭᠤ 12 ᠭᠠᠷᠴᠤ ᠢᠷᠡᠨ᠎ᠡ᠂ ᠲᠡᠷᠡ ᠡᠷᠲᠡᠨ ᠡᠴᠡ ᠥᠨᠢ ᠡᠷᠲᠡᠨ ᠦ ᠡᠳᠦᠷ ᠤᠳ ᠠᠴᠠ ᠭᠠᠷᠤᠯ ᠲᠠᠢ᠃
3 ᠲᠡᠢᠮᠦ ᠡᠴᠡ ᠲᠥᠷᠥᠭᠦᠯᠵᠦ ᠪᠤᠢ ᠡᠮᠡᠭᠲᠡᠢ ᠲᠥᠷᠥᠭᠦᠯᠬᠦ ᠴᠠᠭ ᠬᠦᠷᠲᠡᠯ᠎ᠡ ᠢᠰᠷᠧᠯ ᠲᠤᠱᠠ ᠲᠠᠢ ᠪᠠᠢᠭᠰᠠᠭᠠᠷ ᠢᠰᠷᠧᠯᠴᠦᠳ ᠤᠷᠤᠭᠤ ᠦᠯᠡᠳᠡᠭᠰᠡᠨ ᠠᠬ᠎ᠠ ᠳᠡᠭᠦᠦᠰ ᠨᠢ ᠪᠤᠴᠠᠵᠤ ᠢᠷᠡᠬᠦ ᠪᠣᠯᠣᠨ᠎ᠠ᠃
4 ᠲᠡᠷᠡ ᠪᠡᠷ ᠶᠣᠬᠣᠸᠠ ᠶᠢᠨ ᠬᠦᠴᠦ ᠪᠡᠷ ᠶᠣᠬᠣᠸᠠ ᠪᠤᠷᠬᠠᠨ ᠤ ᠪᠠᠨ ᠵᠢᠪᠬᠤᠯᠠᠩᠲᠤ ᠨᠡᠷ᠎ᠡ ᠪᠡᠷ ᠪᠣᠰᠣᠭᠠᠳ ᠰᠦᠷᠦᠭ ᠢᠶᠡᠨ ᠬᠠᠷᠢᠭᠤᠯᠵᠤ ᠲᠡᠳᠡ ᠨᠠᠷ ᠨᠢ ᠰᠠᠭᠤᠷᠢᠰᠢᠬᠤ ᠪᠣᠯᠣᠨ᠎ᠠ᠂ ᠡᠳᠦᠭᠡ ᠲᠡᠷᠡ ᠳᠡᠯᠡᠬᠡᠢ ᠶᠢᠨ ᠬᠢᠵᠠᠭᠠᠷ ᠬᠦᠷᠲᠡᠯ᠎ᠡ ᠠᠭᠤᠤ ᠪᠣᠯᠣᠨ᠎ᠠ᠂
5 ᠲᠡᠷᠡ ᠪᠢᠳᠡᠨ ᠦ ᠡᠩᠬᠡ ᠠᠮᠤᠭᠤᠯᠠᠩ ᠪᠣᠯᠣᠨ᠎ᠠ᠂ ᠠᠰᠢᠷᠢᠶ᠎ᠠ ᠮᠠᠨ ᠤ ᠨᠤᠲᠤᠭ ᠲᠤ ᠣᠷᠣᠵᠤ ᠣᠷᠳᠣᠨ ᠨᠤᠭᠤᠳ ᠢ ᠮᠠᠨᠢ ᠲᠠᠯᠬᠢᠳᠠᠬᠤ ᠳᠤ ᠪᠢᠳᠡ ᠳᠣᠯᠣᠭᠠᠨ ᠬᠣᠨᠢᠴᠢᠨ᠂ ᠨᠠᠢ᠌ᠮᠠᠨ ᠤᠳᠤᠷᠢᠳᠤᠭᠴᠢ ᠶᠢ ᠲᠡᠭᠦᠨ ᠦ ᠡᠰᠡᠷᠭᠦ ᠪᠣᠰᠬᠠᠬᠤ ᠪᠣᠯᠣᠨ᠎ᠠ᠃
6 ᠠᠰᠢᠷᠢᠶ᠎ᠠ ᠨᠤᠲᠤᠭ ᠲᠤ ᠲᠡᠳᠡ ᠢᠯᠳᠦ ᠪᠡᠷ ᠨᠢᠮᠷᠣᠳ᠋ ᠤᠨ ᠨᠤᠲᠤᠭ ᠲᠤ ᠰᠤᠭᠤᠯᠤᠭᠰᠠᠨ ᠰᠡᠯᠡᠮ᠎ᠡ ᠪᠡᠷ ᠬᠠᠷᠢᠭᠤ ᠪᠠᠷᠢᠨ᠎ᠠ ᠠᠰᠢᠷᠢᠶ᠎ᠠ ᠮᠠᠨ ᠤ ᠨᠤᠲᠤᠭ ᠢ ᠳᠣᠪᠲᠣᠯᠵᠤ᠂ ᠨᠤᠲᠤᠭ ᠳᠡᠪᠢᠰᠬᠡᠷ ᠢ ᠮᠢᠨᠢ ᠲᠠᠯᠬᠢᠳᠠᠬᠤ ᠳᠤ ᠲᠡᠷᠡ ᠪᠢᠳᠡᠨ ᠢ ᠲᠡᠭᠦᠨ ᠡᠴᠡ ᠠᠪᠤᠷᠠᠬᠤ ᠪᠣᠯᠣᠨ᠎ᠠ᠃
7 ᠶᠠᠺᠣᠪ ᠤᠨ ᠦᠯᠡᠳᠡᠭᠰᠡᠳ ᠨᠢ ᠣᠯᠠᠨ ᠦᠨᠳᠦᠰᠦᠲᠡᠨ ᠦ ᠳᠤᠮᠳᠠ ᠶᠣᠬᠣᠸᠠ ᠠᠴᠠ ᠪᠠᠭᠤᠭᠰᠠᠨ ᠰᠢᠭᠦᠳᠡᠷᠢ ᠮᠡᠲᠦ ᠡᠪᠡᠰᠦᠨ ᠳᠡᠭᠡᠷ᠎ᠡ ᠣᠷᠣᠭᠰᠠᠨ ᠬᠤᠷ᠎ᠠ ᠮᠡᠲᠦ ᠪᠠᠢᠬᠤ ᠪᠣᠯᠣᠨ᠎ᠠ᠂ ᠲᠡᠷᠡ ᠬᠥᠮᠦᠨ ᠳᠦ ᠲᠦᠰᠢᠬᠦ ᠦᠭᠡᠢ᠂ ᠬᠥᠮᠦᠨ ᠦ ᠬᠥᠪᠡᠭᠦᠳ ᠲᠦ ᠨᠠᠢᠳᠠᠬᠤ ᠦᠭᠡᠢ᠂
8 ᠶᠠᠺᠣᠪ ᠤᠨ ᠦᠯᠡᠳᠡᠭᠰᠡᠳ ᠨᠢ ᠬᠠᠷᠢᠴᠤᠳ ᠤᠨ ᠳᠣᠲᠣᠷ᠎ᠠ᠂ ᠣᠯᠠᠨ ᠦᠨᠳᠦᠰᠦᠲᠡᠨ ᠦ ᠳᠤᠮᠳᠠ ᠣᠢ ᠶᠢᠨ ᠠᠷᠢᠶᠠᠲᠠᠳ ᠤᠨ ᠳᠤᠮᠳᠠᠬᠢ ᠠᠷᠰᠯᠠᠨ ᠬᠣᠨᠢᠨ ᠰᠦᠷᠦᠭ ᠦᠨ ᠳᠤᠮᠳᠠᠬᠢ ᠵᠠᠯᠠᠭᠤ ᠠᠷᠰᠯᠠᠨ ᠮᠡᠲᠦ ᠪᠠᠢᠬᠤ ᠪᠣᠯᠣᠨ᠎ᠠ᠂ ᠲᠡᠷᠡ ᠥᠩᠭᠡᠷᠡᠨ ᠶᠠᠪᠤᠬᠤ ᠳᠠᠭᠠᠨ ᠲᠠᠯᠬᠢᠳᠠᠵᠤ ᠲᠠᠰᠤᠳᠠᠳᠠᠭ ᠲᠤᠯᠠ ᠲᠡᠭᠦᠨ ᠡᠴᠡ ᠠᠪᠤᠷᠠᠵᠤ ᠴᠢᠳᠠᠬᠤ ᠬᠡᠨ ᠴᠤ ᠠᠯᠠᠭ᠎ᠠ᠃
9 ᠭᠠᠷ ᠴᠢᠨᠢ ᠳᠠᠢᠰᠤᠨ ᠨᠤᠭᠤᠳ ᠤᠨ ᠢᠶᠠᠨ ᠳᠡᠭᠡᠷ᠎ᠡ ᠡᠷᠭᠦᠭᠳᠡᠵᠦ ᠬᠠᠮᠤᠭ ᠳᠠᠢᠰᠤᠨ ᠴᠢᠨᠢ ᠤᠰᠠᠳᠬᠤ ᠪᠣᠯᠣᠨ᠎ᠠ᠃
10 ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠪᠢ ᠮᠣᠷᠢᠳ ᠢ ᠴᠢᠨᠢ ᠤᠰᠠᠳᠬᠠᠵᠤ ᠲᠡᠷᠭᠡ ᠨᠦᠭᠦᠳ ᠢ ᠴᠢᠨᠢ ᠬᠡᠮᠬᠡᠴᠢᠨᠡ
11 ᠲᠠᠨ ᠤ ᠨᠤᠲᠤᠭ ᠤᠨ ᠬᠣᠲᠠ ᠨᠤᠭᠤᠳ ᠢ ᠤᠰᠠᠳᠬᠠᠵᠤ ᠪᠦᠬᠦ ᠪᠡᠬᠢᠯᠡᠯᠲᠡ ᠶᠢ ᠴᠢᠨᠢ ᠨᠤᠷᠠᠭᠠᠨ᠎ᠠ
12 ᠭᠠᠷ ᠠᠴᠠ ᠴᠢᠨᠢ ᠪᠢ ᠬᠠᠮᠤᠭ ᠶᠧᠯᠧᠴᠢᠳ ᠢ ᠤᠰᠠᠳᠬᠠᠵᠤ ᠴᠢ ᠮᠡᠷᠭᠡᠴᠢ ᠦᠭᠡᠢ ᠪᠣᠯᠣᠨ᠎ᠠ
13 ᠲᠠᠨ ᠤ ᠬᠢᠨ ᠡᠴᠡ ᠰᠡᠢᠯᠦᠮᠡᠯ ᠬᠥᠷᠥᠭ ᠤᠳ᠂ ᠰᠢᠲᠦᠭᠡᠨ ᠦ ᠪᠠᠭᠠᠨ᠎ᠠ ᠨᠤᠭᠤᠳ ᠢ ᠴᠢᠨᠢ ᠤᠰᠠᠳᠬᠠᠬᠤ ᠲᠤᠯᠠ ᠴᠢ ᠭᠠᠷ ᠤᠨ ᠢᠶᠠᠨ ᠪᠦᠲᠦᠭᠡᠯ ᠳᠦ ᠮᠥᠷᠭᠥᠬᠦ ᠪᠡᠨ ᠪᠣᠯᠢᠨ᠎ᠠ
14 ᠲᠠᠨ ᠤ ᠬᠢᠨ ᠡᠴᠡ ᠪᠢ ᠠᠱᠧᠷᠠ ᠶᠢᠨ ᠱᠣᠩ ᠢ ᠰᠤᠭᠤ ᠲᠠᠲᠠᠵᠤ ᠬᠣᠲᠠ ᠨᠤᠭᠤᠳ ᠢ ᠴᠢᠨᠢ ᠰᠦᠢᠷᠡᠭᠦᠯᠦᠨᠡ
15 ᠳᠤᠭᠤᠯᠭᠠᠪᠤᠷᠢ ᠦᠭᠡᠢ ᠪᠠᠢᠭᠰᠠᠨ ᠦᠨᠳᠦᠰᠦᠲᠡᠨ ᠨᠦᠭᠦᠳ ᠡᠴᠡ ᠪᠢ ᠠᠭᠤᠷ ᠬᠢᠯᠢᠩ ᠲᠠᠢ ᠪᠠᠷ ᠥᠰᠢᠶ᠎ᠡ ᠠᠪᠤᠨ᠎ᠠ᠃》