1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠠᠷᠪᠠᠨ ᠨᠠᠢ᠌ᠮᠠ
 ᠳ᠋ᠠᠸᠢᠳ᠋ ᠶᠣᠨᠠᠲ᠋ᠠᠨ ᠬᠣᠶᠠᠷ

1 ᠳ᠋ᠠᠸᠢᠳ᠋ ᠰᠠᠦ᠋ᠯ ᠲᠠᠢ ᠶᠠᠷᠢᠯᠴᠠᠵᠤ ᠳᠠᠭᠤᠰᠬᠤ ᠳᠤ᠂ ᠶᠣᠨᠠᠲ᠋ᠠᠨ ᠤ ᠰᠦᠨᠡᠰᠦ ᠳ᠋ᠠᠸᠢᠳ᠋ ᠤᠨ ᠬᠢ ᠲᠠᠢ ᠨᠢᠭᠡᠳᠦᠨ ᠶᠣᠨᠠᠲ᠋ᠠᠨ ᠲᠡᠭᠦᠨ ᠢ ᠠᠮᠢᠨ ᠰᠦᠨᠡᠰᠦ ᠰᠢᠭ ᠢᠶᠠᠨ ᠬᠠᠢᠷᠠᠯᠠᠯ᠎ᠠ᠃ 2 ᠰᠠᠦ᠋ᠯ ᠲᠡᠷᠡ ᠡᠳᠦᠷ ᠳ᠋ᠠᠸᠢᠳ᠋ ᠢ ᠦᠯᠡᠳᠡᠭᠡᠵᠦ᠂ ᠡᠴᠢᠭᠡ ᠶᠢᠨ ᠬᠢᠨᠢ ᠭᠡᠷ ᠲᠦ ᠪᠤᠴᠠᠭᠠᠭ᠎ᠠ ᠦᠭᠡᠢ ᠪᠢᠯᠡ᠃ 3 ᠶᠣᠨᠠᠲ᠋ᠠᠨ ᠳ᠋ᠠᠸᠢᠳ᠋ ᠢ ᠥᠪᠡᠷ ᠦᠨ ᠠᠮᠢᠨ ᠰᠦᠨᠡᠰᠦ ᠰᠢᠭ ᠢᠶᠠᠨ ᠬᠠᠢᠷᠠᠯᠠᠭᠰᠠᠨ ᠳᠠᠭᠠᠨ ᠲᠡᠭᠦᠨ ᠲᠡᠢ ᠭᠡᠷ᠎ᠡ ᠪᠠᠢᠭᠤᠯᠪᠠ᠃ 4 ᠶᠣᠨᠠᠲ᠋ᠠᠨ ᠡᠮᠦᠰᠴᠦ ᠪᠠᠢᠭᠰᠠᠨ ᠭᠠᠳᠠᠭᠤᠷ ᠳᠡᠪᠡᠯ ᠢᠶᠡᠨ ᠲᠠᠢᠯᠵᠤ᠂ ᠥᠪᠡᠷ ᠦᠨ ᠢᠶᠠᠨ ᠬᠤᠶᠠᠭ ᠳᠤᠭᠤᠯᠠᠭ᠎ᠠ ᠲᠠᠢ ᠬᠠᠮᠲᠤ ᠢᠯᠳᠦ᠂ ᠨᠤᠮᠤ᠂ ᠪᠦᠰᠡ ᠪᠡᠨ ᠬᠦᠷᠲᠡᠯ᠎ᠡ ᠪᠦᠭᠦᠳᠡ ᠶᠢ ᠳ᠋ᠠᠸᠢᠳ᠋ ᠲᠤ ᠥᠭᠴᠡᠢ᠃ 5 ᠳ᠋ᠠᠸᠢᠳ᠋ ᠰᠠᠦ᠋ᠯ ᠤᠨ ᠶᠠᠪᠤᠭᠤᠯᠤᠭᠰᠠᠨ ᠭᠠᠵᠠᠷ ᠪᠣᠯᠭᠠᠨ ᠳᠤ ᠶᠠᠪᠤᠵᠤ᠂ ᠠᠮᠵᠢᠯᠲᠠ ᠣᠯᠣᠭᠰᠠᠨ 17  ᠳᠤ᠂ ᠰᠠᠦ᠋ᠯ ᠲᠡᠭᠦᠨ ᠢ ᠳᠠᠢᠴᠢᠳ ᠤᠨ ᠢᠶᠠᠨ ᠠᠬᠠᠯᠠᠭᠴᠢ ᠪᠣᠯᠭᠠᠪᠠ᠃ ᠡᠨᠡ ᠨᠢ ᠪᠦᠬᠦ ᠠᠷᠠᠳ ᠲᠦᠮᠡᠨ ᠪᠣᠯᠣᠨ ᠰᠠᠦ᠋ᠯ ᠤᠨ ᠵᠠᠷᠤᠴᠠ ᠨᠠᠷ ᠤᠨ ᠲᠠᠭᠠᠯᠠᠯ ᠳᠤ ᠨᠡᠢᠴᠡᠪᠡ᠃
 ᠰᠠᠦ᠋ᠯ ᠳ᠋ᠠᠸᠢᠳ᠋ ᠲᠠᠢ ᠠᠲᠠᠭᠠᠷᠬᠠᠪᠠ

6 ᠳ᠋ᠠᠸᠢᠳ᠋ ᠥᠨᠥᠬᠢ ᠹᠢᠯᠢᠰᠲ ᠬᠥᠮᠦᠨ ᠢ ᠤᠰᠠᠳᠬᠠᠭᠠᠳ᠂ ᠪᠦᠭᠦᠳᠡᠭᠡᠷ ᠪᠤᠴᠠᠵᠤ ᠢᠷᠡᠵᠡᠭᠡᠬᠦ ᠳᠦ᠂ ᠢᠰᠷᠧᠯ ᠤᠨ ᠪᠦᠬᠦ ᠬᠣᠲᠠ ᠠᠴᠠ ᠡᠮᠡᠭᠲᠡᠢᠴᠦᠳ ᠭᠠᠷᠴᠤ ᠢᠷᠡᠭᠡᠳ ᠪᠠᠶᠠᠷ ᠲᠠᠢ ᠪᠠᠷ ᠳᠠᠭᠤᠯᠠᠵᠤ ᠪᠥᠵᠢᠭᠯᠡᠨ᠂ ᠬᠡᠩᠭᠡᠷᠭᠡ ᠪᠣᠯᠣᠨ ᠬᠤᠭᠤᠷ ᠤᠨ ᠳᠠᠭᠤᠨ ᠤ ᠳᠤᠮᠳᠠ ᠰᠠᠦ᠋ᠯ ᠬᠠᠭᠠᠨ ᠢ ᠤᠭᠲᠤᠨ ᠠᠪᠴᠠᠢ᠃ 7 ᠡᠮᠡᠭᠲᠡᠢᠴᠦᠳ ᠳᠠᠭᠤᠤ ᠪᠠᠷ ᠶᠥᠭᠡᠳᠡᠨ᠄ 《ᠰᠠᠦ᠋ᠯ ᠮᠢᠩ᠋ᠭ᠎ᠠ ᠮᠢᠩ᠋ᠭ᠎ᠠ ᠶᠢ ᠠᠯᠠᠵᠤ᠂ ᠳ᠋ᠠᠸᠢᠳ᠋ ᠲᠦᠮᠡ ᠲᠦᠮᠡ ᠶᠢ ᠠᠯᠠᠪᠠ》 ᠭᠡᠵᠦ ᠳᠠᠭᠤᠯᠠᠬᠤ ᠳᠤ᠂ 8 ᠰᠠᠦ᠋ᠯ ᠶᠡᠬᠡᠳᠡ ᠠᠭᠤᠷᠯᠠᠨ ᠲᠡᠷᠡ ᠦᠭᠡᠨ ᠳᠦ ᠵᠢᠪᠡᠭᠦᠴᠡᠵᠦ᠄ 《ᠲᠡᠳᠡ ᠳ᠋ᠠᠸᠢᠳ᠋ ᠢ ᠲᠦᠮᠡ ᠲᠦᠮᠡ ᠪᠡᠷ᠂ ᠨᠠᠮᠠᠶᠢ ᠮᠢᠩ᠋ᠭ᠎ᠠ ᠮᠢᠩ᠋ᠭ᠎ᠠ ᠪᠠᠷ ᠭᠡᠵᠦ ᠦᠨᠡᠯᠡᠵᠦ ᠪᠠᠢᠨ᠎ᠠ᠃ ᠣᠳᠣ ᠲᠡᠭᠦᠨ ᠳᠦ ᠬᠠᠭᠠᠨ ᠰᠢᠷᠡᠭᠡ ᠯᠠ ᠳᠤᠲᠠᠭᠤ ᠪᠠᠢᠬᠤ ᠨᠢ》 ᠭᠡᠳ 9 ᠲᠡᠷᠡ ᠡᠳᠦᠷ ᠡᠴᠡ ᠬᠣᠢᠰᠢ ᠳ᠋ᠠᠸᠢᠳ᠋ ᠢ ᠠᠲᠠᠭᠠᠷᠬᠠᠯ ᠤᠨ ᠨᠢᠳᠦ ᠪᠡᠷ ᠬᠠᠷᠠᠳᠠᠭ ᠪᠣᠯᠵᠠᠢ᠃

10 ᠳᠠᠷᠠᠭ᠎ᠠ ᠡᠳᠦᠷ ᠨᠢ ᠪᠤᠷᠬᠠᠨ ᠤ ᠵᠥᠪᠰᠢᠶᠡᠷᠡᠭᠰᠡᠨ ᠮᠠᠭᠤ ᠰᠦᠨᠡᠰᠦ ᠰᠠᠦ᠋ᠯ ᠤᠷᠤᠭᠤ ᠬᠦᠴᠦᠲᠡᠢ ᠳᠠᠭᠠᠷᠢᠵᠤ᠂ ᠲᠡᠷᠡ ᠴᠠᠯᠴᠢᠵᠤ ᠭᠠᠷᠬᠤ ᠳᠤ᠂ ᠳ᠋ᠠᠸᠢᠳ᠋ ᠤᠷᠢᠳᠤ ᠶᠢᠨ ᠠᠳᠠᠯᠢ ᠶᠠᠲᠤᠭ᠎ᠠ ᠪᠠᠷᠢᠨ ᠲᠣᠭᠯᠠᠵᠤ ᠡᠬᠢᠯᠡᠪᠡ᠃ ᠬᠠᠷᠢᠨ ᠰᠠᠦ᠋ᠯ ᠭᠠᠷ ᠲᠠᠭᠠᠨ ᠵᠢᠳᠠ ᠪᠠᠷᠢᠵᠤ ᠪᠠᠢᠵᠠᠢ᠃ 11 ᠰᠠᠦ᠋ᠯ᠄ 《ᠳ᠋ᠠᠸᠢᠳ᠋ ᠢ ᠬᠠᠨᠠᠨ ᠳᠤ ᠬᠠᠳᠠᠶ᠎ᠠ》 ᠭᠡᠳ ᠵᠢᠳᠠ ᠪᠠᠨ ᠰᠢᠳᠡᠪᠡ᠃ ᠭᠡᠲᠡᠯ᠎ᠡ ᠳ᠋ᠠᠸᠢᠳ᠋ ᠲᠡᠭᠦᠨ ᠡᠴᠡ ᠬᠣᠶᠠᠷ ᠤᠳᠠᠭ᠎ᠠ ᠪᠤᠯᠲᠠᠨ ᠵᠠᠢᠯᠠᠪᠠ᠃

12 ᠶᠣᠬᠣᠸᠠ ᠳ᠋ᠠᠸᠢᠳ᠋ ᠲᠠᠢ ᠬᠠᠮᠲᠤ ᠪᠠᠢᠵᠤ᠂ ᠬᠠᠷᠢᠨ ᠰᠠᠦ᠋ᠯ ᠡᠴᠡ ᠰᠠᠯᠵᠠᠢ᠃ ᠡᠢᠮᠦ ᠡᠴᠡ ᠰᠠᠦ᠋ᠯ ᠳ᠋ᠠᠸᠢᠳ᠋ ᠠᠴᠠ ᠠᠶᠤᠬᠤ ᠪᠣᠯᠪᠠ᠃ 13 ᠰᠠᠦ᠋ᠯ ᠳ᠋ᠠᠸᠢᠳ᠋ ᠢ ᠥᠪᠡᠷ ᠡᠴᠡ ᠪᠡᠨ ᠰᠠᠯᠭᠠᠵᠤ᠂ ᠮᠢᠩ᠋ᠭᠠᠲᠤ ᠶᠢᠨ ᠳᠠᠷᠤᠭ᠎ᠠ ᠪᠠᠷ ᠪᠠᠭᠤᠷᠠᠭᠤᠯᠤᠨ ᠲᠣᠮᠢᠯᠠᠭᠰᠠᠨ ᠳᠤ᠂ ᠳ᠋ᠠᠸᠢᠳ᠋ ᠴᠡᠷᠢᠭ ᠤᠨ ᠲᠦᠷᠦᠭᠦᠨ ᠳᠦ ᠬᠣᠰᠢᠭᠤᠴᠢᠯᠠᠨ ᠭᠠᠷᠴᠤ ᠣᠷᠣᠳᠠᠭ ᠪᠠᠢᠪᠠ᠃ 14 ᠶᠣᠬᠣᠸᠠ ᠳ᠋ᠠᠸᠢᠳ᠋ ᠲᠠᠢ ᠬᠠᠮᠲᠤ ᠪᠠᠢᠭᠰᠠᠨ ᠪᠣᠯᠬᠣᠷ ᠲᠡᠷᠡ ᠦᠢᠯᠡ ᠶᠠᠪᠤᠳᠠᠯ ᠳᠤ ᠮᠡᠷᠭᠡᠨ ᠠᠪᠬᠠᠯᠵᠢᠲᠠᠢ ᠪᠠᠢᠪᠠ᠃ 15 ᠮᠡᠷᠭᠡᠨ ᠠᠪᠬᠠᠯᠵᠢᠲᠠᠢ ᠶᠢ ᠨᠢ ᠦᠵᠡᠭᠡᠳ ᠰᠠᠦ᠋ᠯ ᠲᠡᠭᠦᠨ ᠡᠴᠡ ᠰᠦᠷᠳᠡᠵᠦ ᠪᠠᠢᠬᠤ ᠳᠤ᠂ 16 ᠢᠰᠷᠧᠯ ᠪᠣᠯᠣᠨ ᠶᠦᠳᠠ ᠪᠦᠭᠦᠳᠡᠭᠡᠷ ᠢᠶᠡᠨ ᠳ᠋ᠠᠸᠢᠳ᠋ ᠢ ᠬᠠᠢᠷᠠᠯᠠᠪᠠ᠃ ᠤᠴᠢᠷ ᠨᠢ ᠲᠡᠷᠡ ᠲᠡᠳᠡᠨ ᠦ ᠴᠡᠷᠢᠭ ᠤᠨ ᠲᠡᠷᠢᠭᠦᠨ ᠳᠦ ᠬᠣᠰᠢᠭᠤᠴᠢᠯᠠᠨ ᠭᠠᠷᠴᠤ ᠣᠷᠣᠳᠠᠭ ᠪᠠᠢᠪᠠ᠃

17 ᠰᠠᠦ᠋ᠯ ᠳ᠋ᠠᠸᠢᠳ᠋ ᠲᠤ᠄ 《ᠰᠣᠨᠣᠰᠴᠤ ᠪᠠᠢ︕ ᠪᠢ ᠶᠡᠬᠡ ᠥᠬᠢᠨ ᠮᠧᠷᠠᠪ ᠢᠶᠠᠨ ᠴᠢᠮ᠎ᠠ ᠳᠤ ᠥᠭᠭᠥᠨ᠎ᠡ᠃ ᠲᠡᠷᠡ ᠴᠢᠨᠦ ᠡᠬᠡᠨᠡᠷ ᠪᠣᠯᠣᠭ᠃ ᠣᠷᠣᠨ ᠳᠤᠨᠢ ᠴᠢ ᠮᠢᠨᠦ ᠲᠥᠯᠥᠭᠡ ᠳᠠᠢᠴᠢᠨ ᠡᠷ᠎ᠡ ᠪᠣᠯᠵᠤ᠂ ᠶᠣᠬᠣᠸᠠ ᠶᠢᠨ ᠲᠤᠯᠤᠯᠳᠤᠭᠠᠨ ᠳᠤ ᠲᠤᠯᠤᠯᠳᠤᠬᠤ ᠶᠣᠰᠣᠲᠠᠢ》 ᠭᠡᠵᠦ ᠬᠡᠯᠡᠪᠡ᠃ ᠶᠡᠷᠦ ᠨᠢ ᠰᠠᠦ᠋ᠯ ᠥᠪᠡᠷ ᠦᠨ ᠢᠶᠠᠨ ᠭᠠᠷ ᠢᠶᠠᠷ ᠪᠤᠰᠤ᠂ ᠬᠠᠷᠢᠨ ᠹᠢᠯᠢᠰᠲ᠋ᠴᠦᠳ ᠦᠨ ᠭᠠᠷ ᠢᠶᠠᠷ ᠳ᠋ᠠᠸᠢᠳ᠋ ᠢ ᠬᠣᠣᠷᠯᠠᠬᠤ ᠰᠠᠨᠠᠭ᠎ᠠ ᠲᠠᠢ ᠠᠵᠢ᠃ 18 ᠭᠡᠪᠡᠴᠦ ᠳ᠋ᠠᠸᠢᠳ᠋ ᠰᠠᠦ᠋ᠯ ᠳᠤ᠄ 《ᠨᠠᠳᠠ ᠳᠤ ᠶᠠᠭᠤ ᠲᠠᠢ ᠭᠡᠵᠦ᠂ ᠭᠡᠷ ᠪᠦᠯᠢ᠂ ᠰᠠᠳᠤᠨ ᠲᠥᠷᠥᠯ ᠳᠤ ᠮᠢᠨᠢ ᠶᠠᠭᠤ ᠲᠠᠢ ᠭᠡᠵᠦ ᠬᠠᠭᠠᠨ ᠲᠠ ᠨᠠᠮᠠᠶᠢ ᠬᠦᠷᠭᠡᠨ ᠢᠶᠡᠨ ᠪᠣᠯᠭᠠᠬᠤ ᠭᠡᠵᠦ ᠪᠠᠢᠨ᠎ᠠ ᠪᠤᠢ︖》 ᠭᠡᠵᠦ ᠬᠡᠯᠡᠪᠡ᠃ 19 ᠬᠠᠷᠢᠨ ᠥᠬᠢᠨ ᠮᠧᠷᠠᠪ ᠢᠶᠠᠨ ᠳ᠋ᠠᠸᠢᠳ᠋ ᠲᠤ ᠥᠭᠬᠦ ᠴᠠᠭ ᠪᠣᠯᠬᠤ ᠳᠤ᠂ ᠰᠠᠦ᠋ᠯ ᠲᠡᠭᠦᠨ ᠳᠦ ᠪᠤᠰᠤ᠂ ᠮᠧᠬᠣᠯᠠᠲ ᠬᠥᠮᠦᠨ ᠠᠳ᠋ᠷᠢᠶᠧᠯ ᠳᠤ ᠡᠬᠡᠨᠡᠷ ᠪᠣᠯᠭᠠᠨ ᠥᠭᠭᠥᠭᠰᠡᠨ ᠠᠵᠢ᠃

20 ᠬᠠᠷᠢᠨ ᠰᠠᠦ᠋ᠯ ᠤᠨ ᠨᠥᠭᠥᠭᠡ ᠥᠬᠢᠨ ᠮᠢᠺᠠᠯ ᠳ᠋ᠠᠸᠢᠳ᠋ ᠲᠤ ᠬᠠᠢᠷᠠᠲᠠᠢ ᠪᠣᠯᠵᠠᠢ᠃ ᠰᠠᠦ᠋ᠯ ᠡᠭᠦᠨ ᠢ ᠳᠤᠭᠤᠯᠤᠭᠠᠳ ᠲᠠᠭᠠᠰᠢᠶᠠᠵᠤ᠄ 21 《ᠪᠢ ᠲᠡᠭᠦᠨ ᠢ ᠪᠠᠨ ᠳ᠋ᠠᠸᠢᠳ᠋ ᠲᠤ ᠥᠭᠴᠦ᠂ ᠳ᠋ᠠᠸᠢᠳ᠋ ᠢ ᠹᠢᠯᠢᠰᠲ᠋ᠴᠦᠳ ᠦᠨ ᠭᠠᠷ ᠲᠤ ᠣᠷᠣᠭᠤᠯᠬᠤ ᠤᠷᠠᠬ᠎ᠠ ᠪᠣᠯᠭᠠᠶ᠎ᠠ》 ᠭᠡᠵᠦ ᠪᠣᠳᠣᠪᠠ᠃ ᠡᠢᠮᠦ ᠡᠴᠡ ᠰᠠᠦ᠋ᠯ ᠬᠣᠶᠠᠳᠠᠬᠢ ᠤᠳᠠᠭ᠎ᠠ ᠪᠠᠨ ᠳ᠋ᠠᠸᠢᠳ᠋ ᠲᠤ᠄ 《ᠣᠳᠣᠬᠠᠨ ᠴᠢ ᠮᠢᠨᠦ ᠬᠦᠷᠭᠡᠨ ᠪᠣᠯᠬᠤ ᠨᠢ》 ᠭᠡᠪᠡ᠃ 22 ᠲᠡᠭᠡᠭᠡᠳ ᠰᠠᠦ᠋ᠯ ᠵᠠᠷᠤᠴᠠ ᠨᠠᠷ ᠲᠠᠭᠠᠨ ᠵᠠᠷᠯᠢᠭ ᠪᠣᠯᠣᠨ᠄ 《ᠳ᠋ᠠᠸᠢᠳ᠋ ᠲᠤ ᠰᠡᠮᠬᠡᠨ ᠢᠶᠡᠷ᠄ 〈ᠬᠠᠭᠠᠨ ᠲᠠᠨ ᠢ ᠲᠠᠭᠠᠯᠠᠵᠤ᠂ ᠲᠡᠭᠦᠨ ᠦ ᠵᠠᠷᠤᠴᠠ ᠨᠠᠷ ᠴᠤ ᠪᠦᠭᠦᠳᠡ ᠲᠠᠨ ᠢ ᠬᠠᠢᠷᠠᠯᠠᠵᠤ ᠪᠠᠢᠨ᠎ᠠ᠃ ᠲᠡᠢᠮᠦ ᠡᠴᠡ ᠲᠠ ᠬᠠᠭᠠᠨ ᠤ ᠬᠦᠷᠭᠡᠨ ᠪᠣᠯᠬᠤ ᠨᠢ ᠰᠠᠢᠨ〉 ᠭᠡᠵᠦ ᠬᠡᠯᠡ》 ᠭᠡᠪᠡ᠃ 23 ᠰᠠᠦ᠋ᠯ ᠤᠨ ᠵᠠᠷᠤᠴᠠ ᠨᠠᠷ ᠡᠳᠡᠭᠡᠷ ᠦᠭᠡ ᠶᠢ ᠳ᠋ᠠᠸᠢᠳ᠋ ᠲᠤ ᠳᠤᠭᠤᠯᠭᠠᠭᠰᠠᠨ ᠳᠤ᠂ ᠳ᠋ᠠᠸᠢᠳ᠋᠄ 《ᠬᠠᠭᠠᠨ ᠤ ᠬᠦᠷᠭᠡᠨ ᠪᠣᠯᠬᠤ ᠶᠢ ᠮᠢᠨᠢ ᠲᠠ ᠨᠠᠷ ᠬᠢᠯᠪᠠᠷᠬᠠᠨ ᠭᠡᠵᠦ ᠪᠣᠳᠣᠪᠠ ᠤᠤ︖ ᠪᠢ ᠶᠠᠳᠠᠭᠤ ᠳᠣᠷᠣᠢ ᠬᠥᠮᠦᠨ ᠰᠢᠦ ᠳᠠ》 ᠭᠡᠪᠡ᠃ 24 ᠰᠠᠦ᠋ᠯ ᠤᠨ ᠵᠠᠷᠤᠴᠠ ᠨᠠᠷ ᠳ᠋ᠠᠸᠢᠳ᠋ ᠤᠨ ᠬᠡᠯᠡᠭᠰᠡᠨ ᠡᠳᠡᠭᠡᠷ ᠦᠭᠡ ᠶᠢ ᠳᠤᠭᠤᠯᠭᠠᠭᠰᠠᠨ ᠳᠤ᠂ 25 ᠰᠠᠦ᠋ᠯ᠄ 《ᠬᠠᠭᠠᠨ ᠳᠠᠢᠰᠤᠨ ᠠᠴᠠ ᠪᠠᠨ ᠥᠰᠢᠶ᠎ᠡ ᠪᠡᠨ ᠠᠪᠬᠤ ᠶᠢᠨ ᠲᠤᠯᠠᠳᠠ ᠪᠡᠯᠡᠭ ᠲᠡᠭᠡᠨ ᠵᠠᠭᠤᠨ ᠹᠢᠯᠢᠰᠲ ᠬᠥᠮᠦᠨ ᠦ ᠬᠥᠪᠴᠢᠷᠬᠡᠢ ᠶᠢᠨ ᠠᠷᠠᠰᠤᠨ ᠠᠴᠠ ᠥᠭᠡᠷ᠎ᠡ ᠶᠠᠭᠤ ᠴᠤ ᠠᠪᠬᠤ ᠦᠭᠡᠢ ᠭᠡᠵᠦ ᠪᠠᠢᠨ᠎ᠠ ᠬᠡᠮᠡᠨ ᠳ᠋ᠠᠸᠢᠳ᠋ ᠲᠤ ᠳᠠᠮᠵᠢᠭᠤᠯᠤᠭᠠᠷᠠᠢ》 ᠭᠡᠪᠡ᠃ ᠰᠠᠦ᠋ᠯ ᠢᠩᠭᠢᠵᠦ ᠳ᠋ᠠᠸᠢᠳ᠋ ᠢ ᠹᠢᠯᠢᠰᠲ᠋ᠴᠦᠳ ᠦᠨ ᠭᠠᠷ ᠢᠶᠠᠷ ᠬᠣᠣᠷᠯᠠᠭᠤᠯᠬᠤ ᠰᠠᠨᠠᠭ᠎ᠠ ᠲᠠᠢ ᠪᠠᠢᠯ᠎ᠠ᠃ 26 ᠰᠠᠦ᠋ᠯ ᠤᠨ ᠵᠠᠷᠤᠴᠠ ᠨᠠᠷ ᠡᠳᠡᠭᠡᠷ ᠦᠭᠡ ᠶᠢ ᠳ᠋ᠠᠸᠢᠳ᠋ ᠲᠤ ᠬᠡᠯᠡᠬᠦ ᠳᠦ᠂ ᠬᠠᠭᠠᠨ ᠤ ᠬᠦᠷᠭᠡᠨ ᠪᠣᠯᠬᠤ ᠨᠢ ᠰᠠᠢᠨ ᠭᠡᠵᠦ ᠲᠡᠭᠦᠨ ᠳᠦ ᠰᠠᠨᠠᠭᠳᠠᠪᠠ᠃ ᠡᠢᠮᠦ ᠡᠴᠡ ᠲᠣᠭᠲᠠᠭᠠᠭᠰᠠᠨ ᠬᠤᠭᠤᠴᠠᠭ᠎ᠠ ᠨᠢ ᠪᠣᠯᠬᠤ ᠠᠴᠠ ᠡᠮᠦᠨ᠎ᠡ᠂ 27 ᠳ᠋ᠠᠸᠢᠳ᠋ ᠬᠥᠳᠡᠯᠦᠨ ᠴᠡᠷᠢᠭ ᠲᠠᠢ ᠪᠠᠨ ᠶᠠᠪᠤᠵᠤ᠂ ᠹᠢᠯᠢᠰᠲ᠋ᠴᠦᠳ ᠡᠴᠡ ᠬᠣᠶᠠᠷ ᠵᠠᠭᠤᠨ ᠬᠥᠮᠦᠨ ᠢ ᠴᠣᠬᠢᠵᠤ ᠠᠯᠠᠭᠠᠳ ᠬᠥᠪᠴᠢᠷᠬᠡᠢ ᠶᠢᠨ ᠠᠷᠠᠰᠤ ᠶᠢ ᠨᠢ ᠠᠪᠴᠢᠷᠠᠭᠰᠠᠨ ᠢᠶᠠᠷ ᠢᠶᠠᠨ ᠬᠠᠭᠠᠨ ᠤ ᠬᠦᠷᠭᠡᠨ ᠪᠣᠯᠬᠤ ᠨᠥᠬᠥᠴᠡᠯ ᠢ ᠬᠠᠩ᠋ᠭᠠᠨ ᠬᠠᠭᠠᠨ ᠳᠤ ᠥᠭᠪᠡ᠃ ᠡᠢᠨ ᠬᠦ ᠰᠠᠦ᠋ᠯ ᠥᠬᠢᠨ ᠮᠢᠺᠠᠯ ᠢᠶᠠᠨ ᠳ᠋ᠠᠸᠢᠳ᠋ ᠲᠤ ᠡᠬᠡᠨᠡᠷ ᠪᠣᠯᠭᠠᠨ ᠥᠭᠴᠡᠢ᠃ 28 ᠰᠠᠦ᠋ᠯ ᠶᠣᠬᠣᠸᠠ ᠶᠢᠨ ᠳ᠋ᠠᠸᠢᠳ᠋ ᠲᠠᠢ ᠬᠠᠮᠲᠤ ᠪᠠᠢᠭ᠎ᠠ ᠶᠢ ᠣᠢᠯᠠᠭᠠᠵᠤ᠂ ᠥᠪᠡᠷ ᠦᠨ ᠬᠢᠨᠢ ᠥᠬᠢᠨ ᠮᠢᠺᠠᠯ ᠤᠨ ᠳ᠋ᠠᠸᠢᠳ᠋ ᠲᠤ ᠬᠠᠢᠷᠠᠲᠠᠢ ᠶᠢ ᠬᠠᠷᠠᠭᠠᠳ 29 ᠳ᠋ᠠᠸᠢᠳ᠋ ᠠᠴᠠ ᠤᠯᠠᠮ ᠶᠡᠬᠡ ᠠᠶᠤᠳᠠᠭ ᠪᠣᠯᠪᠠ᠃ ᠲᠡᠢᠨ ᠬᠦ ᠰᠠᠦ᠋ᠯ ᠳ᠋ᠠᠸᠢᠳ᠋ ᠤᠨ ᠦᠷᠭᠦᠯᠵᠢ ᠶᠢᠨ ᠥᠰᠲᠡᠨ ᠳᠠᠢᠰᠤᠨ ᠪᠣᠯᠵᠠᠢ᠃

30 ᠹᠢᠯᠢᠰᠲ᠋ᠴᠦᠳ ᠦᠨ ᠨᠣᠶᠠᠳ ᠪᠠᠢᠨ ᠪᠠᠢᠨ ᠳᠣᠪᠲᠣᠯᠵᠤ ᠪᠠᠢᠪᠠ᠃ ᠲᠡᠭᠡᠬᠦ ᠪᠦᠷᠢ ᠳᠤ᠂ ᠳᠠᠢᠲᠤᠬᠤ ᠪᠠᠷ ᠭᠠᠷᠤᠭᠰᠠᠨ ᠰᠠᠦ᠋ᠯ ᠤᠨ ᠪᠦᠬᠦ ᠵᠠᠷᠤᠴᠠ ᠨᠠᠷ ᠤᠨ ᠳᠣᠲᠣᠷ᠎ᠠ ᠠᠴᠠ ᠳ᠋ᠠᠸᠢᠳ᠋ ᠢᠯᠡᠭᠦᠦ ᠢᠯᠠᠯᠲᠠ ᠤᠯᠳᠠᠭ ᠪᠣᠯᠬᠣᠷ ᠲᠡᠭᠦᠨ ᠦ ᠨᠡᠷ᠎ᠡ ᠤᠯᠠᠮ ᠢᠯᠡᠭᠦᠦ ᠠᠯᠳᠠᠷᠰᠢᠭᠰᠠᠨ ᠪᠠᠢᠨ᠎ᠠ᠃