ᠨᠢᠭᠡᠳᠦᠭᠡᠷ ᠰᠠᠮᠦ᠋ᠶᠧᠯ ᠠᠷᠪᠠᠨ ᠬᠣᠶᠠᠷ
ᠲᠤᠰᠢᠶᠠᠯ ᠠᠴᠠ ᠪᠠᠨ ᠰᠠᠯᠬᠤ ᠦᠶ᠎ᠡ ᠶᠢᠨ ᠰᠠᠮᠦ᠋ᠶᠧᠯ ᠤᠨ ᠦᠭᠡ
1 ᠰᠠᠮᠦ᠋ᠶᠧᠯ ᠪᠦᠬᠦ ᠢᠰᠷᠧᠯ ᠳᠤ ᠬᠠᠨᠳᠤᠨ᠄ 《ᠠᠩ᠋ᠬᠠᠷᠤᠭᠲᠤᠨ᠂ ᠲᠠ ᠨᠠᠷ ᠤᠨ ᠨᠠᠳᠠ ᠳᠤ ᠬᠡᠯᠡᠭᠰᠡᠨ ᠪᠦᠭᠦᠳᠡ ᠶᠢ ᠪᠢ ᠰᠣᠨᠣᠰᠴᠤ᠂ ᠲᠠ ᠨᠠᠷ ᠤᠨ ᠳᠡᠭᠡᠷ᠎ᠡ ᠬᠠᠭᠠᠨ ᠲᠣᠮᠢᠯᠠᠭᠰᠠᠨ ᠶᠤᠮ︕ 2 ᠣᠳᠣ ᠬᠠᠷᠠᠭᠲᠤᠨ᠂ ᠲᠠ ᠨᠠᠷ ᠢ ᠤᠳᠤᠷᠢᠳᠬᠤ ᠬᠠᠭᠠᠨ ᠡ᠊ᠨᠳᠡ ᠪᠠᠢᠨ᠎ᠠ᠃ ᠣᠳᠣ ᠪᠢ ᠥᠲᠡᠯᠵᠦ ᠪᠤᠭᠤᠷᠤᠯᠲᠤᠯᠠ᠂ ᠮᠢᠨᠦ ᠬᠥᠪᠡᠭᠦᠳ ᠴᠤ ᠲᠠ ᠨᠠᠷ ᠲᠠᠢ ᠬᠠᠮᠲᠤ ᠪᠠᠢᠨ᠎ᠠ᠃ ᠪᠢ ᠬᠡᠦᠬᠡᠳ ᠨᠠᠰᠤᠨ ᠠᠴᠠ ᠪᠠᠨ ᠥᠨᠥᠳᠥᠷ ᠬᠦᠷᠲᠡᠯ᠎ᠡ ᠲᠠ ᠨᠠᠷ ᠢ ᠲᠡᠷᠢᠭᠦᠯᠡᠨ ᠶᠠᠪᠤᠵᠤ ᠢᠷᠡᠯ᠎ᠡ᠃ 3 ᠪᠢ ᠡ᠊ᠨᠳᠡ ᠪᠠᠢᠨ᠎ᠠ᠂ ᠲᠠ ᠨᠠᠷ ᠶᠣᠬᠣᠸᠠ ᠶᠢᠨ ᠡᠮᠦᠨ᠎ᠡ ᠪᠣᠯᠣᠨ ᠲᠡᠭᠦᠨ ᠦ ᠲᠣᠰᠣᠯᠠᠭᠰᠠᠨ ᠬᠠᠭᠠᠨ ᠤ ᠡᠮᠦᠨ᠎ᠡ ᠨᠠᠮᠠᠶᠢ ᠵᠠᠭᠠᠯᠳᠤᠭᠲᠤᠨ᠂ ᠪᠢ ᠬᠡᠨ ᠨᠢᠭᠡᠨ ᠦ ᠦᠬᠡᠷ ᠢ᠂ ᠡᠰᠡᠪᠡᠯ ᠬᠡᠨ ᠨᠢᠭᠡᠨ ᠦ ᠡᠯᠵᠢᠭᠡ ᠶᠢ ᠪᠤᠯᠢᠶᠠᠨ ᠠᠪᠴᠤ ᠪᠠᠢᠭᠰᠠᠨ ᠤᠤ︖ ᠪᠢ ᠬᠡᠨ ᠨᠢᠭᠡᠨ ᠢ ᠮᠡᠬᠡᠯᠡᠵᠦ ᠪᠠᠢᠭᠰᠠᠨ ᠤᠤ︖ ᠬᠡᠨ ᠨᠢᠭᠡᠨ ᠢ ᠳᠠᠷᠤᠯᠠᠵᠤ ᠪᠠᠢᠭᠰᠠᠨ ᠤᠤ︖ ᠬᠡᠨ ᠨᠢᠭᠡᠨ ᠦ ᠭᠠᠷ ᠠᠴᠠ ᠬᠡᠭᠡᠯᠢ ᠬᠠᠬᠤᠤᠯᠢ ᠠᠪᠴᠤ ᠨᠢᠳᠦ ᠪᠡᠨ ᠲᠠᠭᠯᠠᠵᠤ ᠪᠠᠢᠭᠰᠠᠨ ᠤᠤ︖ ᠲᠡᠭᠡᠭᠰᠡᠨ ᠪᠠᠢᠪᠠᠯ ᠪᠢ ᠲᠠ ᠨᠠᠷ ᠲᠤ ᠪᠤᠴᠠᠭᠠᠵᠤ ᠥᠭᠭᠥᠶ᠎ᠡ》 ᠭᠡᠰᠡᠨ ᠳᠦ᠂ 4 ᠬᠥᠮᠦᠰ᠄ 《ᠲᠠ ᠪᠢᠳᠡᠨ ᠢ ᠮᠡᠬᠡᠯᠡᠭᠡ ᠦᠭᠡᠢ᠂ ᠳᠠᠷᠤᠯᠠᠭᠠ ᠦᠭᠡᠢ᠂ ᠬᠡᠨ ᠦ ᠴᠤ ᠭᠠᠷ ᠠᠴᠠ ᠶᠠᠭᠤ ᠴᠤ ᠪᠤᠯᠢᠶᠠᠵᠤ ᠠᠪᠤᠭ᠎ᠠ ᠦᠭᠡᠢ》 ᠭᠡᠵᠡᠭᠡᠪᠡ᠃ 5 ᠰᠠᠮᠦ᠋ᠶᠧᠯ᠄ 《ᠲᠠ ᠨᠠᠷ ᠨᠠᠳᠠ ᠠᠴᠠ ᠶᠠᠭᠤ ᠴᠤ ᠣᠯᠣᠭ᠎ᠠ ᠦᠭᠡᠢ ᠶᠢ ᠶᠣᠬᠣᠸᠠ ᠲᠠ ᠨᠠᠷ ᠤᠨ ᠳᠤᠮᠳᠠ ᠭᠡᠷᠡᠴᠢᠯᠡᠵᠦ᠂ ᠮᠥᠨ ᠶᠣᠬᠣᠸᠠ ᠶᠢᠨ ᠲᠣᠰᠣᠯᠠᠭᠰᠠᠨ ᠬᠠᠭᠠᠨ ᠥᠨᠥᠳᠥᠷ ᠭᠡᠷᠡᠴᠢ ᠪᠣᠯᠣᠭ》 ᠭᠡᠬᠦ ᠳᠦ᠂ ᠲᠡᠳᠡ ᠲᠡᠭᠦᠨ ᠳᠦ᠄ 《ᠲᠡᠷᠡ ᠭᠡᠷᠡᠴᠢ ᠪᠣᠯᠬᠤ ᠪᠣᠯᠲᠤᠭᠠᠢ》 ᠭᠡᠵᠡᠭᠡᠪᠡ᠃
6 ᠰᠠᠮᠦ᠋ᠶᠧᠯ ᠠᠷᠠᠳ ᠣᠯᠠᠨ ᠳᠤ᠄ 《ᠲᠡᠢᠮᠦ ᠡ᠂ ᠮᠣᠰᠧ᠂ ᠠᠷᠣᠨ ᠨᠠᠷ ᠢ ᠲᠣᠮᠢᠯᠠᠵᠤ᠂ ᠲᠠ ᠨᠠᠷ ᠤᠨ ᠡᠴᠢᠭᠡ ᠡᠪᠦᠭᠡᠳ ᠢ ᠶᠧᠵᠢᠫᠲ ᠡᠴᠡ ᠠᠪᠴᠢᠷᠠᠭᠰᠠᠨ ᠶᠣᠬᠣᠸᠠ ᠭᠡᠷᠡᠴᠢ ᠪᠣᠯᠣᠨ᠎ᠠ᠃ 7 ᠣᠳᠣ ᠲᠠ ᠨᠠᠷ ᠪᠠᠢᠵᠤ ᠪᠠᠢᠭᠠᠷᠠᠢ᠃ ᠲᠠ ᠨᠠᠷ ᠲᠤ ᠪᠣᠯᠣᠨ ᠲᠠ ᠨᠠᠷ ᠤᠨ ᠡᠴᠢᠭᠡ ᠡᠪᠦᠭᠡᠳ ᠲᠦ ᠦᠢᠯᠡᠳᠦᠭᠰᠡᠨ ᠶᠣᠬᠣᠸᠠ ᠶᠢᠨ ᠠᠯᠢᠪᠠ ᠵᠥᠪ ᠦᠢᠯᠡᠰ ᠢᠶᠡᠷ ᠪᠢ ᠲᠠ ᠨᠠᠷ ᠢ ᠶᠣᠬᠣᠸᠠ ᠶᠢᠨ ᠡᠮᠦᠨ᠎ᠡ ᠰᠢᠭᠦᠶᠡ᠃ 8 ᠶᠠᠺᠣᠪ ᠶᠧᠵᠢᠫᠲ ᠲᠤ ᠣᠷᠣᠭᠰᠠᠨ ᠠᠴᠠ ᠬᠣᠢᠰᠢ ᠲᠠ ᠨᠠᠷ ᠤᠨ ᠡᠴᠢᠭᠡ ᠡᠪᠦᠭᠡᠳ ᠶᠣᠬᠣᠸᠠ ᠠᠴᠠ ᠲᠤᠰᠠᠯᠠᠮᠵᠢ ᠭᠤᠶᠤᠨ ᠬᠠᠰᠬᠢᠷᠬᠤ ᠳᠤ᠂ ᠶᠣᠬᠣᠸᠠ ᠮᠣᠰᠧ᠂ ᠠᠷᠣᠨ ᠬᠣᠶᠠᠷ ᠢ ᠢᠯᠡᠭᠡᠵᠦ᠂ ᠲᠡᠳᠡ ᠡᠴᠢᠭᠡ ᠡᠪᠦᠭᠡᠳ ᠢ ᠴᠢᠨᠢ ᠶᠧᠵᠢᠫᠲ ᠡᠴᠡ ᠭᠠᠷᠭᠠᠵᠤ᠂ ᠡᠨᠡ ᠭᠠᠵᠠᠷ ᠲᠤ ᠰᠠᠭᠤᠷᠢᠰᠢᠭᠤᠯᠤᠭᠰᠠᠨ᠃ 9 ᠭᠡᠪᠡᠴᠦ ᠲᠡᠳᠡ ᠥᠪᠡᠷᠰᠡᠳ ᠦᠨ ᠪᠤᠷᠬᠠᠨ ᠶᠣᠬᠣᠸᠠ ᠶᠢ ᠤᠮᠠᠷᠲᠠᠪᠠ᠃ ᠶᠣᠬᠣᠸᠠ ᠲᠡᠳᠡᠨ ᠢ ᠬᠠᠽᠦ᠋ᠷ ᠤᠨ ᠴᠡᠷᠢᠭ ᠤᠨ ᠵᠠᠩᠵᠤᠨ ᠰᠢᠰᠧᠷᠠ ᠶᠢᠨ ᠭᠠᠷ ᠲᠤ᠂ ᠹᠢᠯᠢᠰᠲ᠋ᠴᠦᠳ ᠦᠨ ᠭᠠᠷ ᠲᠤ ᠪᠣᠯᠣᠨ ᠮᠣᠶᠠᠪ ᠤᠨ ᠬᠠᠭᠠᠨ ᠤ ᠭᠠᠷ ᠲᠤ ᠲᠤᠰᠢᠶᠠᠭᠰᠠᠨ ᠳᠤ᠂ ᠲᠡᠳᠡ ᠡᠴᠢᠭᠡ ᠡᠪᠦᠭᠡᠳ ᠦᠨ ᠴᠢᠨᠢ ᠡᠰᠡᠷᠭᠦ ᠳᠠᠢᠲᠤᠪᠠ᠃ 10 ᠡᠴᠢᠭᠡ ᠡᠪᠦᠭᠡᠳ ᠴᠢᠨᠢ ᠶᠣᠬᠣᠸᠠ ᠠᠴᠠ ᠲᠤᠰᠠᠯᠠᠮᠵᠢ ᠭᠤᠶᠤᠨ ᠬᠠᠰᠬᠢᠷᠴᠤ᠄ 〈ᠪᠢᠳᠡ ᠭᠡᠮ ᠨᠢᠭᠦᠯ ᠦᠢᠯᠡᠳᠦᠯ᠎ᠡ᠂ ᠪᠢᠳᠡ ᠶᠣᠬᠣᠸᠠ ᠶᠢ ᠤᠮᠠᠷᠲᠠᠨ ᠣᠷᠬᠢᠵᠤ᠂ ᠪᠠᠯ ᠪᠣᠯᠣᠨ ᠠᠱᠲ᠋ᠠᠷᠣᠲ ᠤᠨ ᠰᠢᠲᠦᠭᠡᠨ ᠨᠦᠭᠦᠳ ᠲᠦ ᠮᠥᠷᠭᠥᠭᠰᠡᠨ᠃ ᠣᠳᠣ ᠪᠢᠳᠡᠨ ᠢ ᠳᠠᠢᠰᠤᠨ ᠨᠤᠭᠤᠳ ᠤᠨ ᠮᠠᠨᠢ ᠭᠠᠷ ᠠᠴᠠ ᠠᠪᠤᠷᠠᠵᠤ ᠥᠭᠭᠥᠭᠡᠴᠢ᠃ ᠪᠢᠳᠡ ᠲᠠᠨ ᠳᠤ ᠦᠢᠯᠡᠴᠢᠯᠡᠶ᠎ᠡ〉 ᠭᠡᠰᠡᠨ ᠪᠢᠯᠡ᠃ 11 ᠲᠡᠭᠡᠬᠦ ᠳᠦ ᠶᠣᠬᠣᠸᠠ ᠶᠧᠷᠦ᠋ᠪᠠᠯ᠂ ᠪᠠᠷᠠᠺ᠂ ᠶᠧᠹᠲ᠋ᠠ ᠪᠣᠯᠣᠨ ᠰᠠᠮᠦ᠋ᠶᠧᠯ ᠨᠠᠮᠠᠶᠢ ᠢᠯᠡᠭᠡᠵᠦ᠂ ᠲᠠ ᠨᠠᠷ ᠢ ᠲᠣᠭᠣᠷᠢᠨ ᠬᠦᠷᠢᠶᠡᠯᠡᠵᠦ ᠪᠠᠢᠭᠰᠠᠨ ᠳᠠᠢᠰᠤᠨ ᠨᠤᠭᠤᠳ ᠤᠨ ᠴᠢᠨᠢ ᠭᠠᠷ ᠠᠴᠠ ᠠᠪᠤᠷᠠᠭᠰᠠᠨ᠃ ᠲᠡᠭᠡᠭᠡᠳ ᠲᠠ ᠨᠠᠷ ᠠᠶᠤᠯ ᠦᠭᠡᠢ ᠲᠠᠢᠪᠤᠩ ᠠᠮᠢᠳᠤᠷᠠᠨ ᠰᠠᠭᠤᠪᠠ᠃ 12 ᠭᠡᠲᠡᠯ᠎ᠡ ᠲᠠ ᠨᠠᠷ ᠠᠮᠣᠨ ᠤ ᠬᠠᠭᠠᠨ ᠨᠠᠬᠠᠱ ᠤᠨ ᠥᠪᠡᠷᠰᠡᠳ ᠤᠷᠤᠭᠤ ᠴᠢᠨᠢ ᠳᠠᠭᠠᠷᠢᠵᠤ ᠢᠷᠡᠬᠦ ᠶᠢ ᠬᠠᠷᠠᠭᠠᠳ᠂ ᠬᠡᠳᠦᠢᠪᠡᠷ ᠲᠠ ᠨᠠᠷ ᠤᠨ ᠬᠠᠭᠠᠨ ᠨᠢ ᠪᠤᠷᠬᠠᠨ ᠶᠣᠬᠣᠸᠠ ᠪᠠᠢᠭᠰᠠᠭᠠᠷ ᠬᠢᠷᠢ ᠨᠢ᠄ 〈ᠦᠭᠡᠢ᠂ ᠪᠢᠳᠡᠨ ᠢ ᠵᠠᠬᠢᠷᠬᠤ ᠬᠠᠭᠠᠨ ᠪᠠᠢᠬᠤ ᠬᠡᠷᠡᠭᠲᠡᠢ〉 ᠭᠡᠵᠦ ᠨᠠᠳᠠ ᠳᠤ ᠬᠡᠯᠡᠭᠰᠡᠨ ᠪᠢᠯᠡ᠃ 13 ᠣᠳᠣ ᠲᠠ ᠨᠠᠷ ᠤᠨ ᠰᠣᠩ᠋ᠭᠣᠭᠰᠠᠨ᠂ ᠲᠠ ᠨᠠᠷ ᠤᠨ ᠱᠠᠭᠠᠷᠳᠠᠭᠰᠠᠨ ᠬᠠᠭᠠᠨ ᠢᠶᠠᠨ ᠦᠵᠡᠲᠦᠭᠡᠢ᠂ ᠠᠩ᠋ᠬᠠᠷᠤᠭᠲᠤᠨ᠂ ᠶᠣᠬᠣᠸᠠ ᠲᠠ ᠨᠠᠷ ᠤᠨ ᠬᠠᠭᠠᠨ ᠢ ᠲᠠᠯᠪᠢᠭᠰᠠᠨ ᠰᠢᠦ︕ 14 ᠬᠡᠷᠪᠡ ᠲᠠ ᠨᠠᠷ ᠶᠣᠬᠣᠸᠠ ᠠᠴᠠ ᠡᠮᠢᠶᠡᠵᠦ᠂ ᠲᠡᠭᠦᠨ ᠳᠦ ᠦᠢᠯᠡᠴᠢᠯᠡᠵᠦ᠂ ᠲᠡᠭᠦᠨ ᠦ ᠳᠠᠭᠤ ᠬᠣᠭᠣᠯᠠᠢ ᠶᠢ ᠰᠣᠨᠣᠰᠴᠤ᠂ ᠲᠡᠭᠦᠨ ᠦ ᠵᠠᠷᠯᠢᠭ ᠢ ᠦᠯᠦ ᠡᠰᠡᠷᠭᠦᠴᠡᠪᠡᠯ᠂ ᠮᠥᠨ ᠲᠠ ᠨᠠᠷ ᠴᠤ᠂ ᠲᠠ ᠨᠠᠷ ᠢ ᠵᠠᠬᠢᠷᠬᠤ ᠬᠠᠭᠠᠨ ᠴᠤ ᠪᠤᠷᠬᠠᠨ ᠶᠣᠬᠣᠸᠠ ᠪᠠᠨ ᠳᠠᠭᠠᠪᠠᠯ ᠶᠣᠬᠣᠸᠠ ᠲᠠ ᠨᠠᠷ ᠲᠠᠢ ᠬᠠᠮᠲᠤ ᠪᠠᠢᠨ᠎ᠠ᠃ 15 ᠬᠡᠷᠪᠡ ᠲᠠ ᠨᠠᠷ ᠶᠣᠬᠣᠸᠠ ᠶᠢᠨ ᠳᠠᠭᠤ ᠬᠣᠭᠣᠯᠠᠢ ᠶᠢ ᠦᠯᠦ ᠰᠣᠨᠣᠰᠴᠤ᠂ ᠶᠣᠬᠣᠸᠠ ᠶᠢᠨ ᠠᠮᠠ ᠶᠢ ᠡᠰᠡᠷᠭᠦᠴᠡᠨ ᠵᠥᠷᠢᠭᠦᠳᠯᠡᠪᠡᠯ᠂ ᠶᠣᠬᠣᠸᠠ ᠶᠢᠨ ᠮᠤᠲᠤᠷ ᠡᠴᠢᠭᠡ ᠡᠪᠦᠭᠡᠳ ᠦᠨ ᠴᠢᠨᠢ ᠡᠰᠡᠷᠭᠦ ᠪᠠᠢᠭᠰᠠᠨ ᠤ ᠠᠳᠠᠯᠢ ᠲᠠ ᠨᠠᠷ ᠤᠨ ᠡᠰᠡᠷᠭᠦ ᠴᠤ ᠪᠠᠢᠬᠤ ᠪᠣᠯᠣᠨ᠎ᠠ᠃ 16 ᠣᠳᠣ ᠲᠠ ᠨᠠᠷ ᠵᠣᠭᠰᠣᠵᠤ᠂ ᠲᠠ ᠨᠠᠷ ᠤᠨ ᠨᠢᠳᠦᠨ ᠦ ᠡᠮᠦᠨ᠎ᠡ ᠶᠣᠬᠣᠸᠠ ᠶᠢᠨ ᠦᠢᠯᠡᠳᠬᠦ ᠭᠡᠵᠦ ᠪᠠᠢᠭ᠎ᠠ ᠠᠭᠤᠤ ᠦᠢᠯᠡᠰ ᠢ ᠦᠵᠡᠭᠲᠦᠨ︕ 17 ᠡᠳᠦᠭᠡ ᠤᠯᠠᠭᠠᠨ ᠪᠤᠭᠤᠳᠠᠢ ᠬᠤᠷᠢᠶᠠᠬᠤ ᠴᠠᠭ ᠪᠤᠰᠤ ᠤᠤ︖ ᠭᠡᠪᠡᠴᠦ ᠪᠢ ᠶᠣᠬᠣᠸᠠ ᠶᠢ ᠳᠠᠭᠤᠳᠠᠬᠤ ᠳᠤ᠂ ᠶᠣᠬᠣᠸᠠ ᠠᠶᠤᠩ᠋ᠭ᠎ᠠ ᠲᠠᠢ ᠪᠣᠷᠣᠭᠠᠨ ᠣᠷᠣᠭᠤᠯᠤᠨ᠎ᠠ᠃ ᠡᠭᠦᠨ ᠢ ᠬᠠᠷᠠᠭᠠᠳ ᠲᠠ ᠨᠠᠷ ᠬᠠᠭᠠᠨ ᠭᠤᠶᠤᠭᠰᠠᠨ ᠢᠶᠠᠷ ᠢᠶᠠᠨ ᠶᠣᠬᠣᠸᠠ ᠶᠢᠨ ᠮᠡᠯᠮᠡᠢ ᠶᠢᠨ ᠡᠮᠦᠨ᠎ᠡ ᠠᠰᠤᠷᠤ ᠶᠡᠬᠡ ᠪᠤᠵᠠᠷ ᠮᠠᠭᠤ ᠶᠢ ᠦᠢᠯᠡᠳᠦᠭᠰᠡᠨ ᠢᠶᠡᠨ ᠮᠡᠳᠡᠲᠦᠭᠡᠢ》 ᠭᠡᠪᠡ᠃ 18 ᠲᠡᠢᠨ ᠬᠦ ᠰᠠᠮᠦ᠋ᠶᠧᠯ ᠶᠣᠬᠣᠸᠠ ᠶᠢ ᠳᠠᠭᠤᠳᠠᠬᠤ ᠳᠤ᠂ ᠶᠣᠬᠣᠸᠠ ᠲᠡᠷᠡ ᠡᠳᠦᠷ ᠠᠶᠤᠩ᠋ᠭ᠎ᠠ ᠲᠠᠢ ᠪᠣᠷᠣᠭᠠᠨ ᠣᠷᠣᠭᠤᠯᠪᠠ᠃ ᠠᠷᠠᠳ ᠣᠯᠠᠨ ᠪᠦᠭᠦᠳᠡᠭᠡᠷ ᠢᠶᠡᠨ ᠶᠣᠬᠣᠸᠠ ᠪᠠ ᠰᠠᠮᠦ᠋ᠶᠧᠯ ᠡᠴᠡ ᠮᠠᠰᠢ ᠶᠡᠬᠡ ᠠᠶᠤᠵᠠᠭᠠᠪᠠ᠃
19 ᠠᠷᠠᠳ ᠣᠯᠠᠨ ᠪᠦᠭᠦᠳᠡᠭᠡᠷ ᠢᠶᠡᠨ ᠰᠠᠮᠦ᠋ᠶᠧᠯ ᠳᠤ᠄ 《ᠪᠣᠭᠣᠯ ᠪᠢᠳᠡᠨ ᠢ ᠦᠬᠦᠭᠦᠯᠬᠦ ᠦᠭᠡᠢ ᠶᠢᠨ ᠲᠤᠯᠠᠳᠠ ᠪᠢᠳᠡᠨ ᠦ ᠡᠮᠦᠨ᠎ᠡ ᠡᠴᠡ ᠲᠠᠨ ᠤ ᠪᠤᠷᠬᠠᠨ ᠶᠣᠬᠣᠸᠠ ᠳᠤ ᠳᠠᠭᠠᠳᠬᠠᠨ᠎ᠠ ᠤᠤ︖ ᠪᠢᠳᠡ ᠬᠠᠭᠠᠨ ᠭᠤᠶᠤᠭᠰᠠᠨ ᠢᠶᠠᠷ ᠢᠶᠠᠨ ᠥᠪᠡᠷᠰᠡᠳ ᠦᠨ ᠬᠠᠮᠤᠭ ᠨᠢᠭᠦᠯ ᠳᠡᠭᠡᠷ᠎ᠡ ᠡᠨᠡ ᠪᠤᠵᠠᠷ ᠢ ᠨᠡᠮᠡᠭᠰᠡᠨ ᠪᠠᠢᠨ᠎ᠠ》 ᠭᠡᠵᠡᠭᠡᠪᠡ᠃ 20 ᠰᠠᠮᠦ᠋ᠶᠧᠯ ᠠᠷᠠᠳ ᠣᠯᠠᠨ ᠳᠤ᠄ 《ᠪᠦᠦ ᠠᠶᠤᠭᠲᠤᠨ᠃ ᠲᠠ ᠨᠠᠷ ᠪᠦᠬᠦ ᠪᠤᠵᠠᠷ ᠮᠠᠭᠤ ᠶᠢ ᠨᠢᠭᠡᠨᠲᠡ ᠦᠢᠯᠡᠳᠦᠭᠰᠡᠨ ᠴᠤ ᠣᠳᠣ ᠶᠣᠬᠣᠸᠠ ᠶᠢ ᠳᠠᠭᠠᠬᠤ ᠵᠠᠮ ᠠᠴᠠ ᠪᠦᠦ ᠡᠷᠭᠢ᠂ ᠬᠠᠷᠢᠨ ᠶᠣᠬᠣᠸᠠ ᠳᠤ ᠪᠦᠬᠦ ᠵᠢᠷᠦᠬᠡ ᠪᠡᠷ ᠢᠶᠠᠨ ᠦᠢᠯᠡᠴᠢᠯᠡᠭᠲᠦᠨ᠃ 21 ᠲᠤᠰᠠ ᠨᠡᠮᠡᠷᠢ ᠪᠣᠯᠳᠠᠭ ᠦᠭᠡᠢ᠂ ᠠᠪᠤᠷᠠᠯ ᠥᠭᠳᠡᠭ ᠦᠭᠡᠢ᠂ ᠳᠡᠮᠡᠢ ᠬᠣᠭᠣᠰᠣᠨ ᠰᠢᠲᠦᠭᠡᠨ ᠨᠦᠭᠦᠳ ᠢ ᠳᠠᠭᠠᠬᠤ ᠪᠠᠷ ᠪᠦᠦ ᠭᠠᠵᠢᠭᠲᠤᠨ︕ ᠲᠡᠳᠡ ᠪᠣᠯ ᠳᠡᠮᠡᠢ ᠬᠣᠭᠣᠰᠣᠨ ᠪᠢᠯᠡ᠃ 22 ᠭᠡᠪᠡᠴᠦ ᠡᠵᠡᠨ ᠪᠣᠯ ᠲᠠ ᠨᠠᠷ ᠢ ᠥᠪᠡᠷ ᠦᠨ ᠢᠶᠠᠨ ᠠᠷᠠᠳ ᠲᠦᠮᠡᠨ ᠪᠣᠯᠭᠠᠬᠤ ᠪᠠᠷ ᠰᠢᠢᠳᠦᠭᠰᠡᠨ ᠲᠤᠯᠠ ᠠᠤᠭ᠎ᠠ ᠨᠡᠷ᠎ᠡ ᠠᠯᠳᠠᠷ ᠤᠨ ᠢᠶᠠᠨ ᠲᠥᠯᠥᠭᠡ ᠥᠪᠡᠷ ᠦᠨ ᠢᠶᠠᠨ ᠠᠷᠠᠳ ᠲᠦᠮᠡᠨ ᠢ ᠶᠡᠷᠦ ᠣᠭᠣᠷᠬᠤ ᠦᠭᠡᠢ᠃ 23 ᠪᠢ ᠴᠤ ᠲᠠ ᠨᠠᠷ ᠤᠨ ᠲᠥᠯᠥᠭᠡ ᠳᠠᠭᠠᠳᠬᠠᠬᠤ ᠪᠠᠨ ᠪᠣᠯᠢᠬᠤ ᠪᠠᠷ ᠢᠶᠠᠨ ᠨᠢᠭᠦᠯ ᠦᠢᠯᠡᠳᠬᠦ ᠦᠭᠡᠢ᠂ ᠬᠠᠷᠢᠨ ᠰᠠᠢᠨ ᠰᠠᠢᠬᠠᠨ᠂ ᠵᠥᠪ ᠰᠢᠳᠤᠷᠭᠤ ᠵᠠᠮ ᠢᠶᠠᠷ ᠲᠠ ᠨᠠᠷ ᠢ ᠦᠷᠭᠦᠯᠵᠢᠯᠡᠨ ᠬᠥᠲᠥᠯᠬᠦ ᠪᠣᠯᠣᠨ᠎ᠠ᠃ 24 ᠵᠥᠪᠬᠡᠨ ᠶᠣᠬᠣᠸᠠ ᠠᠴᠠ ᠡᠮᠢᠶᠡᠵᠦ᠂ ᠪᠦᠬᠦ ᠵᠢᠷᠦᠬᠡ ᠪᠡᠷ ᠢᠶᠠᠨ ᠦᠨᠡᠨ ᠳᠣᠲᠣᠷ᠎ᠠ ᠲᠡᠭᠦᠨ ᠳᠦ ᠦᠢᠯᠡᠴᠢᠯᠡᠭᠲᠦᠨ︕ ᠲᠡᠷᠡ ᠲᠠ ᠨᠠᠷ ᠤᠨ ᠳᠤᠮᠳᠠ ᠶᠠᠭᠤᠲᠠᠢ ᠠᠭᠤᠤ ᠵᠦᠢᠯᠡᠰ ᠦᠢᠯᠡᠳᠦᠭᠰᠡᠨ ᠢ ᠰᠠᠨᠠᠭᠲᠤᠨ︕ 25 ᠬᠡᠷᠪᠡ ᠪᠤᠵᠠᠷ ᠵᠦᠢᠯᠡᠰ ᠦᠢᠯᠡᠳᠦᠭᠰᠡᠭᠡᠷ ᠪᠠᠢᠪᠠᠯ᠂ ᠲᠠ ᠨᠠᠷ ᠴᠤ᠂ ᠲᠠ ᠨᠠᠷ ᠤᠨ ᠬᠠᠭᠠᠨ ᠴᠤ ᠬᠠᠮᠤᠭᠳᠠᠨ ᠠᠷᠢᠯᠬᠤ ᠪᠣᠯᠣᠨ᠎ᠠ》 ᠭᠡᠵᠡᠢ᠃