ᠨᠢᠭᠡᠳᠦᠭᠡᠷ ᠰᠠᠮᠦ᠋ᠶᠧᠯ ᠳᠣᠯᠣᠭ᠎ᠠ
1 ᠡᠢᠨ ᠬᠦ ᠺᠢᠷᠢᠶᠠᠲ ᠶᠧᠶᠠᠷᠢᠮ ᠤᠨ ᠬᠥᠮᠦᠰ ᠢᠷᠡᠭᠡᠳ ᠶᠣᠬᠣᠸᠠ ᠶᠢᠨ ᠠᠪᠳᠠᠷ᠎ᠠ ᠶᠢ ᠡᠷᠭᠦᠨ ᠠᠪᠴᠤ᠂ ᠳᠣᠪᠣ ᠳᠡᠭᠡᠷ᠎ᠡ ᠪᠠᠢᠳᠠᠭ ᠠᠪᠢᠨᠠᠳᠠᠪ ᠤᠨ ᠭᠡᠷ ᠲᠦ ᠣᠷᠣᠭᠤᠯᠤᠭᠠᠳ᠂ ᠲᠡᠭᠦᠨ ᠦ ᠬᠦᠦ ᠡᠯᠧᠶᠠᠽᠠᠷ ᠢ ᠠᠷᠢᠭᠤᠰᠬᠠᠨ᠂ ᠶᠣᠬᠣᠸᠠ ᠶᠢᠨ ᠠᠪᠳᠠᠷ᠎ᠠ ᠶᠢ ᠬᠠᠮᠠᠭᠠᠯᠠᠭᠤᠯᠪᠠ᠃
ᠰᠠᠮᠦ᠋ᠶᠧᠯ ᠤᠨ ᠤᠳᠤᠷᠢᠳᠤᠯᠭ᠎ᠠ᠂ ᠢᠰᠷᠧᠯ ᠤᠨ ᠰᠡᠷᠭᠦᠯᠲᠡ
2 ᠠᠪᠳᠠᠷ᠎ᠠ ᠺᠢᠷᠢᠶᠠᠲ ᠶᠧᠶᠠᠷᠢᠮ ᠳᠤ ᠪᠠᠢᠭᠰᠠᠨ ᠡᠳᠦᠷ ᠡᠴᠡ ᠬᠣᠢᠰᠢ ᠤᠳᠠᠭᠠᠨ ᠬᠤᠭᠤᠴᠠᠭ᠎ᠠ ᠥᠩᠭᠡᠷᠡᠵᠦ᠂ ᠬᠣᠷᠢᠨ ᠵᠢᠯ ᠪᠣᠯᠬᠤ ᠳᠤ᠂ ᠢᠰᠷᠧᠯ ᠤᠨ ᠪᠦᠬᠦ ᠭᠡᠷ ᠶᠣᠬᠣᠸᠠ ᠶᠢᠨ ᠠᠷᠤ ᠠᠴᠠ ᠰᠠᠨᠠᠭᠠᠯᠵᠠᠨ ᠤᠬᠢᠯᠠᠯᠳᠤᠯᠠ᠃
3 ᠲᠡᠷᠡ ᠦᠶ᠎ᠡ ᠳᠦ ᠰᠠᠮᠦ᠋ᠶᠧᠯ ᠢᠰᠷᠧᠯ ᠤᠨ ᠪᠦᠬᠦ ᠭᠡᠷ ᠲᠦ ᠬᠠᠨᠳᠤᠨ᠄ 《ᠬᠡᠷᠪᠡ ᠲᠠ ᠨᠠᠷ ᠪᠦᠬᠦ ᠵᠢᠷᠦᠬᠡ ᠪᠡᠷ ᠢᠶᠠᠨ ᠶᠣᠬᠣᠸᠠ ᠳᠤ ᠡᠷᠭᠢᠵᠦ ᠪᠠᠢᠭ᠎ᠠ ᠶᠤᠮ ᠪᠣᠯ᠂ ᠬᠠᠷᠢ ᠶᠢᠨ ᠪᠤᠷᠬᠠᠳ ᠪᠣᠯᠣᠨ ᠠᠱᠲ᠋ᠠᠷᠣᠲ ᠤᠨ ᠰᠢᠲᠦᠭᠡᠨ ᠨᠦᠭᠦᠳ ᠢ ᠬᠠᠶᠠ᠂ ᠵᠢᠷᠦᠬᠡ ᠪᠡᠨ ᠶᠣᠬᠣᠸᠠ ᠳᠤ ᠵᠣᠷᠢᠭᠤᠯᠵᠤ᠂ ᠲᠡᠭᠦᠨ ᠳᠦ ᠯᠠ ᠦᠢᠯᠡᠴᠢᠯᠡ᠃ ᠲᠡᠭᠡᠪᠡᠯ ᠶᠣᠬᠣᠸᠠ ᠲᠠ ᠨᠠᠷ ᠢ ᠹᠢᠯᠢᠰᠲ᠋ᠴᠦᠳ ᠦᠨ ᠰᠠᠪᠠᠷ ᠠᠴᠠ ᠠᠪᠤᠷᠠᠬᠤ ᠪᠣᠯᠣᠨ᠎ᠠ》 ᠭᠡᠰᠡᠨ ᠳᠦ᠂ 4 ᠢᠰᠷᠧᠯᠴᠦᠳ ᠪᠠᠯ ᠪᠣᠯᠣᠨ ᠠᠱᠲ᠋ᠠᠷᠣᠲ ᠤᠨ ᠰᠢᠲᠦᠭᠡᠨ ᠨᠦᠭᠦᠳ ᠢ ᠬᠠᠶᠠᠵᠤ᠂ ᠶᠣᠬᠣᠸᠠ ᠳᠤ ᠯᠠ ᠦᠢᠯᠡᠴᠢᠯᠡᠪᠡ᠃
5 ᠲᠡᠭᠡᠬᠦ ᠳᠦ ᠰᠠᠮᠦ᠋ᠶᠧᠯ᠄ 《ᠪᠦᠬᠦ ᠢᠰᠷᠧᠯ ᠢ ᠮᠢᠽᠫᠧ ᠳᠤ ᠴᠤᠭᠯᠠᠭᠤᠯᠤᠭᠲᠤᠨ︕ ᠪᠢ ᠲᠠ ᠨᠠᠷ ᠤᠨ ᠲᠥᠯᠥᠭᠡ ᠶᠣᠬᠣᠸᠠ ᠳᠤ ᠳᠠᠭᠠᠳᠬᠠᠶ᠎ᠠ》 ᠭᠡᠰᠡᠨ ᠳᠦ᠂ 6 ᠲᠡᠳᠡ ᠮᠢᠽᠫᠧ ᠳᠤ ᠴᠤᠭᠯᠠᠷᠠᠭᠠᠳ᠂ ᠤᠰᠤ ᠲᠠᠲᠠᠵᠤ ᠶᠣᠬᠣᠸᠠ ᠶᠢᠨ ᠡᠮᠦᠨ᠎ᠡ ᠠᠰᠬᠠᠨ᠂ ᠡᠳᠦᠷᠵᠢᠨ ᠢᠶᠠᠨ ᠪᠠᠴᠠᠭ ᠪᠠᠷᠢᠵᠤ᠄ 《ᠪᠢᠳᠡ ᠶᠣᠬᠣᠸᠠ ᠳᠤ ᠨᠢᠭᠦᠯ ᠦᠢᠯᠡᠳᠦᠭᠰᠡᠨ ᠪᠢᠯᠡ》 ᠭᠡᠪᠡ᠃ ᠰᠠᠮᠦ᠋ᠶᠧᠯ ᠮᠢᠽᠫᠧ ᠳᠤ ᠢᠰᠷᠧᠯᠴᠦᠳ ᠢ ᠰᠢᠭᠦᠪᠡ᠃
7 ᠢᠰᠷᠧᠯᠴᠦᠳ ᠦᠨ ᠮᠢᠽᠫᠧ ᠳᠤ ᠴᠤᠭᠯᠠᠷᠠᠭᠰᠠᠨ ᠲᠤᠬᠠᠢ ᠹᠢᠯᠢᠰᠲ᠋ᠴᠦᠳ ᠰᠣᠨᠣᠰᠴᠠᠢ᠃ ᠹᠢᠯᠢᠰᠲ ᠤᠨ ᠨᠣᠶᠠᠳ ᠢᠰᠷᠧᠯ ᠢ ᠳᠣᠪᠲᠣᠯᠬᠤ ᠪᠠᠷ ᠬᠦᠷᠴᠦ ᠢᠷᠡᠪᠡ᠃ ᠢᠰᠷᠧᠯᠴᠦᠳ ᠡᠭᠦᠨ ᠢ ᠰᠣᠨᠣᠰᠣᠭᠠᠳ᠂ ᠹᠢᠯᠢᠰᠲ᠋ᠴᠦᠳ ᠡᠴᠡ ᠠᠶᠤᠵᠠᠢ᠃ 8 ᠢᠰᠷᠧᠯᠴᠦᠳ ᠰᠠᠮᠦ᠋ᠶᠧᠯ ᠳᠤ᠄ 《ᠲᠠ ᠪᠢᠳᠡᠨ ᠦ ᠲᠥᠯᠥᠭᠡ ᠪᠢᠳᠡᠨ ᠦ ᠪᠤᠷᠬᠠᠨ ᠶᠣᠬᠣᠸᠠ ᠠᠴᠠ ᠵᠣᠭᠰᠣᠯᠲᠠ ᠦᠭᠡᠢ ᠭᠤᠶᠤᠭᠠᠷᠠᠢ᠂ ᠲᠡᠷᠡ ᠪᠢᠳᠡᠨ ᠢ ᠹᠢᠯᠢᠰᠲ᠋ᠴᠦᠳ ᠦᠨ ᠰᠠᠪᠠᠷ ᠠᠴᠠ ᠠᠪᠤᠷᠠᠬᠤ ᠪᠣᠯᠣᠨ᠎ᠠ》 ᠭᠡᠰᠡᠨ ᠳᠦ᠂ 9 ᠰᠠᠮᠦ᠋ᠶᠧᠯ ᠨᠢᠭᠡᠨ ᠬᠥᠬᠥᠭᠦᠯ ᠬᠤᠷᠠᠭ᠎ᠠ ᠠᠪᠴᠤ᠂ ᠪᠦᠬᠦᠯᠢ ᠪᠠᠷ ᠨᠢ ᠰᠢᠲᠠᠭᠠᠯᠭᠠᠲᠤ ᠲᠠᠬᠢᠯ ᠪᠣᠯᠭᠠᠨ ᠶᠣᠬᠣᠸᠠ ᠳᠤ ᠡᠷᠭᠦᠪᠡ᠃ ᠰᠠᠮᠦ᠋ᠶᠧᠯ ᠢᠰᠷᠧᠯ ᠤᠨ ᠲᠥᠯᠥᠭᠡ ᠶᠣᠬᠣᠸᠠ ᠤᠷᠤᠭᠤ ᠬᠠᠰᠬᠢᠷᠤᠨ ᠭᠤᠶᠤᠬᠤ ᠳᠤ᠂ ᠶᠣᠬᠣᠸᠠ ᠲᠡᠭᠦᠨ ᠳᠦ ᠬᠠᠷᠢᠭᠤᠯᠪᠠ᠃ 10 ᠰᠠᠮᠦ᠋ᠶᠧᠯ ᠰᠢᠲᠠᠭᠠᠯᠭᠠᠲᠤ ᠲᠠᠬᠢᠯ ᠡᠷᠭᠦᠵᠦ ᠪᠠᠢᠬᠤ ᠳᠤ᠂ ᠹᠢᠯᠢᠰᠲ᠋ᠴᠦᠳ ᠢᠰᠷᠧᠯ ᠲᠠᠢ ᠲᠤᠯᠤᠯᠳᠤᠬᠤ ᠪᠠᠷ ᠣᠢᠷᠠᠲᠤᠵᠤ ᠢᠷᠡᠪᠡ᠃ ᠬᠠᠷᠢᠨ ᠶᠣᠬᠣᠸᠠ ᠲᠡᠷᠡ ᠡᠳᠦᠷ ᠹᠢᠯᠢᠰᠲ᠋ᠴᠦᠳ ᠦᠨ ᠳᠡᠭᠡᠷ᠎ᠡ ᠠᠶᠤᠩ᠋ᠭ᠎ᠠ ᠶᠢᠨ ᠬᠦᠴᠦᠲᠦ ᠳᠠᠭᠤ ᠭᠠᠷᠭᠠᠵᠤ ᠲᠡᠳᠡᠨ ᠢ ᠰᠠᠮᠭᠠᠷᠳᠠᠭᠤᠯᠤᠭᠰᠠᠨ ᠳᠤ᠂ ᠲᠡᠳᠡ ᠢᠰᠷᠧᠯ ᠤᠨ ᠡᠮᠦᠨ᠎ᠡ ᠴᠣᠬᠢᠭᠳᠠᠪᠠ᠃ 11 ᠢᠰᠷᠧᠯ ᠤᠨ ᠡᠷᠡᠴᠦᠳ ᠮᠢᠽᠫᠧ ᠡᠴᠡ ᠭᠠᠷᠴᠤ᠂ ᠪᠧᠲ ᠺᠠᠷ ᠤᠨ ᠪᠡᠯ ᠬᠦᠷᠲᠡᠯ᠎ᠡ ᠮᠥᠰᠬᠢᠨ ᠬᠥᠭᠡᠭᠡᠵᠦ ᠹᠢᠯᠢᠰᠲ᠋ᠴᠦᠳ ᠢ ᠴᠣᠬᠢᠪᠠ᠃
12 ᠲᠡᠭᠡᠭᠡᠳ ᠰᠠᠮᠦ᠋ᠶᠧᠯ ᠨᠢᠭᠡ ᠴᠢᠯᠠᠭᠤ ᠠᠪᠴᠤ᠂ ᠮᠢᠽᠫᠧ ᠱᠧᠨ ᠬᠣᠶᠠᠷ ᠤᠨ ᠬᠣᠭᠣᠷᠣᠨᠳᠣ ᠲᠠᠯᠪᠢᠭᠠᠳ᠄ 《ᠶᠣᠬᠣᠸᠠ ᠪᠢᠳᠡᠨ ᠳᠦ ᠡᠨᠡ ᠭᠠᠵᠠᠷ ᠬᠦᠷᠲᠡᠯ᠎ᠡ ᠲᠤᠰᠠᠯᠠᠵᠠᠢ》 ᠭᠡᠳ ᠲᠡᠷᠡ ᠴᠢᠯᠠᠭᠤ ᠶᠢ ᠡᠪᠧᠨᠧᠽᠧᠷ ᠭᠡᠵᠦ ᠨᠡᠷᠡᠯᠡᠪᠡ᠃ 13 ᠡᠢᠨ ᠬᠦ ᠹᠢᠯᠢᠰᠲ᠋ᠴᠦᠳ ᠢᠯᠠᠭᠳᠠᠵᠤ᠂ ᠢᠰᠷᠧᠯ ᠤᠨ ᠨᠤᠲᠤᠭ ᠳᠡᠪᠢᠰᠬᠡᠷ ᠲᠦ ᠳᠠᠬᠢᠨ ᠣᠷᠣᠵᠤ ᠢᠷᠡᠭᠰᠡᠨ ᠦᠭᠡᠢ᠃ ᠰᠠᠮᠦ᠋ᠶᠧᠯ ᠤᠨ ᠪᠦᠬᠦ ᠡᠳᠦᠷ ᠤᠳ ᠲᠤ ᠶᠣᠬᠣᠸᠠ ᠶᠢᠨ ᠮᠤᠲᠤᠷ ᠹᠢᠯᠢᠰᠲ᠋ᠴᠦᠳ ᠦᠨ ᠡᠰᠡᠷᠭᠦ ᠪᠠᠢᠪᠠ᠃ 14 ᠹᠢᠯᠢᠰᠲ᠋ᠴᠦᠳ ᠲᠦ ᠪᠤᠯᠢᠶᠠᠭᠳᠠᠭᠰᠠᠨ ᠡᠺᠷᠣᠨ ᠠᠴᠠ ᠭᠠᠲ ᠬᠦᠷᠲᠡᠯᠡᠬᠢ ᠬᠣᠲᠠ ᠨᠤᠭᠤᠳ ᠢ ᠢᠰᠷᠧᠯ ᠡᠷᠭᠢᠭᠦᠯᠦᠨ ᠠᠪᠴᠤ᠂ ᠪᠤᠰᠤᠳ ᠨᠤᠲᠤᠭ ᠳᠡᠪᠢᠰᠬᠡᠷ ᠢᠶᠡᠨ ᠴᠤ ᠹᠢᠯᠢᠰᠲ᠋ᠴᠦᠳ ᠦᠨ ᠭᠠᠷ ᠠᠴᠠ ᠠᠪᠤᠭᠰᠠᠨ ᠪᠥᠭᠡᠳ ᠢᠰᠷᠧᠯ ᠪᠣᠯᠣᠨ ᠠᠮᠣᠷᠢᠴᠤᠳ ᠤᠨ ᠬᠣᠭᠣᠷᠣᠨᠳᠣ ᠴᠤ ᠡᠩᠬᠡ ᠲᠠᠢᠪᠤᠩ ᠣᠷᠣᠰᠢᠪᠠ᠃
15 ᠰᠠᠮᠦ᠋ᠶᠧᠯ ᠢᠰᠷᠧᠯ ᠢ ᠨᠠᠰᠤᠨ ᠲᠤᠷᠰᠢ ᠰᠢᠭᠦᠪᠡ᠃ 16 ᠲᠡᠷᠡ ᠪᠡᠷ ᠵᠢᠯ ᠪᠦᠷᠢ ᠪᠧᠲ᠋ᠧᠯ᠂ ᠭᠢᠯᠭᠠᠯ᠂ ᠮᠢᠽᠫᠧ ᠪᠠᠷ ᠲᠣᠭᠣᠷᠢᠨ ᠶᠠᠪᠤᠵᠤ᠂ ᠡᠨᠡ ᠪᠦᠬᠦ ᠭᠠᠵᠠᠷ ᠢᠶᠠᠷ ᠢᠰᠷᠧᠯ ᠢ ᠰᠢᠭᠦᠭᠰᠡᠨ ᠦ ᠳᠠᠷᠠᠭ᠎ᠠ᠂ 17 ᠷᠠᠮᠠ ᠳᠤ ᠪᠤᠴᠠᠳᠠᠭ ᠪᠠᠢᠵᠠᠢ᠃ ᠲᠡᠭᠦᠨ ᠦ ᠭᠡᠷ ᠲᠡᠨᠳᠡ ᠪᠠᠢᠭᠰᠠᠨ ᠪᠥᠭᠡᠳ ᠲᠡᠨᠳᠡ ᠴᠤ ᠲᠡᠷᠡ ᠢᠰᠷᠧᠯ ᠢ ᠰᠢᠭᠦᠳᠡᠭ ᠪᠠᠢᠪᠠ᠃ ᠰᠠᠮᠦ᠋ᠶᠧᠯ ᠲᠡᠨᠳᠡ ᠶᠣᠬᠣᠸᠠ ᠳᠤ ᠲᠠᠬᠢᠯ ᠤᠨ ᠰᠢᠷᠡᠭᠡ ᠪᠣᠰᠬᠠᠪᠠ᠃