ᠮᠢᠺᠠ ᠳᠣᠯᠣᠭ᠎ᠠ
ᠪᠦᠭᠦᠳᠡᠭᠡᠷ ᠳᠣᠷᠣᠢᠲᠠᠪᠠ
1 ᠪᠢ ᠴᠥᠬᠥᠷᠡᠯᠡ︕ ᠪᠢ ᠪᠣᠯᠪᠠᠰᠤᠷᠠᠭᠰᠠᠨ ᠵᠢᠮᠢᠰ ᠬᠤᠷᠢᠶᠠᠭᠴᠢ᠂ ᠦᠵᠦᠮ ᠠᠪᠬᠤ ᠦᠶ᠎ᠡ ᠶᠢᠨ ᠲᠦᠷᠦᠭᠦᠦ ᠲᠡᠭᠦᠭᠴᠢ ᠮᠡᠲᠦ ᠪᠣᠯᠵᠠᠢ᠂ ᠬᠠᠷᠢᠨ ᠠᠮᠰᠠᠬᠤ ᠪᠠᠭᠴᠠ ᠦᠵᠦᠮ ᠠᠯᠠᠭ᠎ᠠ ᠬᠦᠰᠡᠭᠰᠡᠨ ᠠᠩ᠋ᠬᠠᠨ ᠤ ᠢᠨᠵᠢᠷ ᠴᠤ ᠠᠯᠠᠭ᠎ᠠ
2 ᠢᠲᠡᠭᠡᠯ ᠲᠡᠢ ᠨᠢ ᠡᠨᠡ ᠭᠠᠵᠠᠷ ᠠᠴᠠ ᠤᠰᠠᠳᠪᠠ ᠴᠢᠬᠡ ᠰᠢᠳᠤᠷᠭᠤ ᠨᠢ ᠬᠥᠮᠦᠰ ᠦᠨ ᠳᠤᠮᠳᠠ ᠠᠯᠠᠭ᠎ᠠ ᠴᠢᠰᠤ ᠤᠷᠤᠰᠬᠠᠬᠤ ᠪᠠᠷ ᠲᠡᠳᠡ ᠪᠦᠭᠦᠳᠡ ᠪᠦᠭᠬᠦᠨ ᠬᠦᠯᠢᠶᠡᠵᠦ ᠠᠬ᠎ᠠ ᠳᠡᠭᠦᠦ ᠪᠡᠨ ᠲᠣᠣᠷ ᠢᠶᠠᠷ ᠠᠩᠨᠠᠨ᠎ᠠ᠃
3 ᠬᠣᠶᠠᠷ ᠭᠠᠷ ᠨᠢ ᠬᠣᠷᠣᠨ ᠮᠠᠭᠤ ᠳᠤ ᠭᠠᠷᠮᠠᠭᠠᠢ ᠨᠣᠶᠠᠨ᠂ ᠰᠢᠭᠦᠭᠴᠢ ᠬᠠᠬᠤᠤᠯᠢ ᠱᠠᠭᠠᠷᠳᠠᠨ ᠳᠡᠭᠡᠳᠦ ᠲᠤᠰᠢᠶᠠᠯᠲᠠᠨ ᠳᠤᠷᠠᠲᠠᠢ ᠪᠠᠨ ᠲᠤᠰᠢᠶᠠᠳᠠᠭ ᠡᠢᠨ ᠬᠦ ᠲᠡᠳᠡ ᠰᠢᠳᠤᠷᠭᠤ ᠶᠢ ᠮᠤᠰᠬᠢᠳᠠᠭ
4 ᠬᠠᠮᠤᠭ ᠤᠨ ᠰᠠᠢᠨ ᠨᠢ ᠴᠤ ᠥᠷᠭᠡᠰᠦᠲᠦ ᠤᠷᠭᠤᠮᠠᠯ ᠬᠠᠮᠤᠭ ᠤᠨ ᠴᠢᠭ᠍ᠴᠢ ᠨᠢ ᠴᠤ ᠦᠭᠦᠷᠭᠡᠨ᠎ᠡ ᠶᠢᠨ ᠰᠢᠪᠡᠭᠡ ᠮᠡᠲᠦ ᠭᠡᠪᠡᠴᠦ ᠬᠠᠷᠠᠭᠤᠯ ᠤᠳ ᠤᠨ ᠴᠢᠨᠢ ᠠᠩ᠋ᠬᠠᠷᠤᠭᠤᠯᠤᠭᠰᠠᠨ ᠡᠳᠦᠷ ᠴᠢᠮᠠᠶᠢ ᠰᠢᠳᠬᠡᠬᠦ ᠡᠳᠦᠷ ᠢᠷᠡᠯ᠎ᠡ ᠴᠢᠨᠦ ᠦᠢᠮᠡᠭᠡᠨ ᠰᠠᠮᠠᠭᠤᠨ ᠣᠢᠷᠠᠲᠤᠯ᠎ᠠ᠂
5 ᠠᠨᠳᠠ ᠳᠠᠭᠠᠨ ᠪᠦᠦ ᠢᠲᠡᠭᠡ᠂ ᠨᠠᠢᠵᠠ ᠳᠠᠭᠠᠨ ᠪᠦᠦ ᠨᠠᠢᠳᠠ ᠡᠪᠦᠷ ᠲᠦ ᠴᠢᠨᠢ ᠬᠡᠪᠲᠡᠬᠦ ᠡᠮᠡᠭᠲᠡᠢ ᠡᠴᠡ ᠴᠤ ᠠᠮᠠ ᠪᠠᠨ ᠬᠢᠴᠢᠶᠡ᠃
6 ᠤᠴᠢᠷ ᠨᠢ ᠬᠦᠦ ᠨᠢ ᠡᠴᠢᠭᠡ ᠪᠡᠨ ᠦᠯᠦ ᠬᠦᠨᠳᠦᠯᠡᠨ ᠥᠬᠢᠨ ᠨᠢ ᠡᠬᠡ ᠶᠢᠨ ᠢᠶᠠᠨ ᠡᠰᠡᠷᠭᠦ ᠪᠡᠷᠢ ᠨᠢ ᠬᠠᠳᠠᠮ ᠡᠬᠡ ᠶᠢᠨ ᠢᠶᠠᠨ ᠡᠰᠡᠷᠭᠦ ᠪᠣᠰᠳᠠᠭ ᠬᠥᠮᠦᠨ ᠦ ᠳᠠᠢᠰᠤᠨ ᠪᠣᠯ ᠥᠪᠡᠷ ᠦᠨ ᠬᠢᠨᠢ ᠭᠡᠷ ᠦᠨ ᠬᠢᠨ ᠶᠤᠮ᠃
7 ᠬᠠᠷᠢᠨ ᠪᠢ ᠶᠣᠬᠣᠸᠠ ᠤᠷᠤᠭᠤ ᠲᠡᠮᠡᠦᠯᠦᠨ᠎ᠡ ᠪᠢ ᠠᠪᠤᠷᠠᠭᠴᠢ ᠪᠤᠷᠬᠠᠨ ᠳᠠᠭᠠᠨ ᠨᠠᠢᠳᠠᠵᠤ ᠮᠢᠨᠦ ᠪᠤᠷᠬᠠᠨ ᠮᠢᠨᠦᠬᠢ ᠶᠢ ᠰᠣᠨᠣᠰᠬᠤ ᠪᠣᠯᠣᠨ᠎ᠠ᠃
ᠢᠰᠷᠧᠯ ᠳᠠᠬᠢᠨ ᠮᠠᠨᠳᠤᠨ᠎ᠠ
8 ᠳᠠᠢᠰᠤᠨ ᠮᠢᠨᠢ᠂ ᠨᠠᠳᠠ ᠠᠴᠠ ᠪᠣᠯᠵᠤ ᠪᠦᠦ ᠪᠠᠶᠠᠰ︕ ᠪᠢ ᠤᠨᠠᠪᠠᠴᠤ ᠪᠣᠰᠣᠨ᠎ᠠ ᠬᠠᠷᠠᠩ᠋ᠭᠤᠢ ᠳᠤ ᠰᠠᠭᠤᠪᠠᠴᠤ ᠶᠣᠬᠣᠸᠠ ᠮᠢᠨᠦ ᠭᠡᠷᠡᠯ ᠶᠤᠮ᠃
9 ᠪᠢ ᠲᠡᠭᠦᠨ ᠳᠦ ᠨᠢᠭᠦᠯ ᠦᠢᠯᠡᠳᠦᠭᠰᠡᠨ ᠲᠤᠯᠠ ᠲᠡᠷᠡ ᠪᠡᠷ ᠮᠢᠨᠦ ᠬᠡᠷᠡᠭ ᠢ ᠥᠮᠥᠭᠯᠡᠵᠦ ᠮᠢᠨᠦ ᠲᠥᠯᠥᠭᠡ ᠰᠢᠳᠬᠡᠯ ᠢ ᠭᠦᠢᠴᠡᠳᠬᠡᠬᠦ ᠬᠦᠷᠲᠡᠯ᠎ᠡ ᠪᠢ ᠶᠣᠬᠣᠸᠠ ᠶᠢᠨ ᠬᠢᠯᠢᠩ ᠢ ᠳᠠᠭᠠᠭᠠᠬᠤ ᠶᠣᠰᠣᠲᠠᠢ ᠲᠡᠷᠡ ᠨᠠᠮᠠᠶᠢ ᠭᠡᠷᠡᠯ ᠳᠦ ᠭᠠᠷᠭᠠᠵᠤ ᠪᠢ ᠲᠡᠭᠦᠨ ᠦ ᠵᠥᠪᠲᠥᠭᠡᠯ ᠢ ᠬᠠᠷᠠᠬᠤ ᠪᠣᠯᠣᠨ᠎ᠠ᠃
10 ᠨᠠᠳᠠ ᠳᠤ᠄ 《ᠪᠤᠷᠬᠠᠨ ᠶᠣᠬᠣᠸᠠ ᠴᠢᠨᠢ ᠬᠠᠮᠢᠭ᠎ᠠ ᠪᠠᠢᠨ᠎ᠠ︖》 ᠭᠡᠵᠦ ᠬᠡᠯᠡᠳᠡᠭ ᠳᠠᠢᠰᠤᠨ ᠮᠠᠨᠢ ᠡᠭᠦᠨ ᠢ ᠬᠠᠷᠠᠵᠤ ᠢᠴᠢᠭᠦᠷᠢ ᠳᠤ ᠣᠷᠣᠬᠤ ᠪᠣᠯᠣᠨ᠎ᠠ᠃ ᠨᠢᠳᠦ ᠮᠢᠨᠢ ᠲᠡᠭᠦᠨ ᠢ ᠬᠠᠷᠠᠨ᠎ᠠ ᠲᠡᠷᠡ ᠪᠡᠷ ᠭᠤᠳᠤᠮᠵᠢᠨ ᠤ ᠱᠠᠯᠪᠠᠭ ᠮᠡᠲᠦ ᠭᠢᠰᠬᠢᠭᠳᠡᠨᠡ᠃
11 ᠬᠡᠷᠡᠮ ᠢ ᠴᠢᠨᠢ ᠪᠠᠷᠢᠬᠤ ᠡᠳᠦᠷ ᠢᠷᠡᠨ᠎ᠡ ᠬᠢᠯᠢ ᠬᠢᠵᠠᠭᠠᠷ ᠴᠢᠨᠢ ᠲᠡᠷᠡ ᠡᠳᠦᠷ ᠥᠷᠭᠡᠵᠢᠨ᠎ᠡ᠂
12 ᠲᠡᠷᠡ ᠡᠳᠦᠷ ᠠᠰᠢᠷᠢᠶ᠎ᠠ ᠠᠴᠠ ᠶᠧᠵᠢᠫᠲ ᠤᠨ ᠬᠣᠲᠠ ᠨᠤᠭᠤᠳ ᠬᠦᠷᠲᠡᠯᠡᠬᠢ ᠶᠧᠵᠢᠫᠲ ᠡᠴᠡ ᠡᠶᠦ᠋ᠹᠷᠠᠲ᠋ᠧᠰ ᠮᠥᠷᠡᠨ ᠬᠦᠷᠲᠡᠯᠡᠬᠢ ᠳᠠᠯᠠᠢ ᠠᠴᠠ ᠳᠠᠯᠠᠢ ᠬᠦᠷᠲᠡᠯᠡᠬᠢ ᠠᠭᠤᠯᠠ ᠠᠴᠠ ᠠᠭᠤᠯᠠ ᠬᠦᠷᠲᠡᠯᠡᠬᠢ ᠭᠠᠵᠠᠷ ᠠᠴᠠ ᠬᠥᠮᠦᠰ ᠴᠢᠮ᠎ᠠ ᠤᠷᠤᠭᠤ ᠢᠷᠡᠨ᠎ᠡ᠃
13 ᠭᠠᠵᠠᠷ ᠰᠠᠭᠤᠭᠠᠯᠢᠴᠢᠳ ᠤᠨ ᠢᠶᠠᠨ ᠦᠢᠯᠡ ᠶᠢᠨ ᠦᠷ᠎ᠡ ᠡᠴᠡ ᠪᠣᠯᠵᠤ ᠵᠡᠯᠢᠭᠦᠳ ᠪᠣᠯᠣᠨ᠎ᠠ᠃
ᠳᠠᠭᠠᠳᠬᠠᠯ ᠪᠠ ᠮᠠᠭᠲᠠᠭᠠᠯ
14 ᠲᠠ ᠥᠪᠡᠷ ᠦᠨ ᠢᠶᠠᠨ ᠠᠷᠠᠳ ᠲᠦᠮᠡᠨ ᠢ ᠴᠡᠴᠡᠷᠯᠢᠭᠲᠦ ᠨᠤᠲᠤᠭ ᠤᠨ ᠳᠣᠲᠣᠷᠠᠬᠢ ᠣᠢ ᠳᠤ ᠭᠠᠭᠴᠠᠭᠠᠷ ᠰᠠᠭᠤᠳᠠᠭ ᠥᠮᠴᠢ ᠰᠦᠷᠦᠭ ᠢᠶᠡᠨ ᠥᠪᠡᠷ ᠦᠨ ᠢᠶᠠᠨ ᠲᠠᠶᠠᠭ ᠢᠶᠠᠷ ᠬᠠᠷᠢᠭᠤᠯᠤᠭᠠᠴᠢ ᠤᠷᠢᠳᠤ ᠶᠢᠨ ᠬᠢ ᠰᠢᠭ᠋ ᠢᠶᠠᠨ ᠪᠠᠱᠠᠨ ᠪᠣᠯᠣᠨ ᠭᠢᠯᠧᠶᠠᠳ᠋ ᠲᠤ ᠬᠠᠷᠢᠭᠤᠯᠤᠭᠠᠴᠢ᠂
15 《ᠪᠢ ᠴᠢᠮᠠᠶᠢ ᠶᠧᠵᠢᠫᠲ ᠡᠴᠡ ᠭᠠᠷᠭᠠᠭᠰᠠᠨ ᠡᠳᠦᠷ ᠤᠳ ᠤᠨ ᠬᠢ ᠰᠢᠭ ᠢᠶᠠᠨ ᠴᠢᠮ᠎ᠠ ᠳᠤ ᠭᠠᠢᠬᠠᠮᠰᠢᠭ ᠤᠳ ᠢ ᠦᠵᠡᠭᠦᠯᠬᠦ ᠪᠣᠯᠣᠨ᠎ᠠ᠃》
16 ᠦᠨᠳᠦᠰᠦᠲᠡᠨ ᠨᠦᠭᠦᠳ ᠦᠵᠡᠭᠡᠳ ᠥᠪᠡᠷ ᠦᠨ ᠢᠶᠠᠨ ᠪᠦᠬᠦ ᠬᠦᠴᠦ ᠴᠢᠳᠠᠯ ᠤᠨ ᠤᠯᠠᠮ ᠢᠶᠠᠷ ᠢᠴᠢᠵᠦ ᠭᠠᠷ ᠢᠶᠠᠷ ᠢᠶᠠᠨ ᠠᠮᠠ ᠪᠠᠨ ᠪᠠᠷᠢᠨ᠎ᠠ ᠲᠡᠳᠡᠨ ᠦ ᠴᠢᠬᠢ ᠳᠦᠯᠡᠢ ᠪᠣᠯᠣᠨ᠎ᠠ᠃
17 ᠲᠡᠳᠡ ᠮᠣᠭᠠᠢ ᠮᠡᠲᠦ ᠰᠢᠷᠣᠢ ᠳᠣᠯᠢᠶᠠᠨ᠎ᠠ ᠭᠠᠵᠠᠷ ᠤᠨ ᠮᠥᠯᠬᠥᠭᠴᠢᠳ ᠮᠡᠲᠦ ᠨᠦᠬᠡᠨ ᠡᠴᠡ ᠪᠡᠨ ᠴᠡᠴᠡᠷᠡᠨ ᠭᠠᠷᠴᠤ ᠪᠢᠳᠡᠨ ᠦ ᠪᠤᠷᠬᠠᠨ ᠶᠣᠬᠣᠸᠠ ᠥᠭᠡᠳᠡ ᠡᠷᠭᠢᠨ᠎ᠡ ᠲᠡᠳᠡ ᠲᠠᠨ ᠠᠴᠠ ᠡᠮᠢᠶᠡᠬᠦ ᠪᠣᠯᠣᠨ᠎ᠠ᠃
18 ᠲᠠᠨ ᠰᠢᠭ᠋ ᠪᠤᠷᠬᠠᠨ ᠬᠠᠮᠢᠭ᠎ᠠ ᠪᠠᠢᠨ᠎ᠠ ᠪᠤᠢ︖ ᠲᠠ ᠥᠮᠴᠢ ᠶᠢᠨ ᠢᠶᠠᠨ ᠦᠯᠡᠳᠡᠭᠰᠡᠳ ᠦᠨ ᠬᠢᠯᠢᠨᠴᠡ ᠶᠢ ᠠᠭᠤᠴᠢᠯᠠᠵᠤ᠂ ᠭᠡᠮ ᠢ ᠨᠢ ᠬᠡᠯᠲᠦᠷᠢᠭᠦᠯᠳᠡᠭ᠌ ᠲᠠ ᠬᠢᠯᠢᠩ ᠢᠶᠠᠨ ᠡᠭᠦᠷᠢᠳᠡ ᠲᠡᠭᠡᠭᠡᠬᠦ ᠪᠢᠰᠢ᠂ ᠥᠷᠥᠰᠢᠶᠡᠯ ᠢ ᠲᠠᠭᠠᠯᠠᠳᠠᠭ
19 ᠲᠠ ᠪᠢᠳᠡᠨ ᠢ ᠳᠠᠬᠢᠨ ᠥᠷᠥ ᠡᠪᠡᠳᠴᠦ ᠪᠢᠳᠡᠨ ᠦ ᠬᠢᠯᠢᠨᠴᠡ ᠶᠢ ᠬᠥᠯ ᠳᠣᠣᠷ᠎ᠠ ᠪᠠᠨ ᠭᠢᠰᠬᠢᠨ᠎ᠡ ᠲᠠ ᠪᠢᠳᠡᠨ ᠦ ᠪᠦᠬᠦ ᠨᠢᠭᠦᠯ ᠢ ᠳᠠᠯᠠᠢ ᠶᠢᠨ ᠭᠦᠨ ᠤᠷᠤᠭᠤ ᠬᠠᠶᠠᠨ᠎ᠠ
20 ᠡᠷᠲᠡᠨ ᠦ ᠡᠳᠦᠷ ᠤᠳ ᠲᠤ ᠡᠴᠢᠭᠡ ᠡᠪᠦᠭᠡᠳ ᠲᠦ ᠮᠠᠨᠢ ᠲᠠᠩ᠋ᠭᠠᠷᠢᠭᠯᠠᠭᠰᠠᠨ ᠤ ᠪᠠᠨ ᠳᠠᠭᠠᠤ ᠶᠠᠺᠣᠪ ᠲᠤ ᠦᠨᠡᠨᠴᠢ᠂ ᠠᠪᠷᠠᠬᠠᠮ ᠳᠤ ᠥᠷᠥᠰᠢᠶᠡᠩᠭᠦᠢ ᠪᠠᠢᠬᠤ ᠪᠣᠯᠣᠨ᠎ᠠ᠃