1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠭᠤᠷᠪᠠ
 ᠡᠵᠡᠨ ᠰᠠᠮᠦ᠋ᠶᠧᠯ ᠢ ᠳᠠᠭᠤᠳᠠᠪᠠ

1 ᠬᠥᠪᠡᠭᠦᠨ ᠰᠠᠮᠦ᠋ᠶᠧᠯ ᠡᠯᠢ ᠶᠢᠨ ᠳᠣᠣᠷ᠎ᠠ ᠶᠣᠬᠣᠸᠠ ᠳᠤ ᠦᠢᠯᠡᠴᠢᠯᠡᠵᠦ ᠪᠠᠢᠪᠠ᠃ ᠲᠡᠷᠡ ᠡᠳᠦᠷ ᠤᠳ ᠲᠤ ᠶᠣᠬᠣᠸᠠ ᠶᠢᠨ ᠦᠭᠡ ᠬᠣᠪᠣᠷ᠂ ᠦᠵᠡᠭᠳᠡᠯ ᠤᠳ ᠴᠤ ᠴᠥᠭᠡᠨ ᠪᠠᠢᠪᠠ᠃

2 ᠲᠡᠷᠡ ᠦᠶ᠎ᠡ ᠳᠦ ᠡᠯᠢ ᠥᠷᠥᠭᠡᠨ ᠳᠡᠭᠡᠨ ᠬᠡᠪᠲᠡᠵᠦ ᠪᠠᠢᠯ᠎ᠠ᠃ ᠲᠡᠭᠦᠨ ᠦ ᠨᠢᠳᠦ ᠮᠠᠭᠤᠳᠠᠵᠤ ᠬᠠᠷᠠᠵᠤ ᠴᠢᠳᠠᠬᠤ ᠪᠠᠨ ᠪᠣᠯᠢᠵᠠᠢ᠃ 3 ᠬᠠᠷᠢᠨ ᠪᠤᠷᠬᠠᠨ ᠤ ᠳ᠋ᠧᠩ ᠤᠨᠲᠠᠷᠠᠭ᠎ᠠ ᠦᠭᠡᠢ ᠪᠠᠢᠬᠤ ᠳᠤ᠂ ᠰᠠᠮᠦ᠋ᠶᠧᠯ ᠶᠣᠬᠣᠸᠠ ᠶᠢᠨ ᠥᠷᠭᠥᠭᠡᠨ ᠳᠦ ᠬᠡᠪᠲᠡᠵᠦ ᠪᠠᠢᠪᠠ᠃ ᠶᠣᠬᠣᠸᠠ ᠶᠢᠨ ᠠᠪᠳᠠᠷ᠎ᠠ ᠲᠡᠨᠳᠡ ᠪᠠᠢᠵᠠᠢ᠃ 4 ᠶᠣᠬᠣᠸᠠ ᠰᠠᠮᠦ᠋ᠶᠧᠯ ᠢ ᠳᠠᠭᠤᠳᠠᠪᠠ᠂ ᠲᠡᠷᠡ᠄ 《ᠪᠢ ᠡ᠊ᠨᠳᠡ ᠪᠠᠢᠨ᠎ᠠ》 ᠭᠡᠵᠦ ᠬᠡᠯᠡᠭᠡᠳ᠂ 5 ᠡᠯᠢ ᠤᠷᠤᠭᠤ ᠭᠦᠶᠦᠨ ᠣᠴᠢᠵᠤ᠄ 《ᠪᠢ ᠡ᠊ᠨᠳᠡ ᠪᠠᠢᠨ᠎ᠠ᠂ ᠲᠠ ᠨᠠᠮᠠᠶᠢ ᠳᠠᠭᠤᠳᠠᠪᠠ ᠤᠤ︖》 ᠭᠡᠬᠦ ᠳᠦ᠂ ᠡᠯᠢ᠄ 《ᠪᠢ ᠳᠠᠭᠤᠳᠠᠭ᠎ᠠ ᠦᠭᠡᠢ᠂ ᠶᠠᠪᠤᠵᠤ ᠬᠡᠪᠲᠡ》 ᠭᠡᠬᠦ ᠪᠡᠷ ᠨᠢ ᠰᠠᠮᠦ᠋ᠶᠧᠯ ᠶᠠᠪᠤᠵᠤ ᠬᠡᠪᠲᠡᠪᠡ᠃ 6 ᠶᠣᠬᠣᠸᠠ ᠳᠠᠬᠢᠨ᠄ 《ᠰᠠᠮᠦ᠋ᠶᠧᠯ︕》 ᠭᠡᠵᠦ ᠳᠠᠭᠤᠳᠠᠪᠠ᠃ ᠰᠠᠮᠦ᠋ᠶᠧᠯ ᠪᠣᠰᠴᠤ᠂ ᠡᠯᠢ ᠤᠷᠤᠭᠤ ᠣᠴᠢᠨ᠄ 《ᠪᠢ ᠡ᠊ᠨᠳᠡ ᠪᠠᠢᠨ᠎ᠠ᠂ ᠲᠠ ᠨᠠᠮᠠᠶᠢ ᠳᠠᠭᠤᠳᠠᠪᠠ ᠤᠤ︖》 ᠭᠡᠬᠦ ᠳᠦ᠂ ᠡᠯᠢ᠄ 《ᠪᠢ ᠳᠠᠭᠤᠳᠠᠭ᠎ᠠ ᠦᠭᠡᠢ᠂ ᠬᠦᠦ ᠮᠢᠨᠢ᠂ ᠶᠠᠪᠤᠵᠤ ᠬᠡᠪᠲᠡ》 ᠭᠡᠪᠡ᠃ 7 ᠬᠠᠷᠢᠨ ᠰᠠᠮᠦ᠋ᠶᠧᠯ ᠶᠣᠬᠣᠸᠠ ᠶᠢ ᠬᠠᠷᠠᠬᠠᠨ ᠮᠡᠳᠡᠭᠡ ᠦᠭᠡᠢ᠂ ᠶᠣᠬᠣᠸᠠ ᠶᠢᠨ ᠦᠭᠡ ᠴᠤ ᠲᠡᠭᠦᠨ ᠳᠦ ᠢᠯᠡᠷᠬᠡᠶᠢᠯᠡᠭᠳᠡᠭᠡ ᠦᠭᠡᠢ ᠪᠠᠢᠵᠠᠢ᠃ 8 ᠶᠣᠬᠣᠸᠠ ᠳᠠᠬᠢᠨ ᠰᠠᠮᠦ᠋ᠶᠧᠯ ᠢ ᠭᠤᠷᠪᠠᠳᠠᠬᠢ ᠤᠳᠠᠭ᠎ᠠ ᠪᠠᠨ ᠳᠠᠭᠤᠳᠠᠬᠤ ᠳᠤ᠂ ᠰᠠᠮᠦ᠋ᠶᠧᠯ ᠪᠣᠰᠴᠤ᠂ ᠡᠯᠢ ᠤᠷᠤᠭᠤ ᠣᠴᠢᠨ᠄ 《ᠪᠢ ᠡ᠊ᠨᠳᠡ ᠪᠠᠢᠨ᠎ᠠ᠂ ᠲᠠ ᠨᠠᠮᠠᠶᠢ ᠳᠠᠭᠤᠳᠠᠪᠠ ᠤᠤ︖》 ᠭᠡᠬᠦ ᠳᠦᠨᠢ ᠡᠯᠢ ᠡᠨᠡ ᠬᠡᠦᠬᠡᠳ ᠢ ᠳᠠᠭᠤᠳᠠᠭᠴᠢ ᠨᠢ ᠶᠣᠬᠣᠸᠠ ᠭᠡᠳᠡᠭ ᠢ ᠤᠬᠠᠭᠠᠷᠠᠯ᠎ᠠ᠃ 9 ᠡᠯᠢ ᠰᠠᠮᠦ᠋ᠶᠧᠯ ᠳᠤ᠄ 《ᠶᠠᠪᠤ᠂ ᠬᠡᠪᠲᠡᠵᠦ ᠠᠮᠠᠷᠠ᠃ ᠬᠡᠷᠪᠡ ᠲᠡᠷᠡ ᠴᠢᠮᠠᠶᠢ ᠳᠠᠭᠤᠳᠠᠪᠠᠯ᠂ ᠴᠢ᠄ 〈ᠶᠣᠬᠣᠸᠠ ᠮᠢᠨᠢ᠂ ᠠᠢᠯᠠᠳᠴᠤ ᠬᠠᠢᠷᠠᠯᠠ᠂ ᠵᠠᠷᠤᠴᠠ ᠲᠠᠨᠢ ᠰᠣᠨᠣᠰᠴᠤ ᠪᠠᠢᠨ᠎ᠠ〉 ᠭᠡᠵᠦ ᠬᠠᠷᠢᠭᠤᠯ》 ᠭᠡᠰᠡᠨ ᠳᠦ᠂ ᠰᠠᠮᠦ᠋ᠶᠧᠯ ᠶᠠᠪᠤᠵᠤ ᠣᠷᠣᠨ ᠳᠠᠭᠠᠨ ᠬᠡᠪᠲᠡᠪᠡ᠃

10 ᠲᠡᠭᠡᠬᠦ ᠳᠦᠨᠢ ᠶᠣᠬᠣᠸᠠ ᠢᠷᠡᠵᠦ᠂ ᠲᠡᠨᠳᠡ ᠵᠣᠭᠰᠣᠭᠠᠳ ᠤᠷᠢᠳᠤ ᠶᠢᠨ ᠠᠳᠠᠯᠢ᠄ 《ᠰᠠᠮᠦ᠋ᠶᠧᠯ᠂ ᠰᠠᠮᠦ᠋ᠶᠧᠯ︕》 ᠭᠡᠵᠦ ᠳᠠᠭᠤᠳᠠᠪᠠ᠃ ᠰᠠᠮᠦ᠋ᠶᠧᠯ᠄ 《ᠠᠢᠯᠠᠳᠴᠤ ᠬᠠᠢᠷᠠᠯᠠ᠂ ᠵᠠᠷᠤᠴᠠ ᠲᠠᠨᠢ ᠰᠣᠨᠣᠰᠴᠤ ᠪᠠᠢᠨ᠎ᠠ》 ᠭᠡᠪᠡ᠃ 11 ᠶᠣᠬᠣᠸᠠ ᠰᠠᠮᠦ᠋ᠶᠧᠯ ᠳᠤ᠄ 《ᠠᠩ᠋ᠬᠠᠷᠤᠭᠲᠤᠨ᠂ ᠪᠢ ᠢᠰᠷᠧᠯ ᠳᠤ ᠤᠴᠠᠷᠠᠭᠤᠯᠬᠤ ᠪᠠᠷ ᠪᠠᠢᠭ᠎ᠠ ᠨᠢᠭᠡᠨ ᠶᠠᠪᠤᠳᠠᠯ ᠪᠤᠢ᠃ ᠡᠭᠦᠨ ᠢ ᠰᠣᠨᠣᠰᠣᠭᠴᠢ ᠪᠦᠭᠦᠳᠡ ᠶᠢᠨ ᠬᠣᠶᠠᠷ ᠴᠢᠬᠢ ᠬᠠᠩᠭᠢᠨᠠᠬᠤ ᠪᠣᠯᠣᠨ᠎ᠠ᠃ 12 ᠲᠡᠷᠡ ᠡᠳᠦᠷ ᠪᠢ ᠡᠯᠢ ᠳᠡᠭᠡᠷ᠎ᠡ ᠲᠡᠭᠦᠨ ᠦ ᠭᠡᠷ ᠦᠨ ᠲᠤᠬᠠᠢ ᠬᠡᠯᠡᠭᠰᠡᠨ ᠪᠦᠬᠦᠨ ᠢᠶᠡᠨ ᠡᠬᠢᠨ ᠡᠴᠡ ᠨᠢ ᠳᠠᠭᠤᠰᠲᠠᠯ᠎ᠠ ᠪᠡᠶᠡᠯᠡᠭᠦᠯᠦᠨ᠎ᠡ᠃ 13 ᠲᠡᠭᠦᠨ ᠦ ᠮᠡᠳᠡᠳᠡᠭ ᠭᠡᠮ ᠨᠢᠭᠦᠯ ᠦᠨ ᠤᠴᠢᠷ ᠢᠶᠠᠷ ᠲᠡᠭᠦᠨ ᠦ ᠭᠡᠷ ᠢ ᠮᠥᠩᠬᠡᠳᠡ ᠰᠢᠳᠬᠡᠬᠦ ᠭᠡᠵᠦ ᠪᠤᠢ ᠪᠠᠨ ᠪᠢ ᠲᠡᠭᠦᠨ ᠳᠦ ᠲᠤᠩ᠋ᠬᠠᠭᠯᠠᠵᠤ ᠪᠠᠢᠨ᠎ᠠ᠃ ᠲᠡᠭᠦᠨ ᠦ ᠬᠥᠪᠡᠭᠦᠳ ᠪᠤᠷᠬᠠᠨ ᠢ ᠳᠣᠷᠣᠮᠵᠢᠯᠠᠵᠤ ᠪᠠᠢᠳᠠᠭ ᠪᠣᠯᠪᠠᠴᠤ ᠲᠡᠷᠡ ᠲᠡᠳᠡᠨ ᠢ ᠵᠠᠰᠠᠭᠰᠠᠨ ᠦᠭᠡᠢ᠃ 14 ᠲᠡᠢᠮᠦ ᠡᠴᠡ ᠪᠢ ᠡᠯᠢ ᠶᠢᠨ ᠭᠡᠷ ᠲᠦ ᠠᠨᠳᠠᠭᠠᠢᠯᠠᠵᠤ ᠪᠠᠢᠨ᠎ᠠ᠂ ᠲᠡᠭᠦᠨ ᠦ ᠭᠡᠷ ᠦᠨ ᠭᠡᠮ ᠨᠢᠭᠦᠯ ᠡᠷᠭᠦᠯ ᠢᠶᠡᠷ ᠴᠤ᠂ ᠲᠠᠬᠢᠯ ᠢᠶᠠᠷ ᠴᠤ ᠠᠭᠤᠴᠢᠯᠠᠭᠳᠡᠰᠢ ᠦᠭᠡᠢ》 ᠭᠡᠪᠡ᠃

15 ᠰᠠᠮᠦ᠋ᠶᠧᠯ ᠥᠷᠯᠥᠭᠡ ᠬᠦᠷᠲᠡᠯ᠎ᠡ ᠬᠡᠪᠲᠡᠭᠡᠳ ᠶᠣᠬᠣᠸᠠ ᠶᠢᠨ ᠥᠷᠭᠥᠭᠡᠨ ᠦ ᠬᠠᠭᠠᠯᠭ᠎ᠠ ᠨᠤᠭᠤᠳ ᠢ ᠨᠡᠭᠡᠭᠡᠪᠡ᠃ ᠰᠠᠮᠦ᠋ᠶᠧᠯ ᠲᠡᠷᠡ ᠬᠦ ᠦᠵᠡᠭᠳᠡᠯ ᠢ ᠡᠯᠢ ᠳᠤ ᠳᠤᠭᠤᠯᠭᠠᠬᠤ ᠠᠴᠠ ᠠᠶᠤᠵᠤ ᠪᠠᠢᠬᠤ ᠳᠤ᠂ 16 ᠡᠯᠢ ᠰᠠᠮᠦ᠋ᠶᠧᠯ ᠢ ᠳᠠᠭᠤᠳᠠᠵᠤ᠄ 《ᠮᠢᠨᠦ ᠬᠦᠦ᠂ ᠰᠠᠮᠦ᠋ᠶᠧᠯ ᠡ》 ᠭᠡᠪᠡ᠃ ᠰᠠᠮᠦ᠋ᠶᠧᠯ᠄ 《ᠪᠢ ᠡ᠊ᠨᠳᠡ ᠪᠠᠢᠨ᠎ᠠ》 ᠭᠡᠰᠡᠨ ᠳᠦ᠂ 17 ᠡᠯᠢ᠄ 《ᠴᠢᠮ᠎ᠠ ᠳᠤ ᠶᠠᠮᠠᠷ ᠦᠭᠡ ᠠᠢᠯᠠᠳᠤᠭᠰᠠᠨ ᠪᠤᠢ︖ ᠨᠠᠳᠠ ᠠᠴᠠ ᠶᠠᠭᠤ ᠴᠤ ᠪᠦᠦ ᠨᠢᠭᠤ᠃ ᠬᠡᠷᠪᠡ ᠴᠢᠮ᠎ᠠ ᠳᠤ ᠠᠢᠯᠠᠳᠤᠭᠰᠠᠨ ᠪᠦᠬᠦ ᠦᠭᠡᠨ ᠡᠴᠡ ᠨᠢᠭᠡ ᠶᠢ ᠨᠢ ᠴᠤ ᠨᠢᠭᠤᠪᠠᠯ᠂ ᠪᠤᠷᠬᠠᠨ ᠴᠢᠮᠠᠶᠢ ᠬᠠᠲᠠᠭᠤ ᠰᠢᠳᠬᠡᠬᠦ ᠪᠣᠯᠲᠤᠭᠠᠢ》 ᠭᠡᠪᠡ᠃ 18 ᠰᠠᠮᠦ᠋ᠶᠧᠯ ᠦᠭᠡ ᠪᠦᠷᠢ ᠶᠢ ᠨᠢ ᠶᠠᠭᠤ ᠴᠤ ᠨᠢᠭᠤᠯ ᠦᠭᠡᠢ ᠳᠤᠭᠤᠯᠭᠠᠭᠰᠠᠨ ᠳᠤ᠂ ᠡᠯᠢ᠄ 《ᠲᠡᠷᠡ ᠪᠣᠯ ᠡᠵᠡᠨ᠂ ᠲᠡᠷᠡ ᠰᠠᠢᠨ ᠭᠡᠵᠦ ᠦᠵᠡᠭᠰᠡᠨ ᠢᠶᠡᠨ ᠦᠢᠯᠡᠳᠬᠦ ᠪᠣᠯᠣᠨ᠎ᠠ︕》 ᠭᠡᠪᠡ᠃

19 ᠰᠠᠮᠦ᠋ᠶᠧᠯ ᠥᠰᠥᠨ ᠲᠣᠷᠨᠢᠭᠰᠠᠭᠠᠷ ᠪᠠᠢᠯ᠎ᠠ᠃ ᠶᠣᠬᠣᠸᠠ ᠲᠡᠭᠦᠨ ᠲᠡᠢ ᠬᠠᠮᠲᠤ ᠪᠠᠢᠵᠤ᠂ ᠲᠡᠭᠦᠨ ᠦ ᠦᠭᠡᠨ ᠡᠴᠡ ᠨᠢᠭᠡ ᠨᠢ ᠴᠤ ᠬᠥᠰᠡᠷ ᠬᠠᠶᠠᠭᠳᠠᠭᠰᠠᠨ ᠦᠭᠡᠢ᠃ 20 ᠰᠠᠮᠦ᠋ᠶᠧᠯ ᠪᠣᠯ ᠶᠣᠬᠣᠸᠠ ᠶᠢᠨ ᠲᠣᠭᠲᠠᠭᠠᠭᠰᠠᠨ ᠡᠰᠢ ᠦᠵᠡᠭᠦᠯᠦᠭᠴᠢ ᠮᠥᠨ ᠭᠡᠳᠡᠭ ᠢ ᠳ᠋ᠠᠨ ᠠᠴᠠ ᠪᠧᠷᠣᠲ ᠱᠧᠪᠠ ᠬᠦᠷᠲᠡᠯᠡᠬᠢ ᠢᠰᠷᠧᠯ ᠬᠥᠮᠦᠨ ᠪᠦᠬᠦᠨ ᠮᠡᠳᠡᠪᠡ᠃ 21 ᠶᠣᠬᠣᠸᠠ ᠰᠠᠮᠦ᠋ᠶᠧᠯ ᠳᠤ ᠥᠪᠡᠷ ᠢ ᠪᠠᠨ ᠥᠪᠡᠷ ᠦᠨ ᠢᠶᠠᠨ ᠦᠭᠡ ᠪᠡᠷ ᠱᠢᠯᠣ᠋ ᠳᠤ ᠢᠯᠡᠴᠢᠯᠡᠭᠰᠡᠨ ᠤᠴᠢᠷ ᠲᠡᠷᠡ ᠱᠢᠯᠣ᠋ ᠳᠤ ᠦᠵᠡᠭᠳᠡᠬᠦ ᠪᠣᠯᠪᠠ᠃ ᠰᠠᠮᠦ᠋ᠶᠧᠯ ᠤᠨ ᠦᠭᠡ ᠲᠡᠢᠨ ᠬᠦ ᠢᠰᠷᠧᠯ ᠳᠠᠶᠠᠭᠠᠷ ᠲᠠᠷᠬᠠᠪᠠ᠃