ᠨᠢᠭᠡᠳᠦᠭᠡᠷ ᠰᠠᠮᠦ᠋ᠶᠧᠯ ᠠᠷᠪᠠ
1 ᠰᠠᠮᠦ᠋ᠶᠧᠯ ᠰᠠᠪᠠ ᠲᠠᠢ ᠲᠣᠰᠣ ᠠᠪᠴᠤ᠂ ᠰᠠᠦ᠋ᠯ ᠤᠨ ᠲᠣᠯᠣᠭᠠᠢ ᠳᠡᠭᠡᠷ᠎ᠡ ᠴᠢᠳᠬᠤᠨ᠂ ᠲᠡᠭᠦᠨ ᠢ ᠦᠨᠦᠰᠦᠭᠡᠳ᠄ 《ᠶᠣᠬᠣᠸᠠ ᠥᠪᠡᠷ ᠦᠨ ᠠᠷᠠᠳ ᠲᠦᠮᠡᠨ ᠦ ᠵᠠᠬᠢᠷᠤᠭᠴᠢ ᠪᠣᠯᠭᠠᠬᠤ ᠭᠡᠵᠦ ᠴᠢᠮᠠᠶᠢ ᠲᠣᠰᠣᠯᠠᠭᠰᠠᠨ ᠪᠤᠰᠤ ᠤᠤ︖ 2 ᠴᠢ ᠥᠨᠥᠳᠥᠷ ᠨᠠᠳᠠ ᠠᠴᠠ ᠰᠠᠯᠵᠤ ᠶᠠᠪᠤᠭᠠᠳ ᠪᠢᠨᠶᠠᠮᠢᠨ ᠤ ᠨᠤᠲᠤᠭ ᠤᠨ ᠵᠠᠬ᠎ᠠ ᠳᠠᠬᠢ ᠽᠧᠯᠽᠠ ᠳᠤ ᠪᠠᠢᠬ᠎ᠠ ᠷᠠᠾᠢᠯ ᠤᠨ ᠪᠤᠯᠠᠰᠢᠨ ᠤ ᠳᠡᠷᠭᠡᠳᠡ ᠬᠣᠶᠠᠷ ᠬᠥᠮᠦᠨ ᠲᠡᠢ ᠲᠠᠭᠠᠷᠠᠯᠳᠤᠨ᠎ᠠ᠃ ᠲᠡᠳᠡ ᠴᠢᠮ᠎ᠠ ᠳᠤ᠄ 〈ᠴᠢᠨᠦ ᠬᠠᠢᠵᠤ ᠪᠠᠢᠭ᠎ᠠ ᠡᠯᠵᠢᠭᠡ ᠨᠦᠭᠦᠳ ᠢ ᠣᠯᠣᠭᠰᠠᠨ᠃ ᠬᠠᠷ᠎ᠠ᠂ ᠴᠢᠨᠦ ᠡᠴᠢᠭᠡ ᠡᠯᠵᠢᠭᠡ ᠨᠦᠭᠦᠳ ᠢ ᠪᠣᠳᠣᠬᠤ ᠪᠠᠨ ᠪᠣᠯᠢᠵᠤ ᠬᠦᠦ ᠮᠢᠨᠢ ᠶᠠᠭᠠᠬᠢᠪᠠ︖ ᠭᠡᠵᠦ ᠥᠭᠦᠯᠡᠨ ᠲᠠ ᠨᠠᠷ ᠤᠨ ᠠᠷᠤ ᠠᠴᠠ ᠰᠠᠨᠠᠭ᠎ᠠ ᠵᠣᠪᠠᠵᠤ ᠪᠠᠢᠨ᠎ᠠ〉 ᠭᠡᠵᠦ ᠬᠡᠯᠡᠬᠦ ᠪᠣᠯᠣᠨ᠎ᠠ᠃ 3 ᠴᠢ ᠲᠡᠨᠳᠡ ᠡᠴᠡ ᠴᠢᠨᠠᠭᠰᠢ ᠶᠠᠪᠤᠵᠤ᠂ ᠲᠠᠪᠣᠷ ᠤᠨ ᠴᠠᠷᠠᠰᠤᠨ ᠮᠣᠳᠣ ᠬᠦᠷᠴᠦ᠂ ᠲᠡᠨᠳᠡ ᠪᠧᠲ᠋ᠧᠯ ᠤᠷᠤᠭᠤ ᠪᠤᠷᠬᠠᠨ ᠳᠤ ᠮᠥᠷᠭᠥᠬᠦ ᠪᠡᠷ ᠶᠠᠪᠤᠭ᠎ᠠ ᠭᠤᠷᠪᠠᠨ ᠬᠥᠮᠦᠨ ᠲᠡᠢ ᠲᠠᠭᠠᠷᠠᠯᠳᠤᠨ᠎ᠠ᠃ ᠨᠢᠭᠡ ᠨᠢ ᠭᠤᠷᠪᠠᠨ ᠢᠰᠢᠭᠡ᠂ ᠨᠥᠭᠥᠭᠡ ᠨᠢ ᠭᠤᠷᠪᠠᠨ ᠪᠣᠣᠪᠣ᠂ ᠪᠠᠰᠠ ᠨᠢᠭᠡ ᠨᠢ ᠨᠢᠭᠡ ᠲᠤᠯᠤᠮ ᠳᠠᠷᠠᠰᠤ ᠠᠪᠴᠤ ᠶᠠᠪᠤᠨ᠎ᠠ᠃ 4 ᠲᠡᠳᠡ ᠮᠡᠨᠳᠦ ᠶᠢ ᠴᠢᠨᠢ ᠠᠰᠠᠭᠤᠵᠤ᠂ ᠴᠢᠮ᠎ᠠ ᠳᠤ ᠬᠣᠶᠠᠷ ᠪᠣᠣᠪᠣ ᠥᠭᠬᠦ ᠳᠦ᠂ ᠴᠢ ᠭᠠᠷ ᠠᠴᠠ ᠨᠢ ᠪᠣᠣᠪᠣ ᠶᠢ ᠠᠪ᠃ 5 ᠳᠠᠷᠠᠭ᠎ᠠ ᠨᠢ ᠹᠢᠯᠢᠰᠲ ᠤᠨ ᠬᠠᠷᠠᠭᠤᠯ ᠲᠠᠢ ᠪᠤᠷᠬᠠᠨ ᠤ ᠳᠣᠪᠣᠴᠠᠭ ᠲᠤ ᠴᠢ ᠬᠦᠷᠴᠦ ᠣᠴᠢᠨ᠎ᠠ᠃ ᠴᠢ ᠬᠣᠲᠠ ᠳᠤ ᠣᠷᠣᠬᠤ ᠳᠠᠭᠠᠨ ᠮᠥᠷᠭᠥᠯ ᠦᠨ ᠥᠨᠳᠥᠷᠯᠢᠭ ᠡᠴᠡ ᠪᠠᠭᠤᠵᠤ ᠪᠠᠢᠭ᠎ᠠ ᠬᠡᠰᠡᠭ ᠡᠰᠢ ᠦᠵᠡᠭᠦᠯᠦᠭᠴᠢᠳ ᠲᠠᠢ ᠲᠠᠭᠠᠷᠠᠯᠳᠤᠨ᠎ᠠ᠃ ᠲᠡᠳᠡᠨ ᠦ ᠲᠦᠷᠦᠭᠦᠨ ᠳᠦ ᠬᠤᠭᠤᠷ᠂ ᠬᠡᠩᠭᠡᠷᠭᠡ᠂ ᠪᠢᠰᠬᠢᠭᠦᠷ᠂ ᠶᠠᠲᠤᠭ᠎ᠠ ᠬᠥᠭᠵᠢᠮ ᠳᠤᠤᠭᠠᠷᠬᠤ ᠪᠥᠭᠡᠳ ᠲᠡᠳᠡ ᠡᠰᠢ ᠦᠵᠡᠭᠦᠯᠵᠡᠭᠡᠵᠦ ᠪᠠᠢᠲᠠᠯ᠎ᠠ 6 ᠶᠣᠬᠣᠸᠠ ᠶᠢᠨ ᠰᠦᠨᠡᠰᠦ ᠴᠢᠨᠦ ᠳᠡᠭᠡᠷ᠎ᠡ ᠬᠦᠴᠦᠲᠡᠢ ᠪᠠᠭᠤᠵᠤ᠂ ᠴᠢ ᠲᠡᠳᠡᠨ ᠲᠡᠢ ᠬᠠᠮᠲᠤ ᠡᠰᠢ ᠦᠵᠡᠭᠦᠯᠦᠨ᠂ ᠥᠭᠡᠷᠡᠴᠢᠯᠡᠭᠳᠡᠵᠦ᠂ ᠰᠢᠨ᠎ᠡ ᠬᠥᠮᠦᠨ ᠪᠣᠯᠣᠨ᠎ᠠ᠃ 7 ᠡᠳᠡᠭᠡᠷ ᠲᠡᠮᠳᠡᠭ ᠤᠳ ᠲᠣᠬᠢᠶᠠᠯᠳᠤᠬᠤ ᠳᠤ ᠠᠶ᠎ᠠ ᠪᠠᠷ ᠢᠶᠠᠨ ᠬᠢ᠂ ᠤᠴᠢᠷ ᠨᠢ ᠪᠤᠷᠬᠠᠨ ᠴᠢᠮ᠎ᠠ ᠲᠠᠢ ᠬᠠᠮᠲᠤ ᠪᠠᠢᠬᠤ ᠪᠣᠯᠣᠨ᠎ᠠ᠃ 8 ᠴᠢ ᠨᠠᠳᠠ ᠠᠴᠠ ᠲᠦᠷᠦᠭᠦᠯᠡᠵᠦ ᠭᠢᠯᠭᠠᠯ ᠤᠷᠤᠭᠤ ᠣᠴᠢ᠃ ᠪᠢ ᠴᠤ ᠴᠢᠨᠦ ᠠᠷᠤ ᠠᠴᠠ ᠣᠴᠢᠵᠤ ᠰᠢᠲᠠᠭᠠᠯᠭᠠᠲᠤ ᠲᠠᠬᠢᠯ ᠤᠳ ᠪᠣᠯᠣᠨ ᠡᠪ ᠦᠨ ᠲᠠᠬᠢᠯ ᠤᠳ ᠢ ᠡᠷᠭᠦᠨ᠎ᠡ᠂ ᠪᠢ ᠣᠴᠢᠲᠠᠯ᠎ᠠ ᠴᠢ ᠲᠡᠨᠳᠡ ᠪᠡᠨ ᠳᠣᠯᠣᠭᠠᠨ ᠬᠣᠨᠣᠭ ᠬᠦᠯᠢᠶᠡ᠃ ᠪᠢ ᠴᠢᠨᠦ ᠬᠢᠬᠦ ᠪᠦᠬᠦᠨ ᠢ ᠵᠢᠭᠠᠵᠤ ᠥᠭᠭᠥᠨ᠎ᠡ》 ᠭᠡᠵᠦ ᠬᠡᠯᠡᠵᠡᠢ᠃
9 ᠰᠠᠦ᠋ᠯ ᠰᠠᠮᠦ᠋ᠶᠧᠯ ᠡᠴᠡ ᠰᠠᠯᠵᠤ ᠶᠠᠪᠤᠬᠤ ᠪᠠᠷ ᠡᠷᠭᠢᠬᠦ ᠦᠶ᠎ᠡ ᠳᠦ᠂ ᠪᠤᠷᠬᠠᠨ ᠰᠠᠦ᠋ᠯ ᠤᠨ ᠵᠢᠷᠦᠬᠡ ᠶᠢ ᠰᠢᠨᠡᠴᠢᠯᠡᠭᠰᠡᠨ ᠪᠥᠭᠡᠳ ᠲᠡᠮᠳᠡᠭ ᠤᠳ ᠪᠦᠭᠦᠳᠡᠭᠡᠷ ᠢᠶᠡᠨ ᠲᠡᠷᠡ ᠡᠳᠦᠷ ᠲᠡᠭᠡᠨ ᠪᠡᠶᠡᠯᠡᠭᠳᠡᠵᠡᠢ᠃ 10 ᠥᠨᠥᠬᠢ ᠳᠣᠪᠣᠴᠠᠭ ᠲᠤ ᠬᠦᠷᠲᠡᠯ᠎ᠡ ᠬᠡᠰᠡᠭ ᠡᠰᠢ ᠦᠵᠡᠭᠦᠯᠦᠭᠴᠢᠳ ᠲᠡᠭᠦᠨ ᠲᠡᠢ ᠲᠠᠭᠠᠷᠠᠯᠳᠤᠵᠤ᠂ ᠪᠤᠷᠬᠠᠨ ᠤ ᠰᠦᠨᠡᠰᠦ ᠰᠠᠦ᠋ᠯ ᠤᠨ ᠳᠡᠭᠡᠷ᠎ᠡ ᠬᠦᠴᠦᠲᠡᠢ ᠪᠠᠭᠤᠭᠰᠠᠨ ᠳᠤ᠂ ᠲᠡᠷᠡ ᠴᠤ ᠲᠡᠳᠡᠨ ᠦ ᠳᠤᠮᠳᠠ ᠡᠰᠢ ᠦᠵᠡᠭᠦᠯᠪᠡ᠃ 11 ᠢᠩᠭᠢᠭᠡᠳ ᠤᠷᠢᠳᠤ ᠨᠢ ᠰᠠᠦ᠋ᠯ ᠢ ᠲᠠᠨᠢᠳᠠᠭ ᠪᠦᠬᠦ ᠬᠥᠮᠦᠨ ᠡᠰᠢ ᠦᠵᠡᠭᠦᠯᠦᠭᠴᠢᠳ ᠲᠠᠢ ᠬᠠᠮᠲᠤ ᠡᠰᠢ ᠦᠵᠡᠭᠦᠯᠵᠦ ᠪᠠᠢᠬᠤ ᠶᠢ ᠨᠢ ᠬᠠᠷᠠᠭᠠᠳ᠄ 《ᠺᠢᠱ ᠤᠨ ᠬᠥᠪᠡᠭᠦᠨ ᠶᠠᠭᠤ ᠪᠣᠯᠪᠠ︖ ᠰᠠᠦ᠋ᠯ ᠪᠠᠰᠠ ᠡᠰᠢ ᠦᠵᠡᠭᠦᠯᠦᠭᠴᠢᠳ ᠤᠨ ᠳᠤᠮᠳᠠ ᠪᠠᠢᠨ᠎ᠠ ᠤᠤ︖》 ᠭᠡᠵᠦ ᠥᠪᠡᠷ ᠬᠣᠭᠣᠷᠣᠨᠳᠣ ᠪᠠᠨ ᠶᠠᠷᠢᠯᠴᠠᠬᠤ ᠳᠤ᠂ 12 ᠲᠡᠨᠳᠡ ᠪᠠᠢᠭᠰᠠᠨ ᠨᠢᠭᠡ ᠬᠥᠮᠦᠨ ᠬᠠᠷᠢᠭᠤ ᠳᠤᠨᠢ᠄ 《ᠡᠳᠡᠨ ᠦ ᠡᠴᠢᠭᠡ ᠨᠢ ᠬᠡᠨ ᠪᠤᠢ︖》 ᠭᠡᠪᠡ᠃ ᠲᠡᠢᠮᠦ ᠡᠴᠡ᠄ 《ᠰᠠᠦ᠋ᠯ ᠪᠠᠰᠠ ᠡᠰᠢ ᠦᠵᠡᠭᠦᠯᠦᠭᠴᠢᠳ ᠤᠨ ᠳᠤᠮᠳᠠ ᠪᠠᠢᠨ᠎ᠠ ᠭᠡᠵᠢ ᠤᠤ︖》 ᠭᠡᠳᠡᠭ ᠵᠦᠢᠷ ᠦᠭᠡ ᠭᠠᠷᠴᠠᠢ᠃ 13 ᠰᠠᠦ᠋ᠯ ᠡᠰᠢ ᠦᠵᠡᠭᠦᠯᠵᠦ ᠳᠠᠭᠤᠰᠤᠭᠠᠳ᠂ ᠮᠥᠷᠭᠥᠯ ᠦᠨ ᠥᠨᠳᠥᠷᠯᠢᠭ ᠥᠭᠡᠳᠡ ᠣᠴᠢᠪᠠ᠃
14 《ᠲᠠ ᠨᠠᠷ ᠬᠠᠮᠢᠭᠠᠰᠢ ᠪᠠᠨ ᠶᠠᠪᠤᠴᠢᠬᠠᠪᠠ︖》 ᠭᠡᠵᠦ ᠠᠪᠠᠭ᠎ᠠ ᠨᠢ ᠰᠠᠦ᠋ᠯ ᠪᠣᠯᠣᠨ ᠲᠡᠭᠦᠨ ᠦ ᠵᠠᠷᠤᠴᠠ ᠠᠴᠠ ᠠᠰᠠᠭᠤᠬᠤ ᠳᠤ᠂ ᠰᠠᠦ᠋ᠯ᠄ 《ᠡᠮ᠎ᠡ ᠡᠯᠵᠢᠭᠡ ᠨᠦᠭᠦᠳ ᠢᠶᠡᠨ ᠬᠠᠢᠭᠠᠳ᠁ ᠪᠠᠢᠬᠤ ᠦᠭᠡᠢ ᠶᠢ ᠨᠢ ᠬᠠᠷᠠᠭᠠᠳ ᠰᠠᠮᠦ᠋ᠶᠧᠯ ᠳᠡᠭᠡᠷ᠎ᠡ ᠣᠴᠢᠭᠠᠳ ᠢᠷᠡᠯ᠎ᠡ》 ᠭᠡᠵᠦ ᠬᠡᠯᠡᠪᠡ᠃ 15 ᠰᠠᠦ᠋ᠯ ᠤᠨ ᠠᠪᠠᠭ᠎ᠠ ᠨᠢ᠄ 《ᠰᠠᠮᠦ᠋ᠶᠧᠯ ᠲᠠ ᠨᠠᠷ ᠲᠤ ᠶᠠᠭᠤ ᠬᠡᠯᠡᠭᠰᠡᠨ ᠢ ᠶᠠᠷᠢᠭᠠᠴᠢ》 ᠭᠡᠬᠦ ᠳᠦ᠂ 16 ᠰᠠᠦ᠋ᠯ ᠠᠪᠠᠭ᠎ᠠ ᠳᠠᠭᠠᠨ᠄ 《ᠡᠮ᠎ᠡ ᠡᠯᠵᠢᠭᠡ ᠨᠦᠭᠦᠳ ᠴᠢᠨᠢ ᠣᠯᠳᠠᠭᠰᠠᠨ ᠭᠡᠵᠦ ᠲᠣᠳᠣᠷᠬᠠᠢ ᠬᠡᠯᠡᠵᠦ ᠥᠭᠭᠥᠯ᠎ᠡ》 ᠭᠡᠪᠡ᠃ ᠬᠠᠷᠢᠨ ᠰᠠᠦ᠋ᠯ ᠥᠪᠡᠷ ᠦᠨ ᠬᠢᠨᠢ ᠬᠠᠭᠠᠨ ᠪᠣᠯᠬᠤ 9 ᠲᠤᠬᠠᠢ ᠰᠠᠮᠦ᠋ᠶᠧᠯ ᠤᠨ ᠬᠡᠯᠡᠭᠰᠡᠨ ᠦᠭᠡ ᠶᠢ ᠳᠤᠭᠤᠯᠭᠠᠭᠰᠠᠨ ᠦᠭᠡᠢ᠃
17 ᠰᠠᠮᠦ᠋ᠶᠧᠯ ᠠᠷᠠᠳ ᠣᠯᠠᠨ ᠢ ᠮᠢᠽᠫᠠ ᠳᠤ ᠳᠠᠭᠤᠳᠠᠨ ᠶᠣᠬᠣᠸᠠ ᠶᠢᠨ ᠡᠮᠦᠨ᠎ᠡ ᠴᠤᠭᠯᠠᠭᠤᠯᠵᠤ᠂ 18 ᠢᠰᠷᠧᠯᠴᠦᠳ ᠲᠦ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠢ ᠶᠧᠵᠢᠫᠲ ᠡᠴᠡ ᠭᠠᠷᠭᠠᠭᠰᠠᠨ ᠨᠢ ᠪᠢ ᠪᠢᠯᠡ᠃ ᠪᠢ ᠲᠠ ᠨᠠᠷ ᠢ ᠶᠧᠵᠢᠫᠲ᠋ᠴᠦᠳ ᠦᠨ ᠭᠠᠷ ᠠᠴᠠ ᠠᠪᠴᠤ᠂ ᠲᠠ ᠨᠠᠷ ᠢ ᠳᠠᠷᠤᠯᠠᠭᠴᠢ ᠠᠯᠢᠪᠠ ᠬᠠᠭᠠᠨᠲᠤ ᠤᠯᠤᠰ ᠤᠨ ᠭᠠᠷ ᠠᠴᠠ ᠭᠡᠲᠦᠯᠭᠡᠭᠰᠡᠨ ᠶᠤᠮ〉 ᠭᠡᠪᠡ᠃ 19 ᠭᠡᠪᠡᠴᠦ ᠲᠠ ᠨᠠᠷ ᠥᠨᠥᠳᠥᠷ ᠲᠠ ᠨᠠᠷ ᠢ ᠪᠦᠬᠦᠢᠯᠡ ᠭᠠᠢ ᠭᠠᠮᠰᠢᠭ᠂ ᠵᠣᠪᠠᠯᠠᠩ ᠠᠴᠠ ᠠᠪᠤᠷᠠᠭᠰᠠᠨ ᠪᠤᠷᠬᠠᠨ ᠢᠶᠠᠨ ᠣᠭᠣᠷᠴᠤ᠄ 〈ᠪᠢᠳᠡᠨ ᠦ ᠳᠡᠭᠡᠷ᠎ᠡ ᠬᠠᠭᠠᠨ ᠲᠠᠯᠪᠢᠭᠠᠴᠢ︕〉 ᠭᠡᠵᠡᠭᠡᠭᠰᠡᠨ᠃ ᠶᠠᠭᠠᠬᠢᠶ᠎ᠠ ᠭᠡᠬᠦ ᠪᠤᠢ᠂ ᠲᠠ ᠨᠠᠷ ᠣᠳᠣ ᠣᠪᠣᠭ ᠪᠣᠯᠣᠨ ᠡᠷᠦᠬᠡ ᠡᠷᠦᠬᠡ ᠪᠡᠷ ᠢᠶᠠᠨ ᠪᠤᠷᠬᠠᠨ ᠤ ᠡᠮᠦᠨ᠎ᠡ ᠢᠷᠡᠭᠡᠳ ᠵᠣᠭᠰᠣᠭᠲᠤᠨ》 ᠭᠡᠵᠦ ᠬᠡᠯᠡᠪᠡ᠃
20 ᠡᠢᠨ ᠬᠦ ᠰᠠᠮᠦ᠋ᠶᠧᠯ ᠢᠰᠷᠧᠯ ᠤᠨ ᠣᠪᠣᠭ ᠪᠦᠷᠢ ᠶᠢ ᠨᠠᠭᠠᠰᠢᠯᠠᠭᠤᠯᠬᠤ ᠳᠤ᠂ ᠪᠢᠨᠶᠠᠮᠢᠨ ᠤ ᠣᠪᠣᠭ ᠰᠢᠪᠠᠭ᠎ᠠ ᠪᠠᠷ ᠲᠣᠨᠣᠪᠠ᠃ 21 ᠲᠡᠷᠡ ᠪᠢᠨᠶᠠᠮᠢᠨ ᠤ ᠣᠪᠣᠭ ᠢ ᠭᠡᠷ ᠪᠦᠯᠢ ᠪᠠᠷ ᠨᠢ ᠨᠠᠭᠠᠰᠢᠯᠠᠭᠤᠯᠤᠭᠰᠠᠨ ᠳᠤ᠂ ᠮᠠᠲ᠋ᠠᠷ ᠤᠨ ᠭᠡᠷ ᠪᠦᠯᠢ ᠲᠣᠨᠣᠭᠰᠠᠨ ᠪᠥᠭᠡᠳ ᠡᠴᠦᠰ ᠲᠤᠨᠢ ᠺᠢᠱ ᠤᠨ ᠬᠥᠪᠡᠭᠦᠨ ᠰᠠᠦ᠋ᠯ ᠲᠣᠨᠣᠪᠠ᠃ ᠬᠠᠷᠢᠨ ᠲᠡᠳᠡ ᠰᠠᠦ᠋ᠯ ᠢ ᠡᠷᠢᠵᠦ ᠬᠠᠢᠭᠰᠠᠨ ᠪᠣᠯᠪᠠᠴᠤ ᠣᠯᠣᠭᠰᠠᠨ ᠦᠭᠡᠢ᠃ 22 ᠲᠡᠢᠮᠦ ᠡᠴᠡ ᠲᠡᠳᠡ ᠶᠣᠬᠣᠸᠠ ᠠᠴᠠ᠄ 《ᠲᠡᠷᠡ ᠬᠥᠮᠦᠨ ᠡ᠊ᠨᠳᠡ ᠢᠷᠡᠭᠰᠡᠨ ᠤᠤ︖》 ᠭᠡᠵᠦ ᠯᠠᠪᠯᠠᠨ ᠠᠰᠠᠭᠤᠭᠰᠠᠨ ᠳᠤ᠂ ᠶᠣᠬᠣᠸᠠ᠄ 《ᠲᠡᠷᠡ ᠠᠴᠢᠶ᠎ᠠ ᠨᠤᠭᠤᠳ ᠤᠨ ᠳᠤᠮᠳᠠ ᠨᠢᠭᠤᠭᠳᠠᠵᠤ ᠪᠠᠢᠨ᠎ᠠ》 ᠭᠡᠪᠡ᠃ 23 ᠬᠥᠮᠦᠰ ᠭᠦᠶᠦᠨ ᠣᠴᠢᠵᠤ᠂ ᠲᠡᠭᠦᠨ ᠢ ᠲᠡᠨᠳᠡ ᠡᠴᠡ ᠠᠪᠴᠢᠷᠠᠪᠠ᠃ ᠰᠠᠦ᠋ᠯ ᠠᠷᠠᠳ ᠣᠯᠠᠨ ᠤ ᠳᠤᠮᠳᠠ ᠵᠣᠭᠰᠣᠬᠤ ᠳᠤ᠂ ᠪᠦᠬᠦ ᠬᠥᠮᠦᠨ ᠡᠴᠡ ᠲᠣᠯᠣᠭᠠᠢ ᠢᠯᠡᠭᠦᠦ ᠥᠨᠳᠥᠷ ᠪᠠᠢᠪᠠ᠃ 24 ᠰᠠᠮᠦ᠋ᠶᠧᠯ ᠠᠷᠠᠳ ᠲᠦᠮᠡᠨ ᠳᠦ᠄ 《ᠲᠠ ᠨᠠᠷ ᠶᠣᠬᠣᠸᠠ ᠶᠢᠨ ᠰᠣᠩ᠋ᠭᠣᠭᠰᠠᠨ ᠬᠥᠮᠦᠨ ᠢ ᠬᠠᠷᠠᠵᠤ ᠪᠠᠢᠨ᠎ᠠ ᠤᠤ︖ ᠲᠡᠭᠦᠨ ᠲᠡᠢ ᠡᠩ ᠵᠡᠷᠭᠡᠴᠡᠬᠦ ᠬᠥᠮᠦᠨ ᠠᠷᠠᠳ ᠲᠦᠮᠡᠨ ᠦ ᠳᠤᠮᠳᠠ ᠪᠠᠢᠬᠤ ᠦᠭᠡᠢ ᠰᠢᠦ》 ᠭᠡᠬᠦ ᠳᠦ᠂ ᠠᠷᠠᠳ ᠣᠯᠠᠨ ᠪᠦᠭᠦᠳᠡᠭᠡᠷ ᠢᠶᠡᠨ ᠤᠤᠬᠠᠢᠯᠠᠵᠤ᠄ 《ᠬᠠᠭᠠᠨ ᠮᠠᠨᠳᠤᠲᠤᠭᠠᠢ︕》 ᠭᠡᠪᠡ᠃ 25 ᠰᠠᠮᠦ᠋ᠶᠧᠯ ᠠᠷᠠᠳ ᠣᠯᠠᠨ ᠳᠤ ᠬᠠᠭᠠᠨ ᠤ ᠶᠣᠰᠣ ᠵᠢᠷᠤᠮ ᠢ ᠲᠠᠢᠯᠪᠤᠷᠢᠯᠠᠵᠤ᠂ ᠲᠡᠳᠡᠭᠡᠷ ᠢ ᠬᠤᠢᠯᠠᠮᠠᠯ ᠳᠤ ᠪᠢᠴᠢᠨ᠂ ᠶᠣᠬᠣᠸᠠ ᠶᠢᠨ ᠡᠮᠦᠨ᠎ᠡ ᠲᠠᠯᠪᠢᠪᠠ᠃ ᠲᠡᠭᠡᠭᠡᠳ ᠰᠠᠮᠦ᠋ᠶᠧᠯ ᠪᠦᠬᠦ ᠠᠷᠠᠳ ᠣᠯᠠᠨ ᠢ ᠭᠡᠷ ᠭᠡᠷ ᠤᠷᠤᠭᠤ ᠨᠢ ᠶᠠᠪᠤᠭᠤᠯᠪᠠ᠃ 26 ᠰᠠᠦ᠋ᠯ ᠴᠤ ᠭᠢᠪᠧᠶ᠎ᠠ ᠳᠠᠬᠢ ᠭᠡᠷ ᠤᠷᠤᠭᠤ ᠪᠠᠨ ᠶᠠᠪᠤᠯ᠎ᠠ᠃ ᠪᠤᠷᠬᠠᠨ ᠳᠤ ᠰᠡᠳᠬᠢᠯ ᠨᠢ ᠬᠥᠳᠡᠯᠭᠡᠭᠳᠡᠭᠰᠡᠨ ᠵᠣᠷᠢᠭᠲᠤ ᠳᠠᠢᠴᠢᠨ ᠡᠷᠡᠰ ᠲᠡᠭᠦᠨ ᠲᠡᠢ ᠶᠠᠪᠤᠵᠠᠢ᠃ 27 ᠭᠡᠪᠡᠴᠦ ᠬᠡᠰᠡᠭ ᠪᠦᠲᠦᠯ ᠦᠭᠡᠢ ᠬᠥᠮᠦᠰ᠄ 《ᠡᠨᠡ ᠭᠠᠢᠬᠠᠯ ᠪᠢᠳᠡᠨ ᠢ ᠶᠠᠭᠠᠬᠢᠵᠤ ᠠᠪᠤᠷᠠᠬᠤ ᠶᠤᠮ ᠪᠤᠢ︖》 ᠭᠡᠳ ᠲᠡᠭᠦᠨ ᠢ ᠪᠠᠰᠤᠮᠵᠢᠯᠠᠵᠤ᠂ ᠲᠡᠭᠦᠨ ᠳᠦ ᠪᠡᠯᠡᠭ ᠴᠤ ᠠᠪᠴᠢᠷᠠᠭᠰᠠᠨ ᠦᠭᠡᠢ᠃ ᠬᠠᠷᠢᠨ ᠰᠠᠦ᠋ᠯ ᠳᠤᠭᠤᠢ ᠪᠠᠢᠪᠠ᠃