ᠨᠢᠭᠡᠳᠦᠭᠡᠷ ᠰᠠᠮᠦ᠋ᠶᠧᠯ ᠵᠢᠷᠭᠤᠭ᠎ᠠ
ᠹᠢᠯᠢᠰᠲ᠋ᠴᠦᠳ ᠡᠵᠡᠨ ᠦ ᠠᠪᠳᠠᠷ᠎ᠠ ᠶᠢ ᠪᠤᠴᠠᠭᠠᠪᠠ
1 ᠡᠢᠨ ᠬᠦ ᠶᠣᠬᠣᠸᠠ ᠶᠢᠨ ᠠᠪᠳᠠᠷ᠎ᠠ ᠹᠢᠯᠢᠰᠲ᠋ᠴᠦᠳ ᠦᠨ ᠲᠠᠯ᠎ᠠ ᠨᠤᠲᠤᠭ ᠲᠤ ᠳᠣᠯᠣᠭᠠᠨ ᠰᠠᠷ᠎ᠠ ᠪᠠᠢᠯ᠎ᠠ᠃ 2 ᠹᠢᠯᠢᠰᠲ᠋ᠴᠦᠳ ᠲᠠᠬᠢᠯᠴᠢᠳ ᠪᠣᠯᠣᠨ ᠲᠥᠯᠭᠡᠴᠢᠳ ᠢ ᠳᠠᠭᠤᠳᠠᠨ᠄ 《ᠪᠢᠳᠡ ᠶᠣᠬᠣᠸᠠ ᠶᠢᠨ ᠠᠪᠳᠠᠷ᠎ᠠ ᠶᠢ ᠶᠠᠭᠠᠬᠢᠬᠤ ᠪᠤᠢ︖ ᠲᠡᠭᠦᠨ ᠢ ᠪᠠᠢᠭᠰᠠᠨ ᠭᠠᠵᠠᠷ ᠲᠤᠨᠢ ᠬᠡᠷᠬᠢᠨ ᠶᠠᠪᠤᠭᠤᠯᠬᠤ ᠶᠢ ᠪᠢᠳᠡᠨ ᠳᠦ ᠬᠡᠯᠡᠵᠦ ᠥᠭᠭᠥᠭᠡᠴᠢ》 ᠭᠡᠬᠦ ᠳᠦ᠂ 3 ᠲᠡᠳᠡ᠄ 《ᠬᠡᠷᠪᠡ ᠲᠠ ᠨᠠᠷ ᠢᠰᠷᠧᠯ ᠤᠨ ᠪᠤᠷᠬᠠᠨ ᠤ ᠠᠪᠳᠠᠷ᠎ᠠ ᠶᠢ ᠪᠤᠴᠠᠭᠠᠬᠤ ᠭᠡᠵᠦ ᠪᠠᠢᠭ᠎ᠠ ᠪᠣᠯ ᠬᠣᠭᠣᠰᠣᠨ ᠶᠠᠪᠤᠭᠤᠯᠵᠤ ᠪᠣᠯᠬᠤ ᠦᠭᠡᠢ᠃ ᠵᠠᠪᠠᠯ ᠭᠡᠮ ᠦᠨ ᠡᠷᠭᠦᠯ ᠲᠡᠢ ᠬᠠᠮᠲᠤ ᠶᠠᠪᠤᠭᠤᠯᠬᠤ ᠶᠣᠰᠣᠲᠠᠢ︕ ᠲᠡᠭᠡᠪᠡᠯ ᠲᠠ ᠨᠠᠷ ᠡᠳᠡᠭᠡᠷᠡᠬᠦ ᠪᠣᠯᠣᠨ᠎ᠠ᠂ ᠲᠡᠭᠦᠨ ᠦ ᠮᠤᠲᠤᠷ ᠶᠠᠭᠤᠨ ᠳᠤ ᠲᠠ ᠨᠠᠷ ᠠᠴᠠ ᠵᠠᠢᠯᠠᠭᠠ ᠦᠭᠡᠢ ᠶᠢ ᠴᠤ ᠮᠡᠳᠡᠬᠦ ᠪᠣᠯᠣᠨ᠎ᠠ》 ᠭᠡᠪᠡ᠃ 4 ᠹᠢᠯᠢᠰᠲ᠋ᠴᠦᠳ᠄ 《ᠲᠡᠭᠦᠨ ᠳᠦ ᠶᠠᠮᠠᠷ ᠡᠷᠭᠦᠯ ᠢ ᠶᠠᠪᠤᠭᠤᠯᠬᠤ ᠶᠤᠮ ᠪᠤᠢ︖》 ᠭᠡᠰᠡᠨ ᠳᠦ᠂ ᠲᠡᠳᠡ᠄ 《ᠲᠠ ᠪᠦᠭᠦᠳᠡ ᠪᠣᠯᠣᠨ ᠲᠠᠨ ᠤ ᠨᠣᠶᠠᠳ ᠤᠨ ᠳᠡᠭᠡᠷ᠎ᠡ ᠪᠠᠭᠤᠭᠰᠠᠨ ᠭᠠᠮᠰᠢᠭ ᠨᠢ ᠨᠢᠭᠡ ᠪᠣᠯᠬᠣᠷ ᠹᠢᠯᠢᠰᠲ ᠤᠨ ᠨᠣᠶᠠᠳ ᠤᠨ ᠲᠣᠭ᠎ᠠ ᠲᠠᠢ ᠠᠳᠠᠯᠢ ᠲᠠᠪᠤᠨ ᠠᠯᠲᠠᠨ ᠪᠤᠯᠳᠤᠷᠤᠤ᠂ ᠲᠠᠪᠤᠨ ᠠᠯᠲᠠᠨ ᠬᠤᠯᠤᠭᠠᠨ᠎ᠠ ᠶᠢ ᠶᠠᠪᠤᠭᠤᠯᠬᠤ ᠶᠣᠰᠣᠲᠠᠢ᠃ 5 ᠲᠡᠢᠮᠦ ᠡᠴᠡ ᠲᠠ ᠨᠠᠷ ᠡᠨᠡ ᠭᠠᠵᠠᠷ ᠢ ᠰᠦᠢᠷᠡᠭᠦᠯᠵᠦ ᠪᠤᠢ ᠪᠤᠯᠳᠤᠷᠤᠤ ᠡᠪᠡᠳᠴᠢᠨ ᠤ ᠳᠦᠷᠰᠦ ᠪᠣᠯᠣᠨ ᠬᠤᠯᠤᠭᠠᠨ᠎ᠠ ᠶᠢᠨ ᠳᠦᠷᠰᠦ ᠶᠢ ᠬᠢ᠂ ᠢᠰᠷᠧᠯ ᠤᠨ ᠪᠤᠷᠬᠠᠨ ᠳᠤ ᠠᠯᠳᠠᠷ ᠢ ᠡᠷᠭᠦ᠂ ᠲᠡᠭᠡᠪᠡᠯ ᠲᠡᠷᠡ ᠲᠠ ᠨᠠᠷ ᠤᠨ ᠳᠡᠭᠡᠷ᠎ᠡ᠂ ᠲᠠ ᠨᠠᠷ ᠤᠨ ᠪᠤᠷᠬᠠᠳ᠂ ᠮᠥᠨ ᠲᠠᠨ ᠤ ᠨᠤᠲᠤᠭ ᠤᠨ ᠳᠡᠭᠡᠷ᠎ᠡ ᠳᠠᠷᠤᠭᠰᠠᠨ ᠮᠤᠲᠤᠷ ᠢᠶᠠᠨ ᠬᠥᠩᠭᠡᠯᠡᠵᠦ ᠮᠠᠭᠠᠳ᠃ 6 ᠲᠠ ᠨᠠᠷ ᠶᠧᠵᠢᠫᠲ᠋ᠴᠦᠳ ᠪᠣᠯᠣᠨ ᠹᠠᠷᠠᠣ᠋ ᠮᠡᠲᠦ ᠶᠠᠭᠤᠨ ᠳᠤ ᠰᠡᠳᠬᠢᠯ ᠢᠶᠠᠨ ᠬᠠᠲᠠᠭᠤᠷᠠᠭᠤᠯᠤᠨ᠎ᠠ ᠪᠤᠢ︖ ᠲᠡᠳᠡ ᠪᠤᠷᠬᠠᠨ ᠳᠤ ᠠᠪᠲᠠᠭᠳᠠᠭᠠᠳ ᠢᠰᠷᠧᠯᠴᠦᠳ ᠢ ᠴᠢᠯᠥᠭᠡᠯᠡᠵᠦ ᠶᠠᠪᠤᠭᠤᠯᠤᠭᠰᠠᠨ ᠪᠢᠰᠢ ᠤᠤ︖ 7 ᠲᠡᠢᠮᠦ ᠡᠴᠡ ᠨᠢᠭᠡ ᠰᠢᠨ᠎ᠡ ᠲᠡᠷᠭᠡ ᠬᠢ᠂ ᠪᠤᠭᠤᠯᠠᠭᠠᠨ ᠳᠤ ᠣᠷᠣᠭᠤᠯᠵᠤ ᠪᠠᠢᠭ᠎ᠠ ᠦᠭᠡᠢ ᠬᠣᠶᠠᠷ ᠦᠨᠢᠶ᠎ᠡ ᠶᠢ ᠠᠪᠴᠤ ᠲᠡᠷᠭᠡᠨ ᠳᠦ ᠬᠥᠯᠯᠡ᠂ ᠲᠤᠭᠤᠯ ᠤᠳ ᠢ ᠨᠢ ᠲᠡᠳᠡᠨ ᠡᠴᠡ ᠰᠠᠯᠭᠠᠵᠤ ᠬᠠᠰᠢᠶᠠᠨ ᠳᠤᠨᠢ ᠪᠤᠴᠠᠭᠠᠭᠲᠤᠨ᠃ 8 ᠲᠡᠭᠡᠭᠡᠳ ᠶᠣᠬᠣᠸᠠ ᠶᠢᠨ ᠠᠪᠳᠠᠷ᠎ᠠ ᠶᠢ ᠠᠪᠴᠤ᠂ ᠲᠡᠷᠭᠡᠨ ᠳᠡᠭᠡᠷ᠎ᠡ ᠲᠠᠯᠪᠢ᠃ ᠭᠡᠮ ᠦᠨ ᠡᠷᠭᠦᠯ ᠪᠣᠯᠭᠠᠨ ᠶᠠᠪᠤᠭᠤᠯᠬᠤ ᠠᠯᠲᠠᠨ ᠡᠳ᠋ᠯᠡᠯ ᠢ ᠬᠠᠢᠷᠴᠠᠭ ᠲᠤ ᠬᠢᠵᠦ᠂ ᠠᠪᠳᠠᠷ᠎ᠠ ᠶᠢᠨ ᠬᠠᠵᠠᠭᠤ ᠳᠤ ᠲᠠᠯᠪᠢ᠃ ᠲᠡᠭᠡᠭᠡᠳ ᠲᠡᠷᠭᠡ ᠪᠡᠨ ᠰᠤᠯᠠ ᠲᠠᠯᠪᠢᠵᠤ ᠵᠥᠩ ᠢᠶᠡᠷ ᠨᠢ ᠶᠠᠪᠤᠭᠤᠯᠤᠭᠠᠳ 9 ᠠᠵᠢᠭᠯᠠᠵᠤ ᠪᠠᠢᠭᠲᠤᠨ᠃ ᠬᠡᠷᠪᠡ ᠲᠡᠷᠡ ᠥᠪᠡᠷ ᠦᠨ ᠨᠤᠲᠤᠭ ᠥᠭᠡᠳᠡ ᠴᠢᠭᠯᠡᠨ ᠪᠧᠲ ᠱᠧᠮᠧᠱ ᠲᠤ ᠬᠦᠷᠬᠦ ᠵᠠᠮ ᠢᠶᠠᠷ ᠶᠠᠪᠤᠪᠠᠯ᠂ ᠪᠢᠳᠡᠨ ᠳᠦ ᠡᠨᠡ ᠶᠡᠬᠡ ᠭᠠᠮᠰᠢᠭ ᠢ ᠤᠴᠠᠷᠠᠭᠤᠯᠤᠭᠰᠠᠨ ᠨᠢ ᠲᠡᠳᠡᠨ ᠦ ᠪᠤᠷᠬᠠᠨ ᠮᠥᠨ᠃ ᠥᠭᠡᠷ᠎ᠡ ᠵᠠᠮ ᠢᠶᠠᠷ ᠶᠠᠪᠤᠪᠠᠯ᠂ ᠲᠡᠳᠡᠨ ᠦ ᠪᠤᠷᠬᠠᠨ ᠪᠢᠳᠡᠨ ᠢ ᠴᠣᠬᠢᠭᠰᠠᠨ ᠪᠤᠰᠤ᠂ ᠬᠠᠷᠢᠨ ᠰᠠᠨᠠᠮᠰᠠᠷ ᠦᠭᠡᠢ ᠭᠠᠮᠰᠢᠭ ᠪᠢᠳᠡᠨ ᠳᠦ ᠲᠣᠬᠢᠶᠠᠯᠳᠤᠭᠰᠠᠨ ᠭᠡᠳᠡᠭ ᠢ ᠪᠢᠳᠡ ᠮᠡᠳᠡᠬᠦ ᠪᠣᠯᠣᠨ᠎ᠠ》 ᠭᠡᠪᠡ᠃
10 ᠬᠥᠮᠦᠰ ᠲᠡᠷᠡ ᠶᠣᠰᠣᠭᠠᠷ ᠦᠢᠯᠡᠳᠪᠡ᠃ ᠲᠡᠳᠡ ᠬᠣᠶᠠᠷ ᠦᠨᠢᠶ᠎ᠡ ᠠᠪᠴᠢᠷᠠᠵᠤ᠂ ᠲᠡᠷᠭᠡᠨ ᠳᠦ ᠬᠥᠯᠯᠡᠨ᠂ ᠲᠤᠭᠤᠯ ᠤᠳ ᠢ ᠨᠢ ᠬᠠᠰᠢᠶᠠᠨ ᠳᠤ ᠲᠦᠭᠵᠢᠵᠦ᠂ 11 ᠶᠣᠬᠣᠸᠠ ᠶᠢᠨ ᠠᠪᠳᠠᠷ᠎ᠠ ᠪᠣᠯᠣᠨ ᠠᠯᠲᠠᠨ ᠬᠤᠯᠤᠭᠠᠨ᠎ᠠ᠂ ᠠᠯᠲᠠᠨ ᠪᠤᠯᠳᠤᠷᠤᠤ ᠨᠤᠭᠤᠳ ᠤᠨ ᠳᠦᠷᠰᠦ ᠶᠢ ᠬᠢᠭᠰᠡᠨ ᠬᠠᠢᠷᠴᠠᠭ ᠢ ᠲᠡᠷᠭᠡᠨ ᠳᠡᠭᠡᠷ᠎ᠡ ᠲᠠᠯᠪᠢᠪᠠ᠃ 12 ᠦᠨᠢᠶ᠎ᠡ ᠨᠦᠭᠦᠳ ᠪᠧᠲ ᠱᠧᠮᠧᠱ ᠥᠭᠡᠳᠡ ᠰᠢᠭᠤᠳ ᠵᠦᠭᠯᠡᠵᠦ᠂ ᠶᠡᠬᠡ ᠵᠠᠮ ᠳᠠᠭᠠᠨ ᠮᠥᠭᠡᠷᠡᠭᠰᠡᠭᠡᠷ ᠶᠠᠪᠤᠬᠤ ᠳᠠᠭᠠᠨ ᠪᠠᠷᠠᠭᠤᠨᠰᠢ ᠪᠠᠨ ᠴᠤ᠂ ᠵᠡᠭᠦᠨᠰᠢ ᠪᠠᠨ ᠴᠤ ᠮᠤᠷᠤᠢᠭᠰᠠᠨ ᠦᠭᠡᠢ᠃ ᠹᠢᠯᠢᠰᠲ ᠤᠨ ᠨᠣᠶᠠᠳ ᠠᠷᠤ ᠠᠴᠠ ᠨᠢ ᠳᠠᠭᠠᠵᠤ ᠶᠠᠪᠤᠭᠰᠠᠭᠠᠷ ᠪᠧᠲ ᠱᠧᠮᠧᠱ ᠤᠨ ᠬᠢᠯᠢ ᠬᠢᠵᠠᠭᠠᠷ ᠲᠤ ᠬᠦᠷᠪᠡ᠃
13 ᠪᠧᠲ ᠱᠧᠮᠧᠱ ᠤᠨ ᠬᠥᠮᠦᠰ ᠬᠥᠨᠳᠡᠢ ᠲᠠᠯ᠎ᠠ ᠳᠤ ᠤᠯᠠᠭᠠᠨ ᠪᠤᠭᠤᠳᠠᠢ ᠶᠢᠨ ᠤᠷᠭᠤᠴᠠ ᠪᠠᠨ ᠬᠤᠷᠢᠶᠠᠵᠤ ᠪᠠᠢᠭᠰᠠᠨ ᠢᠶᠠᠨ ᠬᠠᠷᠠᠴᠠ ᠪᠠᠨ ᠡᠷᠭᠦᠨ ᠠᠪᠳᠠᠷ᠎ᠠ ᠶᠢ ᠣᠯᠵᠤ ᠬᠠᠷᠠᠭᠠᠳ ᠪᠠᠶᠠᠷᠯᠠᠨ ᠬᠥᠭᠡᠷᠴᠡᠭᠡᠪᠡ᠃ 14 ᠥᠨᠥᠬᠢ ᠲᠡᠷᠭᠡ ᠪᠧᠲ ᠱᠧᠮᠧᠱ ᠤᠨ ᠬᠥᠮᠦᠨ ᠶᠣᠱᠦ᠋ᠶ᠎ᠠ ᠶᠢᠨ ᠲᠠᠯᠠᠪᠠᠢ ᠳᠤ ᠣᠷᠣᠵᠤ ᠢᠷᠡᠭᠡᠳ ᠵᠣᠭᠰᠣᠪᠠ᠃ ᠲᠡᠨᠳᠡ ᠨᠢᠭᠡᠨ ᠲᠣᠮᠣ ᠴᠢᠯᠠᠭᠤ ᠪᠠᠢᠵᠠᠢ᠃ ᠬᠥᠮᠦᠰ ᠥᠨᠥᠬᠢ ᠲᠡᠷᠭᠡᠨ ᠦ ᠮᠣᠳᠣ ᠶᠢ ᠬᠠᠭᠠᠯᠤᠨ᠂ ᠦᠨᠢᠶ᠎ᠡ ᠨᠦᠭᠦᠳ ᠢᠶᠡᠷ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠯ᠎ᠡ᠃ 15 ᠯᠧᠸᠢᠴᠦᠳ ᠪᠠᠭᠤᠯᠭᠠᠭᠰᠠᠨ ᠶᠣᠬᠣᠸᠠ ᠶᠢᠨ ᠠᠪᠳᠠᠷ᠎ᠠ ᠪᠠ ᠠᠯᠲᠠᠨ ᠡᠳ᠋ᠯᠡᠯ ᠲᠡᠢ ᠬᠠᠢᠷᠴᠠᠭ ᠤᠳ ᠢ ᠲᠣᠮᠣ ᠴᠢᠯᠠᠭᠤᠨ ᠳᠡᠭᠡᠷ᠎ᠡ ᠲᠠᠯᠪᠢᠵᠤ᠂ ᠪᠧᠲ ᠱᠧᠮᠧᠱ ᠤᠨ ᠬᠥᠮᠦᠰ ᠨᠢ ᠲᠡᠷᠡ ᠡᠳᠦᠷ ᠲᠡᠭᠡᠨ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠨ᠂ ᠨᠢᠲᠤᠯᠬᠤ ᠲᠠᠬᠢᠯ ᠲᠠᠯᠪᠢᠪᠠ᠃ 16 ᠹᠢᠯᠢᠰᠲ ᠤᠨ ᠲᠠᠪᠤᠨ ᠨᠣᠶᠠᠨ ᠡᠳᠡᠭᠡᠷ ᠢ ᠦᠵᠡᠭᠡᠳ᠂ ᠲᠡᠷᠡ ᠡᠳᠦᠷ ᠲᠡᠭᠡᠨ ᠡᠺᠷᠣᠨ ᠤᠷᠤᠭᠤ ᠪᠤᠴᠠᠵᠠᠢ᠃
17 ᠡᠢᠨ ᠬᠦ ᠹᠢᠯᠢᠰᠲ᠋ᠴᠦᠳ ᠠᠯᠲᠠᠨ ᠪᠤᠯᠳᠤᠷᠤᠤ ᠨᠤᠭᠤᠳ ᠬᠢᠵᠦ᠂ ᠨᠢᠭᠡ ᠶᠢ ᠨᠢ ᠠᠱᠠᠳᠣᠳ᠋ ᠤᠨ ᠲᠥᠯᠥᠭᠡ᠂ ᠨᠢᠭᠡ ᠶᠢ ᠨᠢ ᠭᠠᠽᠠ ᠶᠢᠨ ᠲᠥᠯᠥᠭᠡ᠂ ᠨᠢᠭᠡ ᠶᠢ ᠨᠢ ᠠᠱᠺᠧᠯᠣᠨ ᠤ ᠲᠥᠯᠥᠭᠡ᠂ ᠨᠢᠭᠡ ᠶᠢ ᠨᠢ ᠭᠠᠲ ᠤᠨ ᠲᠥᠯᠥᠭᠡ᠂ ᠨᠢᠭᠡ ᠶᠢ ᠨᠢ ᠡᠺᠷᠣᠨ ᠤ ᠲᠥᠯᠥᠭᠡ ᠭᠡᠮ ᠦᠨ ᠡᠷᠭᠦᠯ ᠪᠣᠯᠭᠠᠨ ᠶᠣᠬᠣᠸᠠ ᠳᠤ ᠶᠠᠪᠤᠭᠤᠯᠤᠭᠰᠠᠨ ᠪᠠᠢᠵᠠᠢ᠃ 18 ᠬᠠᠮᠲᠤ ᠶᠠᠪᠤᠭᠤᠯᠤᠭᠰᠠᠨ ᠠᠯᠲᠠᠨ ᠬᠤᠯᠤᠭᠠᠨ᠎ᠠ ᠤᠨ ᠲᠣᠭ᠎ᠠ ᠨᠢ ᠲᠠᠪᠤᠨ ᠨᠣᠶᠠᠨ ᠳᠤ ᠬᠠᠷᠢᠶᠠᠯᠠᠭᠳᠠᠳᠠᠭ ᠹᠢᠯᠢᠰᠲ᠋ᠴᠦᠳ ᠦᠨ ᠪᠡᠬᠢᠯᠡᠯᠲᠡᠲᠦ ᠬᠣᠲᠠ ᠠᠴᠠ ᠬᠥᠳᠡᠭᠡ ᠲᠠᠯ᠎ᠠ ᠶᠢᠨ ᠲᠣᠰᠬᠣᠳ ᠬᠦᠷᠲᠡᠯ᠎ᠡ ᠬᠠᠮᠤᠭ ᠬᠣᠲᠠ ᠶᠢᠨ ᠲᠣᠭ᠎ᠠ ᠲᠠᠢ ᠠᠳᠠᠯᠢ ᠪᠠᠢᠯ᠎ᠠ᠃ ᠶᠣᠬᠣᠸᠠ ᠶᠢᠨ ᠠᠪᠳᠠᠷ᠎ᠠ ᠶᠢ ᠳᠡᠭᠡᠷ᠎ᠡ ᠨᠢ ᠲᠠᠯᠪᠢᠭᠰᠠᠨ ᠲᠣᠮᠣ ᠴᠢᠯᠠᠭᠤ ᠥᠨᠥ ᠪᠣᠯᠲᠠᠯ᠎ᠠ ᠪᠧᠲ ᠱᠧᠮᠧᠱ ᠤᠨ ᠬᠥᠮᠦᠨ ᠶᠣᠱᠦ᠋ᠶ᠎ᠠ ᠶᠢᠨ ᠲᠠᠯᠠᠪᠠᠢ ᠳᠤ ᠪᠤᠢ᠃
19 ᠬᠠᠷᠢᠨ ᠶᠣᠬᠣᠸᠠ ᠪᠧᠲ ᠱᠧᠮᠧᠱ ᠤᠨ ᠬᠥᠮᠦᠰ ᠦᠨ ᠳᠤᠮᠳᠠ ᠠᠴᠠ ᠵᠠᠷᠢᠮ ᠢ ᠨᠢ ᠴᠣᠬᠢᠪᠠ᠂ ᠶᠣᠬᠣᠸᠠ ᠶᠢᠨ ᠠᠪᠳᠠᠷ᠎ᠠ ᠶᠢᠨ ᠳᠣᠲᠣᠷᠠᠬᠢ ᠶᠢ ᠬᠠᠷᠠᠭᠰᠠᠨ ᠤᠴᠢᠷ ᠢᠶᠠᠷ ᠶᠣᠬᠣᠸᠠ ᠠᠷᠠᠳ ᠣᠯᠠᠨ ᠤ ᠳᠤᠮᠳᠠ ᠠᠴᠠ ᠳᠠᠯᠠᠨ ᠬᠥᠮᠦᠨ 8 ᠢ ᠴᠣᠬᠢᠪᠠ᠃ ᠶᠣᠬᠣᠸᠠ ᠬᠥᠮᠦᠰ ᠢ ᠦᠢ ᠣᠯᠠᠨ ᠢᠶᠠᠷ ᠬᠢᠳᠤᠭᠰᠠᠨ ᠳᠤ᠂ ᠠᠷᠠᠳ ᠣᠯᠠᠨ ᠡᠮᠬᠡᠨᠢᠨ ᠭᠠᠰᠢᠭᠤᠳᠠᠪᠠ᠃ 20 ᠪᠧᠲ ᠱᠧᠮᠧᠱ ᠤᠨ ᠬᠥᠮᠦᠰ᠄ 《ᠡᠨᠡ ᠠᠷᠢᠭᠤᠨ ᠪᠤᠷᠬᠠᠨ᠂ ᠶᠣᠬᠣᠸᠠ ᠶᠢᠨ ᠡᠮᠦᠨ᠎ᠡ ᠬᠡᠨ ᠵᠣᠭᠰᠣᠵᠤ ᠴᠢᠳᠠᠬᠤ ᠪᠤᠢ︖ ᠲᠡᠷᠡ ᠪᠤᠷᠬᠠᠨ ᠪᠢᠳᠡᠨ ᠡᠴᠡ ᠬᠡᠨ ᠤᠷᠤᠭᠤ ᠣᠴᠢᠬᠤ ᠪᠤᠢ︖》 ᠭᠡᠵᠡᠭᠡᠪᠡ᠃ 21 ᠲᠡᠢᠮᠦ ᠡᠴᠡ ᠲᠡᠳᠡ ᠺᠢᠷᠢᠶᠠᠲ ᠶᠧᠶᠠᠷᠢᠮ ᠤᠨ ᠰᠠᠭᠤᠭᠠᠯᠢᠴᠢᠳ ᠤᠷᠤᠭᠤ ᠡᠯᠴᠢᠳ ᠢ ᠢᠯᠡᠭᠡᠵᠦ᠄ 《ᠹᠢᠯᠢᠰᠲ᠋ᠴᠦᠳ ᠶᠣᠬᠣᠸᠠ ᠶᠢᠨ ᠠᠪᠳᠠᠷ᠎ᠠ ᠶᠢ ᠪᠤᠴᠠᠭᠠᠵᠤ ᠠᠪᠴᠢᠷᠠᠯ᠎ᠠ᠃ ᠲᠠ ᠨᠠᠷ ᠢᠷᠡᠵᠦ᠂ ᠡᠭᠦᠨ ᠢ ᠥᠪᠡᠷ ᠲᠡᠭᠡᠨ ᠠᠪᠤᠭᠲᠤᠨ》 ᠭᠡᠪᠡ᠃