1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠠᠷᠪᠠᠨ ᠲᠠᠪᠤ
 ᠬᠠᠭᠠᠨ ᠰᠠᠦ᠋ᠯ ᠡᠵᠡᠨ ᠳᠦ ᠣᠭᠣᠷᠣᠭᠳᠠᠪᠠ

1 ᠰᠠᠮᠦ᠋ᠶᠧᠯ ᠰᠠᠦ᠋ᠯ ᠳᠤ᠄ 《ᠲᠠᠨ ᠢ ᠲᠣᠰᠣᠯᠠᠵᠤ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠬᠠᠭᠠᠨ ᠢᠶᠠᠷ ᠲᠣᠮᠢᠯᠠᠬᠤ ᠶᠢᠨ ᠲᠤᠯᠠᠳᠠ ᠶᠣᠬᠣᠸᠠ ᠨᠠᠮᠠᠶᠢ ᠢᠯᠡᠭᠡᠭᠰᠡᠨ ᠪᠢᠯᠡ᠂ ᠲᠡᠢᠮᠦ ᠡᠴᠡ ᠲᠠ ᠶᠣᠬᠣᠸᠠ ᠶᠢᠨ ᠬᠡᠯᠡᠬᠦ ᠦᠭᠡ ᠶᠢ ᠣᠳᠣ ᠰᠣᠨᠣᠰᠣᠭᠲᠤᠨ᠃ 2 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠠᠮᠠᠯᠧᠺ ᠤᠨ ᠢᠰᠷᠧᠯ ᠳᠤ ᠬᠢᠭᠰᠡᠨ ᠬᠡᠷᠡᠭ ᠦᠨ ᠥᠰᠢᠶ᠎ᠡ ᠶᠢ ᠠᠪᠬᠤ ᠭᠡᠵᠦ ᠪᠠᠢᠨ᠎ᠠ᠂ ᠤᠴᠢᠷ ᠨᠢ ᠢᠰᠷᠧᠯ ᠢ ᠶᠧᠵᠢᠫᠲ ᠡᠴᠡ ᠭᠠᠷᠬᠤ ᠳᠤ ᠲᠡᠳᠡ ᠵᠠᠮ ᠬᠠᠭᠠᠵᠤ ᠡᠰᠡᠷᠭᠦᠴᠡᠭᠰᠡᠨ ᠶᠤᠮ᠃ 3 ᠴᠢ ᠣᠳᠣ ᠶᠠᠪᠤ᠂ ᠠᠮᠠᠯᠧᠺᠴᠤᠳ ᠢ ᠪᠤᠲᠠ ᠴᠣᠬᠢ᠂ ᠲᠡᠳᠡᠨ ᠢ ᠪᠦᠦ ᠥᠷᠥᠰᠢᠶᠡ᠂ ᠪᠦᠬᠦᠨ ᠢᠶᠡᠷ ᠨᠢ ᠬᠦᠢᠰᠦ ᠲᠡᠮᠲᠡᠷᠢ᠂ ᠡᠷ᠎ᠡ ᠡᠮ᠎ᠡ᠂ ᠬᠡᠦᠬᠡᠳ ᠪᠠᠭᠠᠴᠤᠳ᠂ ᠪᠠᠯᠴᠢᠷ ᠨᠢᠯᠬ᠎ᠠ᠂ ᠬᠣᠨᠢ ᠦᠬᠡᠷ᠂ ᠡᠯᠵᠢᠭᠡ ᠲᠡᠮᠡᠭᠡ ᠭᠡᠵᠦ ᠢᠯᠭᠠᠯ ᠦᠭᠡᠢ ᠪᠦᠭᠦᠳᠡ ᠶᠢ ᠨᠢ ᠰᠥᠨᠥᠭᠡ》 ᠭᠡᠵᠦ ᠬᠡᠯᠡᠪᠡ᠃

4 ᠰᠠᠦ᠋ᠯ ᠠᠷᠠᠳ ᠲᠦᠮᠡᠨ ᠢ ᠴᠤᠭᠯᠠᠭᠤᠯᠵᠤ᠂ ᠲᠧᠯᠠᠢᠮ ᠳᠤ ᠲᠣᠭᠠᠯᠠᠬᠤ ᠳᠤ᠂ ᠶᠠᠪᠠᠭᠠᠨ ᠴᠡᠷᠢᠭ ᠬᠣᠷᠢᠨ ᠲᠦᠮᠡ ᠪᠠᠢᠵᠠᠢ᠃ ᠡᠭᠦᠨ ᠡᠴᠡ ᠭᠠᠳᠠᠨ᠎ᠠ ᠶᠦᠳᠠ ᠶᠢᠨ ᠡᠷᠡᠴᠦᠳ ᠨᠢᠭᠡ ᠲᠦᠮᠡ ᠪᠠᠢᠪᠠ᠃ 5 ᠰᠠᠦ᠋ᠯ ᠠᠮᠠᠯᠧᠺ ᠤᠨ ᠬᠣᠲᠠ ᠤᠷᠤᠭᠤ ᠣᠴᠢᠵᠤ᠂ ᠭᠣᠣᠯ ᠤᠨ ᠬᠥᠨᠳᠡᠢ ᠳᠦ ᠴᠡᠷᠢᠭ ᠢᠶᠠᠨ ᠣᠲᠣᠨ ᠬᠦᠯᠢᠶᠡᠯᠭᠡᠭᠡᠳ 6 ᠺᠧᠨᠴᠦᠳ ᠲᠦ ᠦᠭᠡ ᠶᠠᠪᠤᠭᠤᠯᠵᠤ᠄ 《ᠲᠠ ᠨᠠᠷ ᠠᠮᠠᠯᠧᠺᠴᠤᠳ ᠠᠴᠠ ᠰᠠᠯᠵᠤ ᠶᠠᠪᠤ᠂ ᠪᠢ ᠲᠠ ᠨᠠᠷ ᠢ ᠠᠮᠠᠯᠧᠺᠴᠤᠳ ᠲᠠᠢ ᠬᠠᠮᠲᠤ ᠠᠷᠢᠯᠭᠠᠬᠤ ᠳᠤᠷ᠎ᠠ ᠦᠭᠡᠢ᠃ ᠤᠴᠢᠷ ᠨᠢ ᠢᠰᠷᠧᠯᠴᠦᠳ ᠶᠧᠵᠢᠫᠲ ᠡᠴᠡ ᠭᠠᠷᠴᠤ ᠶᠠᠪᠤᠬᠤ ᠦᠶ᠎ᠡ ᠳᠦ᠂ ᠲᠠ ᠨᠠᠷ ᠡᠨᠡᠷᠢᠩᠭᠦᠢ ᠬᠠᠨᠳᠤᠭᠰᠠᠨ ᠪᠢᠯᠡ》 ᠭᠡᠪᠡ᠃ ᠲᠡᠢᠮᠦ ᠡᠴᠡ ᠺᠧᠨᠴᠦᠳ ᠠᠮᠠᠯᠧᠺᠴᠤᠳ ᠢ ᠣᠷᠬᠢᠵᠤ ᠶᠠᠪᠤᠪᠠ᠃ 7 ᠡᠢᠨ ᠬᠦ ᠰᠠᠦ᠋ᠯ ᠬᠠᠸᠢᠯᠠ ᠠᠴᠠ ᠡᠬᠢᠯᠡᠭᠡᠳ ᠶᠧᠵᠢᠫᠲ ᠤᠨ ᠡᠮᠦᠨ᠎ᠡ ᠣᠷᠣᠰᠢᠬᠤ ᠱᠦᠷ ᠦᠨ ᠬᠢᠵᠠᠭᠠᠷ ᠬᠦᠷᠲᠡᠯ᠎ᠡ ᠠᠮᠠᠯᠧᠺᠴᠤᠳ ᠢ ᠴᠣᠬᠢᠵᠤ᠂ 8 ᠠᠮᠠᠯᠧᠺᠴᠤᠳ ᠤᠨ ᠬᠠᠭᠠᠨ ᠠᠭᠠᠭ ᠢ ᠠᠮᠢᠳᠤ ᠪᠠᠷ ᠨᠢ ᠣᠯᠵᠠᠯᠠᠵᠤ᠂ ᠠᠷᠠᠳ ᠣᠯᠠᠨ ᠢ ᠨᠢ ᠢᠯᠳᠦᠨ ᠦ ᠢᠷ ᠢᠶᠠᠷ ᠬᠦᠢᠰᠦ ᠲᠡᠮᠲᠡᠷᠢᠪᠡ᠃ 9 ᠬᠠᠷᠢᠨ ᠰᠠᠦ᠋ᠯ ᠪᠠ ᠲᠡᠭᠦᠨ ᠦ ᠴᠡᠷᠢᠭ ᠤᠳ ᠠᠭᠠᠭ ᠪᠣᠯᠣᠨ ᠬᠠᠮᠤᠭ ᠤᠨ ᠰᠠᠢᠨ ᠬᠣᠨᠢ᠂ ᠦᠬᠡᠷ᠂ ᠪᠠᠰᠠ ᠲᠠᠷᠭᠤᠨ ᠲᠤᠭᠤᠯ᠂ ᠬᠤᠷᠠᠭ᠎ᠠ ᠪᠣᠯᠣᠨ ᠰᠠᠢᠨ ᠪᠦᠬᠦᠨ ᠢ ᠦᠯᠡᠳᠡᠭᠡᠵᠦ᠂ ᠶᠠᠳᠠᠷ ᠳᠣᠷᠣᠢ ᠬᠡᠷᠡᠭ ᠦᠭᠡᠢ ᠪᠦᠬᠦᠨ ᠢ ᠬᠢᠶᠠᠷᠠᠲᠠᠯ᠎ᠠ ᠴᠣᠬᠢᠪᠠ᠃ ᠲᠡᠳᠡ ᠪᠦᠭᠦᠳᠡ ᠶᠢ ᠬᠢᠶᠠᠷᠠᠲᠠᠯ᠎ᠠ ᠴᠣᠬᠢᠬᠤ ᠳᠤᠷ᠎ᠠ ᠦᠭᠡᠢ ᠪᠠᠢᠭᠰᠠᠨ ᠠᠵᠢ᠃

10 ᠶᠣᠬᠣᠸᠠ ᠶᠢᠨ ᠦᠭᠡ ᠰᠠᠮᠦ᠋ᠶᠧᠯ ᠳᠤ ᠢᠷᠡᠵᠦ᠄ 11 《ᠪᠢ ᠰᠠᠦ᠋ᠯ ᠢ ᠬᠠᠭᠠᠨ ᠪᠣᠯᠭᠠᠭᠰᠠᠨ ᠳᠠᠭᠠᠨ ᠬᠠᠷᠠᠮᠰᠠᠵᠤ ᠪᠠᠢᠨ᠎ᠠ᠃ ᠲᠡᠷᠡ ᠨᠠᠮᠠᠶᠢ ᠳᠠᠭᠠᠬᠤ ᠠᠴᠠ ᠡᠷᠭᠢᠨ ᠪᠤᠴᠠᠵᠤ᠂ ᠮᠢᠨᠦ ᠦᠭᠡ ᠶᠢ ᠪᠡᠶᠡᠯᠡᠭᠦᠯᠦᠭᠰᠡᠨ ᠦᠭᠡᠢ》 ᠭᠡᠪᠡ᠃ ᠰᠠᠮᠦ᠋ᠶᠧᠯ ᠠᠭᠤᠷᠯᠠᠨ ᠪᠤᠬᠢᠨᠢᠳᠤᠵᠤ ᠰᠥᠨᠢᠵᠢᠨ ᠢᠶᠠᠨ ᠶᠣᠬᠣᠸᠠ ᠳᠤ ᠬᠠᠰᠬᠢᠷᠪᠠ᠃ 12 ᠰᠠᠮᠦ᠋ᠶᠧᠯ ᠰᠠᠦ᠋ᠯ ᠲᠠᠢ ᠠᠭᠤᠯᠵᠠᠬᠤ ᠪᠠᠷ ᠥᠷᠯᠥᠭᠡ ᠡᠷᠲᠡᠯᠡᠨ ᠪᠣᠰᠪᠠ᠃ ᠨᠢᠭᠡᠨ ᠬᠥᠮᠦᠨ ᠰᠠᠮᠦ᠋ᠶᠧᠯ ᠳᠤ ᠰᠠᠦ᠋ᠯ ᠤᠨ ᠺᠠᠷᠮᠧᠯ ᠳᠤ ᠣᠴᠢᠵᠤ᠂ ᠲᠡᠨᠳᠡ ᠥᠪᠡᠷ ᠲᠡᠭᠡᠨ ᠵᠣᠷᠢᠭᠤᠯᠵᠤ ᠬᠥᠰᠢᠶ᠎ᠡ ᠪᠣᠰᠬᠠᠭᠠᠳ ᠲᠡᠨᠳᠡ ᠡᠴᠡ ᠪᠡᠨ ᠡᠷᠭᠢᠵᠦ᠂ ᠭᠢᠯᠭᠠᠯ ᠤᠷᠤᠭᠤ ᠶᠠᠪᠤᠭᠰᠠᠨ ᠢ ᠳᠤᠭᠤᠯᠭᠠᠪᠠ᠃ 13 ᠰᠠᠮᠦ᠋ᠶᠧᠯ ᠰᠠᠦ᠋ᠯ ᠤᠷᠤᠭᠤ ᠣᠴᠢᠬᠤ ᠳᠤ᠂ ᠰᠠᠦ᠋ᠯ ᠲᠡᠭᠦᠨ ᠳᠦ᠄ 《ᠶᠣᠬᠣᠸᠠ ᠲᠠᠨ ᠢ ᠢᠪᠡᠭᠡᠬᠦ ᠪᠣᠯᠲᠤᠭᠠᠢ︕ ᠪᠢ ᠶᠣᠬᠣᠸᠠ ᠶᠢᠨ ᠦᠭᠡ ᠶᠢ ᠪᠡᠶᠡᠯᠡᠭᠦᠯᠦᠭᠰᠡᠨ》 ᠭᠡᠬᠦ ᠳᠦ᠂ 14 ᠰᠠᠮᠦ᠋ᠶᠧᠯ᠄ 《ᠲᠡᠭᠡᠪᠡᠯ ᠮᠢᠨᠦ ᠴᠢᠬᠢᠨ ᠳᠤ ᠰᠣᠨᠣᠰᠳᠠᠵᠤ ᠪᠠᠢᠭ᠎ᠠ ᠮᠠᠢᠯᠠᠬᠤ ᠳᠠᠭᠤᠨ᠂ ᠨᠠᠳᠠ ᠳᠤ ᠳᠤᠭᠤᠯᠳᠠᠵᠤ ᠪᠠᠢᠭ᠎ᠠ ᠮᠥᠭᠡᠷᠡᠯᠳᠦᠬᠦ ᠳᠠᠭᠤᠨ ᠴᠤᠬᠤᠮ ᠶᠠᠭᠤ ᠪᠤᠢ︖》 ᠭᠡᠪᠡ᠃ 15 ᠰᠠᠦ᠋ᠯ᠄ 《ᠡᠳᠡᠭᠡᠷ ᠢ ᠠᠮᠠᠯᠧᠺᠴᠤᠳ ᠠᠴᠠ ᠠᠪᠴᠢᠷᠠᠭᠰᠠᠨ ᠶᠤᠮ᠃ ᠠᠷᠠᠳ ᠣᠯᠠᠨ ᠲᠠᠨ ᠤ ᠪᠤᠷᠬᠠᠨ ᠶᠣᠬᠣᠸᠠ ᠳᠤ ᠲᠠᠬᠢᠯ ᠡᠷᠭᠦᠬᠦ ᠭᠡᠵᠦ ᠬᠣᠨᠢ᠂ ᠦᠬᠡᠷ ᠦᠨ ᠬᠠᠮᠤᠭ ᠤᠨ ᠰᠠᠢᠨ ᠢ ᠨᠢ ᠦᠯᠡᠳᠡᠭᠡᠭᠰᠡᠨ᠃ ᠭᠡᠪᠡᠴᠦ ᠪᠤᠰᠤᠳ ᠢ ᠨᠢ ᠪᠢᠳᠡ ᠪᠦᠷᠢᠮᠦᠰᠦᠨ ᠬᠢᠶᠠᠷᠠᠲᠠᠯ᠎ᠠ ᠴᠣᠬᠢᠭᠰᠠᠨ ᠰᠢᠦ》 ᠭᠡᠯ᠎ᠡ᠃ 16 ᠰᠠᠮᠦ᠋ᠶᠧᠯ ᠰᠠᠦ᠋ᠯ ᠳᠤ᠄ 《ᠪᠣᠯᠢ᠂ ᠤᠷᠢᠳᠤ ᠰᠥᠨᠢ ᠶᠣᠬᠣᠸᠠ ᠨᠠᠳᠠ ᠳᠤ ᠶᠠᠭᠤ ᠭᠡᠵᠦ ᠠᠢᠯᠠᠳᠤᠭᠰᠠᠨ ᠢ ᠲᠠᠨ ᠳᠤ ᠮᠡᠳᠡᠭᠦᠯᠦᠶ᠎ᠡ》 ᠭᠡᠬᠦ ᠳᠦ᠂ ᠰᠠᠦ᠋ᠯ ᠲᠡᠭᠦᠨ ᠳᠦ᠄ 《ᠶᠠᠷᠢᠭᠲᠤᠨ》 ᠬᠡᠮᠡᠪᠡ᠃

17 ᠰᠠᠮᠦ᠋ᠶᠧᠯ᠄ 《ᠬᠡᠳᠦᠢᠪᠡᠷ ᠲᠠ ᠥᠪᠡᠷ ᠢ ᠪᠠᠨ ᠥᠴᠦᠬᠡᠨ ᠭᠡᠵᠦ ᠦᠵᠡᠳᠡᠭ ᠪᠠᠢᠭᠰᠠᠨ ᠴᠤ ᠢᠰᠷᠧᠯ ᠤᠨ ᠣᠪᠣᠭ ᠤᠳ ᠤᠨ ᠲᠡᠷᠢᠭᠦᠨ ᠪᠣᠯᠣᠭᠰᠠᠨ ᠪᠢᠰᠢ ᠤᠤ︖ ᠶᠣᠬᠣᠸᠠ ᠲᠠᠨ ᠢ ᠲᠣᠰᠣᠯᠠᠨ ᠢᠰᠷᠧᠯ ᠤᠨ ᠬᠠᠭᠠᠨ ᠪᠣᠯᠭᠠᠭᠰᠠᠨ ᠪᠢᠰᠢ ᠤᠤ︖ 18 ᠶᠣᠬᠣᠸᠠ ᠲᠠᠨ ᠢ ᠠᠶᠠᠨ ᠳᠤ ᠮᠣᠷᠳᠠᠭᠤᠯᠵᠤ᠄ 〈ᠶᠠᠪᠤ᠂ ᠨᠢᠭᠦᠯᠲᠦ ᠠᠮᠠᠯᠧᠺᠴᠤᠳ ᠢ ᠬᠢᠶᠠᠷᠠᠲᠠᠯ᠎ᠠ ᠴᠣᠬᠢ᠂ ᠪᠦᠷᠢᠮᠦᠰᠦᠨ ᠤᠰᠠᠳᠴᠤ ᠳᠠᠭᠤᠰᠲᠠᠯ᠎ᠠ ᠨᠢ ᠲᠡᠳᠡᠨ ᠲᠡᠢ ᠲᠤᠯᠤᠯᠳᠤ〉 ᠭᠡᠰᠡᠨ᠃ 19 ᠲᠠ ᠶᠠᠭᠤᠨ ᠳᠤ ᠶᠣᠬᠣᠸᠠ ᠶᠢᠨ ᠳᠠᠭᠤ ᠬᠣᠭᠣᠯᠠᠢ ᠶᠢ ᠳᠠᠭᠠᠭ᠎ᠠ ᠦᠭᠡᠢ᠂ ᠬᠠᠷᠢᠨ ᠣᠯᠵᠠ ᠤᠷᠤᠭᠤ ᠳᠠᠭᠠᠷᠢᠵᠤ᠂ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ︖》 ᠭᠡᠵᠡᠢ᠃ 20 ᠰᠠᠦ᠋ᠯ ᠰᠠᠮᠦ᠋ᠶᠧᠯ ᠳᠤ᠄ 《ᠪᠢ ᠶᠣᠬᠣᠸᠠ ᠶᠢᠨ ᠳᠠᠭᠤ ᠬᠣᠭᠣᠯᠠᠢ ᠶᠢ ᠳᠠᠭᠠᠭᠰᠠᠨ ᠰᠢᠦ ᠳᠠ᠂ ᠪᠢ ᠶᠣᠬᠣᠸᠠ ᠶᠢᠨ ᠶᠠᠪᠤᠭᠤᠯᠤᠭᠰᠠᠨ ᠠᠶᠠᠨ ᠳᠤ ᠶᠠᠪᠤᠭᠠᠳ ᠠᠮᠠᠯᠧᠺ ᠤᠨ ᠬᠠᠭᠠᠨ ᠠᠭᠠᠭ ᠢ ᠠᠪᠴᠢᠷᠠᠵᠤ᠂ ᠠᠮᠠᠯᠧᠺᠴᠤᠳ ᠢ ᠬᠦᠢᠰᠦ ᠲᠡᠮᠲᠡᠷᠢᠭᠰᠡᠨ᠃ 21 ᠭᠡᠪᠡᠴᠦ ᠭᠢᠯᠭᠠᠯ ᠳᠤ ᠲᠠᠨ ᠤ ᠪᠤᠷᠬᠠᠨ ᠶᠣᠬᠣᠸᠠ ᠳᠤ ᠲᠠᠬᠢᠯ ᠡᠷᠭᠦᠬᠦ ᠭᠡᠵᠦ ᠠᠷᠠᠳ ᠣᠯᠠᠨ ᠤᠰᠠᠳᠬᠠᠬᠤ ᠪᠠᠷ ᠵᠣᠷᠢᠭᠤᠯᠤᠭᠳᠠᠭᠰᠠᠨ ᠴᠡᠭᠡᠷᠲᠦ ᠶᠠᠭᠤᠮᠠᠰ ᠠᠴᠠ ᠬᠠᠮᠤᠭ ᠤᠨ ᠰᠠᠢᠨ ᠬᠣᠨᠢ᠂ ᠦᠬᠡᠷ ᠢ ᠯᠠ ᠠᠪᠴᠢᠷᠠᠭᠰᠠᠨ》 ᠭᠡᠪᠡ᠃ 22 ᠰᠠᠮᠦ᠋ᠶᠧᠯ᠄ 《ᠶᠣᠬᠣᠸᠠ ᠰᠢᠲᠠᠭᠠᠯᠭᠠᠲᠤ ᠲᠠᠬᠢᠯ᠂ ᠨᠢᠲᠤᠯᠬᠤ ᠲᠠᠬᠢᠯ ᠢ ᠶᠣᠬᠣᠸᠠ ᠶᠢᠨ ᠳᠠᠭᠤ ᠬᠣᠭᠣᠯᠠᠢ ᠶᠢ ᠳᠠᠭᠠᠬᠤ ᠠᠴᠠ ᠢᠯᠡᠭᠦᠦ ᠪᠡᠷ ᠲᠠᠭᠠᠯᠠᠳᠠᠭ ᠭᠡᠵᠢ ᠤᠤ︖ ᠳᠤᠭᠤᠯᠭᠠᠪᠤᠷᠢᠲᠠᠢ ᠳᠠᠭᠠᠬᠤ ᠨᠢ ᠨᠢᠲᠤᠯᠬᠤ ᠡᠷᠭᠦᠯ ᠡᠴᠡ ᠳᠡᠭᠡᠷ᠎ᠡ ᠠᠩ᠋ᠬᠠᠷᠤᠯ ᠲᠠᠢ ᠰᠣᠨᠣᠰᠬᠤ ᠨᠢ ᠬᠤᠴᠠ ᠶᠢᠨ ᠥᠭᠡᠬᠦᠨ ᠡᠴᠡ ᠢᠯᠡᠭᠦᠦ᠃
23 ᠲᠡᠷᠰᠯᠡᠬᠦ ᠨᠢ ᠮᠡᠷᠭᠡ ᠲᠥᠯᠭᠡ ᠲᠠᠢ ᠠᠳᠠᠯᠢᠬᠠᠨ ᠨᠢᠭᠦᠯ᠂ ᠵᠥᠷᠢᠭᠦᠳᠯᠡᠬᠦ ᠨᠢ ᠰᠢᠲᠦᠭᠡᠨ ᠳᠦ ᠮᠥᠷᠭᠥᠬᠦ ᠲᠠᠢ ᠠᠳᠠᠯᠢᠬᠠᠨ ᠭᠡᠮ᠂ ᠲᠠ ᠶᠣᠬᠣᠸᠠ ᠶᠢᠨ ᠦᠭᠡ ᠶᠢ ᠣᠭᠣᠷᠣᠭᠰᠠᠨ ᠲᠤᠯᠠ ᠶᠣᠬᠣᠸᠠ ᠪᠠᠰᠠ ᠲᠠᠨ ᠢ ᠬᠠᠭᠠᠨ ᠪᠠᠢᠯᠭᠠᠬᠤ ᠠᠴᠠ ᠣᠭᠣᠷᠣᠭᠰᠠᠨ ᠶᠤᠮ》 ᠭᠡᠵᠦ ᠬᠡᠯᠡᠪᠡ᠃

24 ᠰᠠᠦ᠋ᠯ ᠰᠠᠮᠦ᠋ᠶᠧᠯ ᠳᠤ᠄ 《ᠪᠢ ᠡᠵᠡᠨ ᠦ ᠵᠠᠷᠯᠢᠭ ᠪᠣᠯᠣᠨ ᠲᠠᠨ ᠤ ᠦᠭᠡ ᠶᠢ ᠵᠥᠷᠢᠴᠡᠭᠰᠡᠨ ᠢᠶᠡᠷ ᠢᠶᠠᠨ ᠨᠢᠭᠦᠯ ᠦᠢᠯᠡᠳᠴᠡᠢ᠃ ᠪᠢ ᠠᠷᠠᠳ ᠣᠯᠠᠨ ᠠᠴᠠ ᠠᠶᠤᠵᠤ᠂ ᠲᠡᠳᠡᠨ ᠦ ᠦᠭᠡ ᠶᠢ ᠳᠠᠭᠠᠭᠰᠠᠨ᠃ 25 ᠣᠳᠣ ᠲᠠᠨ ᠠᠴᠠ ᠭᠤᠶᠤᠶ᠎ᠠ᠃ ᠮᠢᠨᠦ ᠨᠢᠭᠦᠯ ᠢ ᠠᠭᠤᠴᠢᠯᠠᠵᠤ᠂ ᠨᠠᠳᠠ ᠲᠠᠢ ᠬᠠᠮᠲᠤ ᠪᠤᠴᠠᠭᠲᠤᠨ᠃ ᠪᠢ ᠶᠣᠬᠣᠸᠠ ᠳᠤ ᠮᠥᠷᠭᠥᠯ ᠦᠢᠯᠡᠳᠦᠶ᠎ᠡ》 ᠭᠡᠬᠦ ᠳᠦ᠂ 26 ᠰᠠᠮᠦ᠋ᠶᠧᠯ ᠰᠠᠦ᠋ᠯ ᠳᠤ᠄ 《ᠪᠢ ᠲᠠᠨ ᠲᠠᠢ ᠬᠠᠮᠲᠤ ᠪᠤᠴᠠᠬᠤ ᠦᠭᠡᠢ᠃ ᠲᠠ ᠶᠣᠬᠣᠸᠠ ᠶᠢᠨ ᠦᠭᠡ ᠶᠢ ᠣᠭᠣᠷᠣᠭᠰᠠᠨ ᠲᠤᠯᠠ ᠶᠣᠬᠣᠸᠠ ᠴᠤ ᠲᠠᠨ ᠢ ᠢᠰᠷᠧᠯ ᠤᠨ ᠬᠠᠭᠠᠨ ᠪᠠᠢᠯᠭᠠᠬᠤ ᠠᠴᠠ ᠣᠭᠣᠷᠣᠭᠰᠠᠨ》 ᠭᠡᠪᠡ᠃ 27 ᠰᠠᠮᠦ᠋ᠶᠧᠯ ᠶᠠᠪᠤᠬᠤ ᠪᠠᠷ ᠡᠷᠭᠢᠬᠦ ᠳᠦ᠂ ᠰᠠᠦ᠋ᠯ ᠲᠡᠭᠦᠨ ᠦ ᠬᠣᠷᠮᠣᠢ ᠠᠴᠠ ᠰᠢᠭᠦᠷᠦᠨ ᠠᠪᠲᠠᠯ᠎ᠠ ᠤᠷᠠᠭᠳᠠᠪᠠ᠃ 28 ᠰᠠᠮᠦ᠋ᠶᠧᠯ ᠲᠡᠭᠦᠨ ᠳᠦ᠄ 《ᠥᠨᠥᠳᠥᠷ ᠶᠣᠬᠣᠸᠠ ᠲᠠᠨ ᠠᠴᠠ ᠢᠰᠷᠧᠯ ᠤᠨ ᠬᠠᠭᠠᠨᠴᠢᠯᠠᠯ ᠢ ᠤᠷᠠᠨ ᠲᠠᠰᠤᠯᠪᠠ᠂ ᠲᠠᠨ ᠠᠴᠠ ᠢᠯᠡᠭᠦᠦ ᠰᠠᠢᠨ ᠲᠠᠨ ᠤ ᠠᠨᠳᠠ ᠳᠤ ᠲᠡᠷᠡ ᠥᠭᠬᠦ ᠪᠣᠯᠣᠨ᠎ᠠ᠂ 29 ᠢᠰᠷᠧᠯ ᠤᠨ ᠠᠯᠳᠠᠷ ᠰᠤᠤᠲᠤ ᠨᠢᠭᠡᠨ ᠬᠤᠳᠠᠯ ᠬᠡᠯᠡᠬᠦ ᠦᠭᠡᠢ᠂ ᠰᠠᠨᠠᠭ᠎ᠠ ᠪᠠᠨ ᠥᠭᠡᠷᠡᠴᠢᠯᠡᠬᠦ ᠦᠭᠡᠢ᠂ ᠬᠥᠮᠦᠨ ᠲᠡᠢ ᠠᠳᠠᠯᠢ ᠦᠭᠡᠢ ᠤᠴᠢᠷ ᠠᠴᠠ ᠲᠡᠷᠡ ᠬᠠᠷᠠᠮᠰᠠᠨ ᠡᠷᠭᠢᠬᠦ ᠦᠭᠡᠢ》 ᠭᠡᠪᠡ᠃ 30 ᠰᠠᠦ᠋ᠯ᠄ 《ᠪᠢ ᠨᠢᠭᠦᠯ ᠦᠢᠯᠡᠳᠴᠡᠢ ᠡ᠂ ᠭᠡᠪᠡᠴᠦ ᠣᠳᠣ ᠮᠢᠨᠦ ᠠᠷᠠᠳ ᠣᠯᠠᠨ ᠤ ᠠᠬᠠᠯᠠᠭᠴᠢᠳ ᠪᠣᠯᠣᠨ ᠢᠰᠷᠧᠯ ᠤᠨ ᠡᠮᠦᠨ᠎ᠡ ᠨᠠᠳᠠ ᠳᠤ ᠨᠢᠭᠤᠷ ᠬᠠᠢᠷᠠᠯᠠᠭᠠᠴᠢ᠂ ᠨᠠᠳᠠ ᠲᠠᠢ ᠬᠠᠮᠲᠤ ᠪᠤᠴᠠᠭᠠᠴᠢ ᠳᠠ᠂ ᠪᠢ ᠲᠠᠨ ᠤ ᠪᠤᠷᠬᠠᠨ ᠶᠣᠬᠣᠸᠠ ᠳᠤ ᠮᠥᠷᠭᠥᠯ ᠦᠢᠯᠡᠳᠦᠶ᠎ᠡ》 ᠭᠡᠵᠦ ᠭᠤᠶᠤᠭᠰᠠᠨ ᠳᠤ᠂ 31 ᠰᠠᠮᠦ᠋ᠶᠧᠯ ᠡᠷᠭᠢᠵᠦ ᠰᠠᠦ᠋ᠯ ᠢ ᠳᠠᠭᠠᠪᠠ᠃ ᠰᠠᠦ᠋ᠯ ᠶᠣᠬᠣᠸᠠ ᠳᠤ ᠮᠥᠷᠭᠥᠯ ᠦᠢᠯᠡᠳᠦᠭᠰᠡᠨ ᠦ ᠳᠠᠷᠠᠭ᠎ᠠ᠂

32 ᠰᠠᠮᠦ᠋ᠶᠧᠯ᠄ 《ᠠᠮᠠᠯᠧᠺᠴᠤᠳ ᠤᠨ ᠬᠠᠭᠠᠨ ᠠᠭᠠᠭ ᠢ ᠨᠠᠰᠢ ᠠᠪᠴᠢᠷᠠᠭᠲᠤᠨ》 ᠭᠡᠵᠦ ᠬᠡᠯᠡᠬᠦ ᠳᠦ᠂ ᠠᠭᠠᠭ᠄ 《ᠦᠬᠦᠬᠦ ᠭᠡᠳᠡᠭ ᠨᠢ ᠦᠨᠡᠬᠡᠷ ᠭᠠᠰᠢᠭᠤᠨ ᠶᠤᠮ 11 》 ᠭᠡᠵᠦ ᠪᠣᠳᠣᠭᠠᠳ ᠳᠠᠭᠵᠢᠨ ᠴᠡᠴᠡᠷᠡᠵᠦ 12 ᠂ ᠰᠠᠮᠦ᠋ᠶᠧᠯ ᠳᠤ ᠢᠷᠡᠪᠡ᠃ 33 ᠰᠠᠮᠦ᠋ᠶᠧᠯ᠄ 《ᠴᠢ ᠰᠡᠯᠡᠮ᠎ᠡ ᠪᠡᠷ ᠢᠶᠠᠨ ᠣᠯᠠᠨ ᠡᠮᠡᠭᠲᠡᠢ ᠶᠢ ᠬᠡᠦᠬᠡᠳ ᠦᠭᠡᠢ ᠪᠣᠯᠭᠠᠭᠰᠠᠨ ᠤ ᠠᠳᠠᠯᠢ ᠴᠢᠨᠦ ᠡᠬᠡ ᠴᠤ ᠣᠯᠠᠨ ᠡᠮᠡᠭᠲᠡᠢ ᠲᠡᠢ ᠠᠳᠠᠯᠢ ᠬᠡᠦᠬᠡᠳ ᠦᠭᠡᠢ ᠪᠣᠯᠣᠨ᠎ᠠ》 ᠬᠡᠮᠡᠨ ᠠᠭᠠᠭ ᠢ ᠭᠢᠯᠭᠠᠯ ᠳᠤ ᠶᠣᠬᠣᠸᠠ ᠶᠢᠨ ᠡᠮᠦᠨ᠎ᠡ ᠴᠠᠪᠴᠢᠪᠠ᠃

34 ᠰᠠᠮᠦ᠋ᠶᠧᠯ ᠷᠠᠮᠠ ᠤᠷᠤᠭᠤ ᠪᠤᠴᠠᠵᠤ᠂ ᠰᠠᠦ᠋ᠯ ᠭᠢᠪᠧᠶ᠎ᠠ — ᠰᠠᠦ᠋ᠯ ᠳᠠᠬᠢ ᠭᠡᠷ ᠤᠷᠤᠭᠤ ᠪᠠᠨ ᠪᠤᠴᠠᠯ᠎ᠠ᠃ 35 ᠲᠡᠭᠡᠭᠡᠳ ᠰᠠᠮᠦ᠋ᠶᠧᠯ ᠥᠭᠡᠳᠡ ᠪᠣᠯᠬᠤ ᠡᠳᠦᠷ ᠢᠶᠡᠨ ᠬᠦᠷᠲᠡᠯ᠎ᠡ ᠰᠠᠦ᠋ᠯ ᠢ ᠳᠠᠬᠢᠨ ᠬᠠᠷᠠᠬᠤ ᠶᠢ ᠬᠦᠰᠡᠭᠰᠡᠨ ᠦᠭᠡᠢ᠃ ᠭᠡᠪᠡᠴᠦ ᠰᠠᠮᠦ᠋ᠶᠧᠯ ᠰᠠᠦ᠋ᠯ ᠤᠨ ᠲᠥᠯᠥᠭᠡ ᠭᠠᠰᠢᠭᠤᠳᠠᠪᠠ᠃ ᠶᠣᠬᠣᠸᠠ ᠴᠤ ᠰᠠᠦ᠋ᠯ ᠢ ᠢᠰᠷᠧᠯ ᠤᠨ ᠬᠠᠭᠠᠨ ᠪᠣᠯᠭᠠᠭᠰᠠᠨ ᠳᠠᠭᠠᠨ ᠬᠠᠷᠠᠮᠰᠠᠵᠠᠢ᠃