ᠨᠢᠭᠡᠳᠦᠭᠡᠷ ᠰᠠᠮᠦ᠋ᠶᠧᠯ ᠨᠠᠢ᠌ᠮᠠ
ᠢᠰᠷᠧᠯᠴᠦᠳ ᠬᠠᠭᠠᠨ ᠲᠠᠢ ᠪᠣᠯᠬᠤ ᠶᠢ ᠬᠦᠰᠡᠭᠰᠡᠨ
1 ᠰᠠᠮᠦ᠋ᠶᠧᠯ ᠨᠠᠰᠤᠲᠠᠢ ᠪᠣᠯᠵᠤ᠂ ᠬᠥᠪᠡᠭᠦᠳ ᠢᠶᠡᠨ ᠢᠰᠷᠧᠯ ᠤᠨ ᠰᠢᠭᠦᠭᠴᠢᠳ ᠢᠶᠠᠷ ᠲᠣᠮᠢᠯᠠᠪᠠ᠃ 2 ᠤᠤᠭᠠᠨ ᠬᠥᠪᠡᠭᠦᠨ ᠢ ᠨᠢ ᠶᠣᠶᠧᠯ᠂ ᠤᠳᠠᠭᠠᠬᠢ ᠬᠥᠪᠡᠭᠦᠨ ᠢ ᠨᠢ ᠠᠪᠢᠶ᠎ᠠ ᠭᠡᠳᠡᠭ᠃ ᠲᠡᠳᠡ ᠪᠧᠷᠣᠲ ᠱᠧᠪᠠ ᠳᠤ ᠰᠢᠭᠦᠵᠦ ᠪᠠᠢᠪᠠ᠃ 3 ᠬᠠᠷᠢᠨ ᠲᠡᠳᠡ ᠡᠴᠢᠭᠡ ᠶᠢᠨ ᠢᠶᠠᠨ ᠵᠠᠮ ᠢᠶᠠᠷ ᠶᠠᠪᠤᠭᠰᠠᠨ ᠦᠭᠡᠢ᠂ ᠣᠯᠵᠠ ᠠᠰᠢᠭ ᠤᠨ ᠵᠠᠮ ᠢᠶᠠᠷ ᠭᠠᠵᠢᠨ᠂ ᠬᠡᠭᠡᠯᠢ ᠬᠠᠬᠤᠤᠯᠢ ᠠᠪᠴᠤ᠂ ᠰᠢᠳᠤᠷᠭᠤ ᠶᠣᠰᠣ ᠶᠢ ᠭᠠᠵᠢᠭᠤᠳᠠᠭᠤᠯᠪᠠ᠃
4 ᠢᠰᠷᠧᠯ ᠤᠨ ᠠᠬᠠᠮᠠᠳ ᠪᠦᠭᠦᠳᠡᠭᠡᠷ ᠢᠶᠡᠨ ᠴᠤᠭᠯᠠᠷᠠᠨ᠂ ᠷᠠᠮᠠ ᠳᠤ ᠰᠠᠮᠦ᠋ᠶᠧᠯ ᠤᠷᠤᠭᠤ ᠣᠴᠢᠵᠤ᠂ 5 ᠲᠡᠭᠦᠨ ᠳᠦ᠄ 《ᠬᠠᠷᠠᠭᠠᠴᠢ᠂ ᠲᠠ ᠣᠳᠣ ᠨᠠᠰᠤᠲᠠᠢ᠂ ᠲᠠᠨ ᠤ ᠬᠥᠪᠡᠭᠦᠳ ᠴᠤ ᠲᠠᠨ ᠤ ᠵᠠᠮ ᠢ ᠳᠠᠭᠠᠬᠤ ᠦᠭᠡᠢ ᠪᠠᠢᠨ᠎ᠠ᠃ ᠣᠳᠣ ᠪᠢᠳᠡᠨ ᠦ ᠲᠥᠯᠥᠭᠡ ᠬᠠᠭᠠᠨ ᠲᠣᠮᠢᠯᠠᠭᠠᠳ ᠪᠢᠳᠡᠨ ᠢ ᠥᠭᠡᠷ᠎ᠡ ᠪᠦᠬᠦ ᠦᠨᠳᠦᠰᠦᠲᠡᠨ ᠰᠢᠭ ᠬᠠᠭᠠᠨ ᠢᠶᠠᠷ ᠤᠳᠤᠷᠢᠳᠤᠭᠤᠯ》 ᠭᠡᠪᠡ᠃ 6 ᠬᠠᠷᠢᠨ ᠬᠠᠭᠠᠨ ᠥᠭᠴᠦ ᠪᠢᠳᠡᠨ ᠢ ᠤᠳᠤᠷᠢᠳᠤᠭᠤᠯ ᠭᠡᠰᠡᠨ ᠲᠡᠳᠡᠨ ᠦ ᠦᠭᠡ ᠰᠠᠮᠦ᠋ᠶᠧᠯ ᠳᠤ ᠲᠠᠭᠠᠯᠠᠭᠳᠠᠭᠰᠠᠨ ᠦᠭᠡᠢ᠃ ᠰᠠᠮᠦ᠋ᠶᠧᠯ ᠶᠣᠬᠣᠸᠠ ᠳᠤ ᠳᠠᠭᠠᠳᠬᠠᠭᠰᠠᠨ ᠳᠤ᠂ 7 ᠶᠣᠬᠣᠸᠠ ᠰᠠᠮᠦ᠋ᠶᠧᠯ ᠳᠤ᠄ 《ᠠᠷᠠᠳ ᠣᠯᠠᠨ ᠤ ᠴᠢᠮ᠎ᠠ ᠳᠤ ᠬᠡᠯᠡᠵᠦ ᠪᠠᠢᠭ᠎ᠠ ᠪᠦᠬᠦᠨ ᠢ ᠰᠣᠨᠣᠰᠣᠭᠲᠤᠨ᠂ ᠲᠡᠳᠡ ᠴᠢᠮᠠᠶᠢ ᠣᠭᠣᠷᠣᠭᠰᠠᠨ ᠪᠢᠰᠢ᠂ ᠬᠠᠷᠢᠨ ᠨᠠᠮᠠᠶᠢ ᠣᠭᠣᠷᠣᠭᠰᠠᠨ᠃ ᠲᠡᠳᠡ ᠨᠠᠮᠠᠶᠢ ᠥᠪᠡᠷᠰᠡᠳ ᠦᠨ ᠢᠶᠠᠨ ᠳᠡᠭᠡᠷᠡᠬᠢ ᠬᠠᠭᠠᠨ ᠢᠶᠠᠷ ᠪᠠᠢᠯᠭᠠᠬᠤ ᠦᠭᠡᠢ ᠭᠡᠵᠦ ᠪᠠᠢᠨ᠎ᠠ᠃ 8 ᠪᠢ ᠲᠡᠳᠡᠨ ᠢ ᠶᠧᠵᠢᠫᠲ ᠡᠴᠡ ᠭᠠᠷᠭᠠᠭᠰᠠᠨ ᠡᠳᠦᠷ ᠡᠴᠡ ᠥᠨᠥᠳᠥᠷ ᠬᠦᠷᠲᠡᠯ᠎ᠡ ᠲᠡᠳᠡ ᠦᠢᠯᠡ ᠶᠠᠪᠤᠳᠠᠯ ᠳᠠᠭᠠᠨ ᠲᠡᠭᠡᠳᠡᠭ ᠪᠠᠢᠭᠰᠠᠨ᠂ ᠲᠡᠳᠡ ᠨᠠᠮᠠᠶᠢ ᠣᠭᠣᠷᠴᠤ ᠥᠭᠡᠷ᠎ᠡ ᠪᠤᠷᠬᠠᠳ ᠲᠤ ᠦᠢᠯᠡᠴᠢᠯᠡᠭᠰᠡᠭᠡᠷ ᠢᠷᠡᠭᠰᠡᠨ ᠲᠡᠢ ᠪᠡᠨ ᠠᠳᠠᠯᠢ ᠴᠢᠮ᠎ᠠ ᠳᠤ ᠮᠥᠨ ᠲᠡᠭᠡᠵᠦ ᠪᠠᠢᠨ᠎ᠠ᠃ 9 ᠲᠡᠢᠮᠦ ᠡᠴᠡ ᠣᠳᠣ ᠲᠡᠳᠡᠨ ᠦ ᠳᠠᠭᠤ ᠬᠣᠭᠣᠯᠠᠢ ᠶᠢ ᠰᠣᠨᠣᠰᠣᠭᠲᠤᠨ᠃ ᠬᠠᠷᠢᠨ ᠲᠡᠳᠡᠨ ᠢ ᠵᠠᠬᠢᠷᠬᠤ ᠬᠠᠭᠠᠨ ᠤ ᠴᠢᠨᠠᠷ ᠤᠨ ᠲᠤᠬᠠᠢ ᠬᠠᠲᠠᠭᠤ ᠰᠠᠨᠠᠭᠤᠯᠵᠤ ᠬᠡᠯᠡᠭᠲᠦᠨ》 ᠭᠡᠰᠡᠨ᠃
10 ᠰᠠᠮᠦ᠋ᠶᠧᠯ ᠥᠪᠡᠷ ᠡᠴᠡ ᠨᠢ ᠬᠠᠭᠠᠨ ᠭᠤᠶᠤᠭᠰᠠᠨ ᠠᠷᠠᠳ ᠣᠯᠠᠨ ᠳᠤ ᠶᠣᠬᠣᠸᠠ ᠶᠢᠨ ᠦᠭᠡ ᠪᠦᠷᠢ ᠶᠢ ᠳᠠᠮᠵᠢᠭᠤᠯᠤᠨ᠄ 11 《ᠲᠠ ᠨᠠᠷ ᠢ ᠵᠠᠬᠢᠷᠬᠤ ᠬᠠᠭᠠᠨ ᠤ ᠴᠢᠨᠠᠷ ᠢ ᠬᠡᠯᠡᠵᠦ ᠥᠭᠭᠥᠶ᠎ᠡ᠂ ᠬᠠᠭᠠᠨ ᠲᠠ ᠨᠠᠷ ᠤᠨ ᠬᠥᠪᠡᠭᠦᠳ ᠢ ᠠᠪᠴᠤ᠂ ᠥᠪᠡᠷ ᠦᠨ ᠢᠶᠠᠨ ᠮᠣᠷᠢᠨ ᠲᠡᠷᠭᠡᠴᠢᠨ ᠪᠠ ᠠᠭᠳᠠᠴᠢᠨ ᠪᠣᠯᠭᠠᠨ ᠥᠪᠡᠷ ᠦᠨ ᠢᠶᠠᠨ ᠲᠡᠷᠭᠡ ᠨᠦᠭᠦᠳ ᠦᠨ ᠡᠮᠦᠨ᠎ᠡ ᠭᠦᠶᠦᠯᠭᠡᠬᠦ ᠪᠥᠭᠡᠳ 12 ᠵᠠᠷᠢᠮ ᠢ ᠨᠢ ᠮᠢᠩ᠋ᠭᠠᠲᠤ ᠪᠣᠯᠣᠨ ᠲᠠᠪᠢᠲᠤ ᠶᠢᠨ ᠳᠠᠷᠤᠭ᠎ᠠ ᠪᠠᠷ ᠲᠣᠮᠢᠯᠠᠵᠤ᠂ ᠵᠠᠷᠢᠮ ᠢᠶᠠᠷ ᠨᠢ ᠭᠠᠵᠠᠷ ᠢᠶᠠᠨ ᠬᠠᠭᠠᠯᠤᠭᠤᠯᠤᠨ᠂ ᠤᠷᠭᠤᠴᠠ ᠪᠠᠨ ᠬᠤᠷᠢᠶᠠᠯᠭᠠᠵᠤ᠂ ᠪᠠᠰᠠ ᠵᠠᠷᠢᠮ ᠢᠶᠠᠷ ᠨᠢ ᠳᠠᠢᠨ ᠤ ᠵᠡᠷ ᠵᠡᠪᠰᠡᠭ ᠪᠣᠯᠣᠨ ᠬᠥᠰᠬᠡ ᠲᠡᠷᠭᠡᠨ ᠦ ᠪᠠᠨ ᠲᠣᠨᠣᠭᠯᠠᠯ ᠢ ᠬᠢᠯᠭᠡᠨ᠎ᠡ᠃ 13 ᠬᠠᠭᠠᠨ ᠲᠠ ᠨᠠᠷ ᠤᠨ ᠥᠬᠢᠳ ᠢ ᠠᠪᠴᠤ᠂ ᠦᠨᠦᠷᠲᠡᠨ ᠢ ᠪᠡᠯᠡᠳᠬᠡᠭᠦᠯᠦᠨ᠂ ᠬᠣᠭᠣᠯᠠ ᠪᠠᠵᠠᠭᠠᠯᠭᠠᠵᠤ᠂ ᠪᠣᠣᠪᠣ ᠬᠢᠯᠭᠡᠨ᠎ᠡ᠃ 14 ᠲᠡᠷᠡ ᠲᠠ ᠨᠠᠷ ᠤᠨ ᠬᠠᠮᠤᠭ ᠤᠨ ᠰᠠᠢᠨ ᠲᠠᠷᠢᠶᠠᠨ ᠲᠠᠯᠠᠪᠠᠢ᠂ ᠤᠰᠤᠨ ᠦᠵᠦᠮ ᠦᠨ ᠬᠦᠷᠢᠶᠡᠯᠡᠩ᠂ ᠴᠢᠳᠦᠨ ᠦ ᠬᠦᠷᠢᠶᠡᠯᠡᠩ ᠢ ᠠᠪᠴᠤ ᠵᠠᠷᠤᠴᠠ ᠨᠠᠷ ᠲᠠᠭᠠᠨ ᠥᠭᠭᠥᠭᠡᠳ 15 ᠲᠠ ᠨᠠᠷ ᠤᠨ ᠦᠷ᠎ᠡ ᠲᠠᠷᠢᠶᠠᠨ ᠠᠴᠠ᠂ ᠪᠠᠰᠠ ᠦᠵᠦᠮ ᠡᠴᠡ ᠠᠷᠪᠠᠨ ᠤ ᠨᠢᠭᠡ ᠶᠢ ᠠᠪᠴᠤ᠂ ᠥᠪᠡᠷ ᠦᠨ ᠢᠶᠠᠨ ᠲᠦᠰᠢᠮᠡᠳ᠂ ᠵᠠᠷᠤᠴᠠ ᠨᠠᠷ ᠲᠤ ᠥᠭᠭᠥᠨ᠎ᠡ᠃ 16 ᠲᠡᠷᠡ ᠪᠠᠰᠠ ᠲᠠ ᠨᠠᠷ ᠤᠨ ᠵᠠᠷᠤᠴᠠ ᠰᠢᠪᠡᠭᠴᠢᠳ᠂ ᠬᠠᠮᠤᠭ ᠤᠨ ᠰᠢᠯᠢᠳᠡᠭ ᠵᠠᠯᠠᠭᠤᠰ ᠪᠣᠯᠣᠨ ᠡᠯᠵᠢᠭᠡ ᠨᠦᠭᠦᠳ ᠢ ᠴᠢᠨᠢ ᠠᠪᠴᠤ ᠥᠪᠡᠷ ᠦᠨ ᠢᠶᠠᠨ ᠠᠵᠢᠯ ᠳᠤ ᠬᠡᠷᠡᠭᠯᠡᠨ᠂ 17 ᠲᠠ ᠨᠠᠷ ᠤᠨ ᠬᠣᠨᠢᠨ ᠰᠦᠷᠦᠭ ᠤᠳ ᠠᠴᠠ ᠠᠷᠪᠠᠨ ᠤ ᠨᠢᠭᠡ ᠶᠢ ᠠᠪᠴᠤ᠂ ᠲᠠ ᠨᠠᠷ ᠢ ᠴᠤ ᠥᠪᠡᠷ ᠦᠨ ᠢᠶᠠᠨ ᠵᠠᠷᠤᠴᠠ ᠪᠣᠯᠭᠠᠨ᠎ᠠ᠃ 18 ᠲᠡᠷᠡ ᠡᠳᠦᠷ ᠢᠷᠡᠴᠢᠬᠡᠪᠡᠯ ᠲᠠ ᠨᠠᠷ ᠥᠪᠡᠷᠰᠡᠳ ᠦᠨ ᠰᠣᠩ᠋ᠭᠣᠭᠰᠠᠨ ᠬᠠᠭᠠᠨ ᠠᠴᠠ ᠪᠣᠯᠵᠤ ᠪᠠᠷᠬᠢᠷᠠᠨ ᠬᠠᠰᠬᠢᠷᠤᠭᠰᠠᠨ ᠴᠤ᠂ ᠲᠡᠷᠡ ᠡᠳᠦᠷ ᠶᠣᠬᠣᠸᠠ ᠬᠠᠷᠢᠭᠤ ᠥᠭᠬᠦ ᠦᠭᠡᠢ》 ᠭᠡᠪᠡ᠃
19 ᠬᠠᠷᠢᠨ ᠠᠷᠠᠳ ᠣᠯᠠᠨ ᠰᠠᠮᠦ᠋ᠶᠧᠯ ᠤᠨ ᠦᠭᠡ ᠶᠢ ᠦᠯᠦ ᠵᠥᠪᠰᠢᠶᠡᠷᠡᠨ᠄ 《ᠦᠭᠡᠢ᠂ ᠪᠢᠳᠡᠨ ᠳᠦ ᠬᠠᠭᠠᠨ ᠪᠠᠢᠬᠤ ᠬᠡᠷᠡᠭᠲᠡᠢ᠃ 20 ᠲᠡᠭᠡᠪᠡᠯ ᠪᠢᠳᠡ ᠴᠤ ᠪᠦᠬᠦ ᠦᠨᠳᠦᠰᠦᠲᠡᠨ ᠨᠦᠭᠦᠳ ᠲᠡᠢ ᠠᠳᠠᠯᠢ ᠪᠣᠯᠣᠨ᠎ᠠ᠂ ᠮᠠᠨ ᠤ ᠬᠠᠭᠠᠨ ᠪᠢᠳᠡᠨ ᠢ ᠰᠢᠭᠦᠵᠦ᠂ ᠪᠢᠳᠡᠨ ᠢ ᠮᠠᠩᠯᠡᠢᠯᠠᠨ ᠳᠠᠢᠨ ᠳᠤ ᠲᠤᠯᠤᠯᠳᠤᠬᠤ ᠪᠣᠯᠲᠤᠭᠠᠢ》 ᠭᠡᠵᠡᠭᠡᠪᠡ᠃ 21 ᠰᠠᠮᠦ᠋ᠶᠧᠯ ᠠᠷᠠᠳ ᠣᠯᠠᠨ ᠤ ᠪᠦᠬᠦ ᠦᠭᠡ ᠶᠢ ᠶᠣᠬᠣᠸᠠ ᠶᠢᠨ ᠰᠣᠨᠣᠷ ᠲᠤ ᠬᠦᠷᠭᠡᠭᠰᠡᠨ ᠳᠦ᠂ 22 ᠶᠣᠬᠣᠸᠠ ᠰᠠᠮᠦ᠋ᠶᠧᠯ ᠳᠤ᠄ 《ᠲᠡᠳᠡᠨ ᠦ ᠳᠠᠭᠤ ᠬᠣᠭᠣᠯᠠᠢ ᠶᠢ ᠰᠣᠨᠣᠰᠴᠤ᠂ ᠲᠡᠳᠡᠨ ᠦ ᠬᠠᠭᠠᠨ ᠢ ᠲᠣᠮᠢᠯᠠᠭᠲᠤᠨ》 ᠭᠡᠵᠦ ᠠᠢᠯᠠᠳᠪᠠ᠃ ᠲᠡᠢᠨ ᠬᠦ ᠰᠠᠮᠦ᠋ᠶᠧᠯ ᠢᠰᠷᠧᠯ ᠤᠨ ᠬᠥᠮᠦᠰ ᠲᠦ᠄ 《ᠬᠥᠮᠦᠨ ᠪᠦᠷᠢ ᠥᠪᠡᠷ ᠥᠪᠡᠷᠰᠡᠳ ᠦᠨ ᠬᠣᠲᠠ ᠤᠷᠤᠭᠤ ᠶᠠᠪᠤᠭᠲᠤᠨ》 ᠭᠡᠵᠦ ᠬᠡᠯᠡᠪᠡ᠃