1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠶᠠᠷ
 ᠬᠠᠨᠠ ᠶᠢᠨ ᠮᠠᠭᠲᠠᠭᠠᠯ

1 ᠬᠠᠨᠠ ᠳᠠᠭᠠᠳᠬᠠᠨ᠄ 《ᠡᠵᠡᠨ ᠲᠠᠨ ᠳᠤ ᠵᠢᠷᠦᠬᠡ ᠮᠢᠨᠢ ᠪᠠᠶᠠᠷᠯᠠᠨ᠎ᠠ᠂ ᠶᠣᠬᠣᠸᠠ ᠶᠢᠨ ᠳᠣᠲᠣᠷ᠎ᠠ ᠡᠪᠡᠷ 3 ᠮᠢᠨᠢ ᠡᠷᠭᠦᠭᠳᠡᠨ᠎ᠡ ᠠᠮᠠ ᠶᠣ ᠪᠠᠨ ᠳᠠᠢᠰᠤᠨ ᠨᠤᠭᠤᠳ ᠤᠨ ᠢᠶᠠᠨ ᠡᠰᠡᠷᠭᠦ ᠴᠢᠨᠡᠭᠡ ᠪᠡᠷ ᠨᠢ ᠠᠩ᠋ᠭᠠᠢᠪᠠ ᠠᠪᠤᠷᠠᠯ ᠳᠤ ᠲᠠᠨᠢ ᠪᠢ ᠪᠠᠶᠠᠷᠯᠠᠨ ᠪᠠᠶᠠᠰᠤᠨ᠎ᠠ᠃
2 ᠶᠣᠬᠣᠸᠠ ᠲᠠᠢ ᠠᠳᠠᠯᠢ ᠠᠷᠢᠭᠤᠨ ᠨᠢᠭᠡᠨ ᠭᠡᠵᠦ ᠪᠠᠢᠬᠤ ᠦᠭᠡᠢ ᠡᠭᠡᠭᠡ ᠯᠠ ᠲᠠᠨ ᠰᠢᠭ᠋ ᠨᠢ ᠬᠠᠮᠢᠭ᠎ᠠ ᠴᠤ ᠦᠭᠡᠢ ᠪᠢᠳᠡᠨ ᠦ ᠪᠤᠷᠬᠠᠨ ᠯᠤᠭ᠎ᠠ ᠠᠳᠠᠯᠢ ᠬᠠᠳᠠ ᠭᠡᠵᠦ ᠪᠠᠢᠬᠤ ᠦᠭᠡᠢ᠃
3 ᠶᠡᠬᠡᠳᠡ ᠣᠯᠠᠨ ᠦᠭᠡ ᠪᠠᠷᠳᠠᠮᠨᠠᠨ ᠪᠦᠦ ᠶᠠᠷᠢ ᠶᠡᠬᠡᠮᠰᠦᠭ ᠢᠴᠢᠭᠦᠷᠢᠲᠦ ᠦᠭᠡᠰ ᠢ ᠠᠮᠠᠨ ᠠᠴᠠ ᠪᠠᠨ ᠪᠦᠦ ᠭᠠᠷᠭ᠎ᠠ ᠬᠠᠮᠤᠭ ᠢ ᠮᠡᠳᠡᠭᠴᠢ ᠪᠤᠷᠬᠠᠨ ᠶᠣᠬᠣᠸᠠ ᠲᠤᠯᠠ ᠬᠠᠮᠤᠭ ᠦᠢᠯᠡ ᠶᠢ ᠳᠡᠩᠰᠡᠯᠡᠭᠴᠢ 4 ᠨᠢ ᠴᠤᠬᠤᠮ ᠳᠠᠭᠠᠨ ᠲᠡᠷᠡ ᠪᠢᠯᠡ᠃
4 ᠳᠠᠢᠴᠢᠨ ᠪᠠᠢᠭᠰᠠᠨ ᠤ ᠨᠤᠮᠤ ᠬᠤᠭᠤᠷᠠᠬᠤ ᠳᠤ ᠳᠣᠷᠣᠢ ᠨᠢᠭᠡ ᠨᠢ ᠬᠦᠴᠦ ᠶᠢ ᠠᠭᠰᠠᠪᠠ᠃
5 ᠴᠠᠳᠬᠤᠯᠠᠩ ᠪᠠᠢᠭᠰᠠᠨ ᠨᠢ ᠲᠠᠯᠬ᠎ᠠ ᠬᠠᠢᠨ ᠬᠥᠯᠥᠰᠥᠨ ᠦ ᠬᠥᠮᠦᠨ ᠪᠣᠯᠬᠤ ᠳᠤ ᠥᠯᠥᠰᠬᠥᠯᠡᠩ ᠪᠠᠢᠭᠰᠠᠨ ᠨᠢ ᠥᠯᠥᠰᠬᠦ ᠪᠡᠨ ᠨᠢᠭᠡᠨᠲᠡ ᠪᠣᠯᠢᠵᠠᠢ ᠬᠡᠭᠦᠰᠡᠷ ᠡᠮᠡᠭᠲᠡᠢ ᠳᠣᠯᠣᠭ᠎ᠠ ᠲᠥᠷᠥᠵᠦ ᠪᠠᠢᠬᠤ ᠳᠤ ᠬᠡᠦᠬᠡᠳ ᠣᠯᠠᠨ ᠲᠠᠢ ᠪᠠᠢᠭᠰᠠᠨ ᠡᠮᠡᠭᠲᠡᠢ ᠨᠢ ᠪᠠᠭᠤᠷᠠᠨ ᠳᠣᠷᠣᠢᠲᠠᠨ᠎ᠠ᠃
6 ᠦᠬᠦᠭᠦᠯᠳᠡᠭ ᠨᠢ ᠴᠤ᠂ ᠠᠮᠢᠯᠠᠭᠤᠯᠳᠠᠭ ᠨᠢ ᠴᠤ ᠶᠣᠬᠣᠸᠠ ᠪᠣᠯᠬᠣᠷ ᠦᠬᠦᠭᠰᠡᠳ ᠦᠨ ᠣᠷᠣᠨ ᠳᠤ ᠤᠨᠠᠭᠠᠳᠠᠭ ᠨᠢ᠂ ᠪᠠᠰᠠ ᠡᠷᠭᠦᠨ ᠪᠣᠰᠬᠠᠳᠠᠭ ᠨᠢ ᠲᠡᠷᠡ᠃
7 ᠦᠭᠡᠶᠢᠷᠡᠭᠦᠯᠳᠡᠭ ᠪᠠᠰᠠ ᠪᠠᠶᠠᠵᠢᠭᠤᠯᠳᠠᠭ ᠨᠢ ᠶᠣᠬᠣᠸᠠ ᠪᠣᠯᠬᠣᠷ ᠳᠣᠣᠷᠠᠳᠤᠭᠤᠯᠳᠠᠭ ᠪᠠᠰᠠ ᠳᠡᠭᠡᠷᠡᠳᠡᠭᠦᠯᠳᠡᠭ ᠨᠢ ᠲᠡᠷᠡ ᠶᠤᠮ᠃
8 ᠲᠣᠭᠣᠰᠣ ᠰᠢᠷᠣᠢ ᠠᠴᠠ ᠳᠣᠷᠣᠢ ᠨᠢᠭᠡᠨ ᠢ ᠪᠣᠰᠬᠠᠬᠤ ᠳᠠᠭᠠᠨ ᠦᠨᠡᠰᠦᠨ ᠣᠪᠣᠭ᠎ᠠ ᠠᠴᠠ ᠦᠭᠡᠭᠦᠦ ᠶᠠᠳᠠᠭᠤ ᠶᠢ ᠡᠷᠭᠦᠬᠦ ᠳᠡᠭᠡᠨ ᠡᠷᠭᠦᠮᠵᠢᠯᠡᠨ ᠲᠡᠳᠡᠨ ᠢ ᠳᠡᠭᠡᠳᠦᠰ ᠦᠨ ᠳᠤᠮᠳᠠ ᠰᠠᠭᠤᠯᠭᠠᠨ ᠥᠨᠳᠥᠷ ᠠᠯᠳᠠᠷ ᠤᠨ ᠰᠠᠭᠤᠳᠠᠯ ᠢ ᠲᠡᠳᠡᠨ ᠳᠦ ᠲᠡᠷᠡ ᠥᠪᠯᠡᠭᠦᠯᠦᠨ᠎ᠡ᠃ ᠭᠠᠵᠠᠷ ᠳᠡᠯᠡᠬᠡᠢ ᠶᠢᠨ ᠲᠤᠯᠭᠠᠭᠤᠷᠢ ᠪᠠᠭᠠᠨ᠎ᠠ ᠨᠢ ᠶᠣᠬᠣᠸᠠ ᠶᠢᠨ ᠬᠢ ᠲᠤᠯᠠ ᠭᠠᠭᠴᠠ ᠡᠭᠦᠨ ᠦ ᠪᠠᠨ ᠳᠡᠭᠡᠷ᠎ᠡ ᠶᠣᠬᠣᠸᠠ ᠶᠢᠷᠲᠢᠨᠴᠦ ᠶᠢ ᠲᠡᠩᠨᠡᠪᠡ᠃
9 ᠢᠲᠡᠭᠡᠭᠴᠢᠳ ᠤᠨ ᠢᠶᠠᠨ ᠬᠥᠯ ᠢ ᠬᠠᠮᠠᠭᠠᠯᠠᠳᠠᠭ ᠨᠢ ᠶᠣᠬᠣᠸᠠ ᠪᠢᠯᠡ ᠬᠠᠷᠠᠩ᠋ᠭᠤᠢ ᠳᠤ ᠳᠠᠭᠤ ᠦᠭᠡᠢ ᠪᠣᠯᠳᠠᠭ ᠨᠢ ᠬᠠᠷ᠎ᠠ ᠬᠦᠴᠦ ᠨᠢ ᠥᠪᠡᠷᠰᠡᠳ ᠢ ᠨᠢ ᠬᠠᠮᠠᠯᠠᠭᠠᠵᠤ ᠡᠰᠡ ᠴᠢᠳᠠᠳᠠᠭ ᠲᠤ ᠶᠤᠮ᠃
10 ᠲᠡᠭᠦᠨ ᠲᠡᠢ ᠰᠥᠷᠭᠥᠯᠳᠥᠭᠴᠢᠳ ᠨᠠᠮ ᠳᠠᠷᠤᠭᠳᠠᠨ᠎ᠠ ᠲᠡᠭᠡᠭᠡᠳ ᠲᠡᠳᠡᠨ ᠢ ᠶᠣᠬᠣᠸᠠ ᠲᠩᠷᠢ ᠡᠴᠡ ᠪᠠᠰᠠ ᠨᠢᠷᠭᠡᠨ᠎ᠡ ᠳᠡᠯᠡᠬᠡᠢ ᠶᠢᠨ ᠬᠢᠵᠠᠭᠠᠷ ᠬᠦᠷᠲᠡᠯ᠎ᠡ ᠶᠣᠬᠣᠸᠠ ᠰᠢᠭᠦᠬᠦ ᠪᠣᠯᠣᠨ᠎ᠠ ᠬᠠᠭᠠᠨ ᠳᠠᠭᠠᠨ ᠬᠦᠴᠦ ᠴᠢᠳᠠᠯ ᠢ ᠲᠡᠷᠡ ᠥᠭᠬᠦ ᠪᠣᠯᠣᠨ᠎ᠠ ᠲᠣᠰᠣᠯᠠᠭᠰᠠᠨ ᠤ ᠪᠠᠨ ᠡᠪᠡᠷ 5 ᠢ ᠲᠡᠷᠡ ᠪᠠᠰᠠ ᠡᠷᠭᠦᠬᠦ ᠪᠣᠯᠣᠨ᠎ᠠ》 ᠭᠡᠪᠡ᠃
 ᠪᠠᠯᠴᠢᠷ ᠰᠠᠮᠦ᠋ᠶᠧᠯ ᠬᠢᠭᠡᠳ ᠡᠯᠢ ᠶᠢᠨ ᠬᠥᠪᠡᠭᠦᠳ

11 ᠡᠯᠺᠠᠨᠠ ᠷᠠᠮᠠ ᠤᠷᠤᠭᠤ ᠭᠡᠷ ᠲᠡᠭᠡᠨ ᠬᠠᠷᠢᠵᠤ᠂ ᠬᠥᠪᠡᠭᠦᠨ ᠨᠢ ᠲᠠᠬᠢᠯᠴᠢ ᠡᠯᠢ ᠶᠢᠨ ᠳᠣᠣᠷ᠎ᠠ ᠶᠣᠬᠣᠸᠠ ᠳᠤ ᠦᠢᠯᠡᠴᠢᠯᠡᠵᠦ ᠡᠬᠢᠯᠡᠪᠡ᠃

12 ᠡᠯᠢ ᠶᠢᠨ ᠬᠥᠪᠡᠭᠦᠳ ᠨᠢ ᠪᠦᠲᠦᠯ ᠦᠭᠡᠢ ᠠᠵᠢ᠂ ᠲᠡᠳᠡ ᠶᠣᠬᠣᠸᠠ ᠶᠢ ᠣᠢᠰᠢᠶᠠᠳᠠᠭ ᠦᠭᠡᠢ ᠪᠠᠢᠪᠠ᠃ 13 ᠡᠳᠡᠭᠡᠷ ᠲᠠᠬᠢᠯᠴᠢ ᠠᠷᠠᠳ ᠲᠦᠮᠡᠨ ᠳᠦ ᠢᠩᠭᠢᠵᠦ ᠬᠠᠨᠳᠤᠳᠠᠭ ᠪᠠᠢᠪᠠ᠄ ᠬᠡᠨ ᠨᠢᠭᠡᠨ ᠬᠥᠮᠦᠨ ᠡᠷᠭᠦᠯ ᠡᠷᠭᠦᠬᠦ ᠦᠶ᠎ᠡ ᠳᠦ᠂ ᠮᠢᠬ᠎ᠠ ᠴᠢᠨᠠᠵᠤ ᠪᠠᠢᠬᠤ ᠳᠤᠨᠢ ᠲᠠᠬᠢᠯᠴᠢ ᠶᠢᠨ ᠵᠠᠷᠤᠴᠠ ᠭᠤᠷᠪᠠᠨ ᠰᠠᠯᠠᠭᠠᠲᠤ ᠰᠡᠷᠡᠭᠡ ᠪᠠᠷᠢᠨ ᠢᠷᠡᠵᠦ 14 ᠲᠡᠭᠦᠪᠡᠷ ᠢᠶᠡᠨ ᠲᠣᠭᠣᠭ᠎ᠠ᠂ ᠰᠠᠪᠠ᠂ ᠬᠠᠭᠠᠷᠢᠭᠤᠯ ᠤᠨ ᠲᠠᠪᠠᠭ᠂ ᠸᠠᠭᠠᠷ ᠰᠠᠪᠠ ᠤᠷᠤᠭᠤ ᠬᠠᠳᠬᠤᠵᠤ ᠰᠡᠷᠡᠭᠡᠨ ᠳᠦ ᠵᠣᠭᠣᠭᠳᠠᠨ ᠭᠠᠷᠤᠭᠰᠠᠨ ᠪᠦᠬᠦᠨ ᠢ ᠲᠠᠬᠢᠯᠴᠢ ᠥᠪᠡᠷ ᠲᠡᠭᠡᠨ ᠠᠪᠳᠠᠭ ᠪᠠᠢᠪᠠ᠃ ᠲᠡᠳᠡ ᠱᠢᠯᠣ᠋ ᠳᠤ ᠢᠷᠡᠭᠴᠢ ᠢᠰᠷᠧᠯ ᠬᠥᠮᠦᠨ ᠪᠦᠷᠢ ᠳᠤ ᠢᠩᠭᠢᠳᠡᠭ ᠪᠠᠢᠯ᠎ᠠ᠃ 15 ᠡᠭᠦᠪᠡᠷ ᠦᠯᠦ ᠪᠠᠷᠠᠨ ᠥᠭᠡᠬᠦ ᠰᠢᠲᠠᠭᠳᠠᠬᠤ ᠠᠴᠠ ᠴᠤ ᠡᠮᠦᠨ᠎ᠡ ᠲᠠᠬᠢᠯᠴᠢ ᠶᠢᠨ ᠵᠠᠷᠤᠴᠠ ᠢᠷᠡᠭᠡᠳ ᠡᠷᠭᠦᠯ ᠡᠷᠭᠦᠵᠦ ᠪᠤᠢ ᠬᠥᠮᠦᠨ ᠳᠦ᠄ 《ᠲᠠᠬᠢᠯᠴᠢᠳ ᠲᠤ ᠰᠢᠷᠠᠬᠤ ᠮᠢᠬ᠎ᠠ ᠥᠭ᠃ ᠲᠠᠬᠢᠯᠴᠢ ᠴᠢᠨᠢ ᠴᠢᠨᠠᠭᠰᠠᠨ ᠮᠢᠬ᠎ᠠ ᠠᠪᠬᠤ ᠦᠭᠡᠢ᠂ ᠲᠦᠭᠦᠬᠡᠢ ᠶᠢ ᠯᠠ ᠠᠪᠤᠨ᠎ᠠ ᠰᠢᠦ》 ᠭᠡᠳᠡᠭ ᠪᠠᠢᠪᠠ᠃ 16 ᠬᠡᠷᠪᠡ ᠲᠡᠭᠦᠨ ᠳᠦ᠄ 《ᠡᠬᠢᠯᠡᠭᠡᠳ ᠥᠭᠡᠬᠦ ᠰᠢᠲᠠᠭ᠂ ᠳᠠᠷᠠᠭ᠎ᠠ ᠨᠢ ᠬᠦᠰᠡᠭᠰᠡᠨ ᠢᠶᠡᠨ ᠠᠪᠤᠭᠠᠷᠠᠢ》 ᠭᠡᠵᠦ ᠬᠡᠯᠡᠪᠡᠯ᠂ ᠲᠡᠷᠡ᠄ 《ᠣᠳᠣ ᠥᠭ᠂ ᠲᠡᠭᠡᠬᠦ ᠦᠭᠡᠢ ᠪᠣᠯ ᠪᠢ ᠬᠦᠴᠦ ᠪᠡᠷ ᠠᠪᠤᠨ᠎ᠠ ᠰᠢᠦ》 ᠭᠡᠳᠡᠭ ᠪᠠᠢᠪᠠ᠃ 17 ᠡᠳᠡᠭᠡᠷ ᠵᠠᠯᠠᠭᠤᠰ ᠤᠨ ᠨᠢᠭᠦᠯ ᠨᠢ ᠶᠣᠬᠣᠸᠠ ᠶᠢᠨ ᠡᠮᠦᠨ᠎ᠡ ᠡᠨᠡ ᠮᠡᠲᠦ ᠠᠰᠤᠷᠤ ᠶᠡᠬᠡ ᠪᠠᠢᠯ᠎ᠠ᠃ ᠤᠴᠢᠷ ᠨᠢ ᠲᠡᠳᠡ ᠶᠣᠬᠣᠸᠠ ᠳᠤ ᠡᠷᠭᠦᠬᠦ ᠡᠷᠭᠦᠯ ᠢ ᠪᠠᠰᠤᠮᠵᠢᠯᠠᠳᠠᠭ ᠪᠠᠢᠪᠠ᠃

18 ᠲᠡᠭᠡᠬᠦ ᠳᠦ ᠰᠠᠮᠦ᠋ᠶᠧᠯ ᠪᠠᠯᠴᠢᠷ ᠪᠣᠯᠪᠠᠴᠤ ᠮᠠᠭᠠᠯᠢᠩ᠋ᠭᠤᠨ ᠡᠹᠣᠳ ᠡᠮᠦᠰᠴᠦ᠂ ᠶᠣᠬᠣᠸᠠ ᠶᠢᠨ ᠡᠮᠦᠨ᠎ᠡ ᠦᠢᠯᠡᠴᠢᠯᠡᠵᠦ ᠪᠠᠢᠪᠠ᠃ 19 ᠡᠬᠡ ᠨᠢ ᠲᠡᠭᠦᠨ ᠳᠦ ᠵᠣᠷᠢᠭᠤᠯᠤᠨ ᠵᠢᠯ ᠪᠦᠷᠢ ᠪᠢᠴᠢᠬᠠᠨ ᠬᠤᠪᠴᠠᠰᠤ ᠬᠢᠵᠦ᠂ ᠵᠢᠯ ᠪᠦᠷᠢ ᠲᠠᠬᠢᠯ ᠡᠷᠭᠦᠬᠦ ᠪᠡᠷ ᠨᠥᠬᠥᠷ ᠲᠡᠢ ᠪᠡᠨ ᠬᠠᠮᠲᠤ ᠢᠷᠡᠬᠦ ᠳᠡᠭᠡᠨ ᠲᠡᠭᠦᠨ ᠳᠦ ᠠᠪᠴᠢᠷᠠᠵᠤ ᠥᠭᠳᠡᠭ ᠪᠠᠢᠪᠠ᠃ 20 ᠲᠡᠭᠡᠬᠦ ᠳᠦ ᠡᠯᠢ ᠡᠯᠺᠠᠨᠠ ᠪᠣᠯᠣᠨ ᠲᠡᠭᠦᠨ ᠦ ᠡᠬᠡᠨᠡᠷ ᠢ ᠢᠷᠥᠭᠡᠨ᠄ 《ᠶᠣᠬᠣᠸᠠ ᠳᠤ ᠵᠣᠷᠢᠭᠤᠯᠤᠭᠰᠠᠨ ᠬᠡᠦᠬᠡᠳ ᠢ ᠣᠷᠣᠯᠠᠬᠤ ᠦᠷ᠎ᠡ ᠤᠳᠤᠮ ᠢ ᠴᠢᠨᠢ ᠶᠣᠬᠣᠸᠠ ᠡᠨᠡ ᠡᠮᠡᠭᠲᠡᠢ ᠪᠠᠷ ᠳᠠᠮᠵᠢᠭᠤᠯᠤᠨ ᠴᠢᠮ᠎ᠠ ᠳᠤ ᠰᠣᠶᠣᠷᠬᠠᠬᠤ ᠪᠣᠯᠲᠤᠭᠠᠢ︕》 ᠭᠡᠵᠦ ᠬᠡᠯᠡᠳᠡᠭ ᠪᠠᠢᠯ᠎ᠠ᠃ ᠲᠡᠭᠡᠭᠡᠳ ᠲᠡᠳᠡ ᠨᠤᠲᠤᠭ ᠤᠷᠤᠭᠤ ᠪᠠᠨ ᠪᠤᠴᠠᠳᠠᠭ ᠪᠠᠢᠪᠠ᠃

21 ᠶᠣᠬᠣᠸᠠ ᠬᠠᠨᠠ ᠶᠢ ᠬᠠᠢᠬᠤᠷᠤᠭᠰᠠᠨ ᠳᠤ᠂ ᠲᠡᠷᠡ ᠵᠢᠷᠮᠦᠰᠦᠯᠡᠵᠦ ᠠᠬᠢᠭᠠᠳ ᠭᠤᠷᠪᠠᠨ ᠬᠥᠪᠡᠭᠦᠨ᠂ ᠬᠣᠶᠠᠷ ᠥᠬᠢᠨ ᠲᠥᠷᠥᠭᠦᠯᠦᠭᠰᠡᠨ ᠪᠥᠭᠡᠳ ᠪᠠᠯᠴᠢᠷ ᠬᠥᠪᠡᠭᠦᠨ ᠰᠠᠮᠦ᠋ᠶᠧᠯ ᠴᠤ ᠶᠣᠬᠣᠸᠠ ᠶᠢᠨ ᠳᠡᠷᠭᠡᠳᠡ ᠥᠰᠥᠨ ᠲᠣᠷᠨᠢᠵᠤ ᠪᠠᠢᠪᠠ᠃

22 ᠡᠯᠢ ᠮᠠᠰᠢ ᠥᠨᠳᠥᠷ ᠨᠠᠰᠤᠲᠠᠢ ᠪᠣᠯᠣᠭᠰᠠᠨ ᠪᠣᠯᠪᠠᠴᠤ ᠬᠥᠪᠡᠭᠦᠳ ᠦᠨ ᠢᠶᠠᠨ ᠪᠦᠬᠦ ᠢᠰᠷᠧᠯ ᠳᠤ ᠦᠢᠯᠡᠳᠴᠦ ᠪᠠᠢᠭ᠎ᠠ ᠪᠦᠬᠦᠨ ᠦ ᠲᠤᠬᠠᠢ᠂ ᠴᠢᠭᠤᠯᠭᠠᠨ ᠤ ᠴᠠᠴᠠᠷ ᠤᠨ ᠡᠭᠦᠳᠡᠨ ᠳᠦ ᠦᠢᠯᠡᠴᠢᠯᠡᠳᠡᠭ᠌ ᠡᠮᠡᠰ ᠲᠡᠢ ᠤᠨᠲᠠᠵᠤ ᠬᠡᠪᠲᠡᠳᠡᠭ ᠦᠨ ᠬᠢᠨᠢ ᠲᠤᠬᠠᠢ ᠰᠣᠨᠣᠰᠳᠠᠭ ᠪᠠᠢᠪᠠ᠃ 23 ᠲᠡᠷᠡ ᠪᠡᠷ ᠬᠥᠪᠡᠭᠦᠳ ᠲᠡᠭᠡᠨ᠄ 《ᠲᠠ ᠨᠠᠷ ᠶᠠᠭᠤᠨ ᠳᠤ ᠡᠢᠮᠦ ᠬᠡᠷᠡᠭ ᠦᠢᠯᠡᠳᠦᠨ᠎ᠡ ᠪᠤᠢ︖ ᠪᠢ ᠡᠨᠡ ᠠᠷᠠᠳ ᠣᠯᠠᠨ ᠠᠴᠠ ᠪᠤᠵᠠᠷ ᠮᠠᠭᠤ ᠬᠡᠷᠡᠭ ᠢ ᠴᠢᠨᠢ ᠰᠣᠨᠣᠰᠴᠤ ᠪᠠᠢᠨ᠎ᠠ᠃ 24 ᠪᠢᠲᠡᠭᠡᠢ︕ ᠬᠡᠦᠬᠡᠳ ᠤᠳ ᠮᠢᠨᠢ᠂ ᠮᠢᠨᠦ ᠰᠣᠨᠣᠰᠣᠭᠰᠠᠨ ᠡᠨᠡ ᠭᠤᠲᠤᠮᠰᠢᠭᠲᠤ ᠴᠢᠮᠡᠭᠡ ᠣᠳᠣ ᠶᠣᠬᠣᠸᠠ ᠶᠢᠨ ᠠᠷᠠᠳ ᠲᠦᠮᠡᠨ ᠦ ᠳᠤᠮᠳᠠ ᠶᠠᠷᠢᠭᠳᠠᠨ ᠲᠠᠷᠬᠠᠵᠤ ᠪᠠᠢᠨ᠎ᠠ᠃ 25 ᠬᠡᠷᠪᠡ ᠬᠥᠮᠦᠨ ᠬᠥᠮᠦᠨ ᠳᠡᠭᠡᠨ ᠨᠢᠭᠦᠯ ᠦᠢᠯᠡᠳᠪᠡᠯ᠂ ᠪᠤᠷᠬᠠᠨ ᠲᠡᠭᠦᠨ ᠦ ᠲᠥᠯᠥᠭᠡ ᠵᠠᠭᠤᠴᠢᠯᠠᠨ᠎ᠠ᠃ ᠬᠠᠷᠢᠨ ᠬᠥᠮᠦᠨ ᠶᠣᠬᠣᠸᠠ ᠳᠤ ᠨᠢᠭᠦᠯ ᠦᠢᠯᠡᠳᠪᠡᠯ ᠬᠡᠨ ᠲᠡᠭᠦᠨ ᠦ ᠲᠥᠯᠥᠭᠡ ᠵᠠᠭᠤᠴᠢᠯᠠᠬᠤ ᠪᠤᠢ︖》 ᠭᠡᠵᠦ ᠬᠡᠯᠡᠪᠡ᠃ ᠭᠡᠪᠡᠴᠦ ᠲᠡᠳᠡ ᠡᠴᠢᠭᠡ ᠶᠢᠨ ᠢᠶᠠᠨ ᠦᠭᠡ ᠶᠢ ᠣᠢᠰᠢᠶᠠᠭᠰᠠᠨ ᠦᠭᠡᠢ᠃ ᠤᠴᠢᠷ ᠨᠢ ᠶᠣᠬᠣᠸᠠ ᠲᠡᠳᠡᠨ ᠢ ᠦᠬᠦᠭᠦᠯᠬᠦ ᠪᠡᠷ ᠰᠢᠢᠳᠦᠭᠰᠡᠨ ᠠᠵᠢ᠃

26 ᠬᠠᠷᠢᠨ ᠪᠠᠯᠴᠢᠷ ᠬᠥᠪᠡᠭᠦᠨ ᠰᠠᠮᠦ᠋ᠶᠧᠯ ᠤᠯᠠᠮ ᠥᠰᠥᠭᠰᠡᠭᠡᠷ᠂ ᠶᠣᠬᠣᠸᠠ ᠪᠣᠯᠣᠨ ᠬᠥᠮᠦᠰ ᠦᠨ ᠲᠠᠭᠠᠯᠠᠯ ᠢ ᠣᠯᠵᠤ ᠪᠠᠢᠯ᠎ᠠ᠃
 ᠡᠯᠢ ᠶᠢᠨ ᠭᠡᠷ ᠲᠦ ᠪᠠᠭᠤᠬᠤ ᠰᠢᠳᠬᠡᠯ

27 ᠲᠡᠭᠡᠬᠦ ᠳᠦ ᠡᠯᠢ ᠳᠤ ᠪᠤᠷᠬᠠᠨ ᠤ ᠬᠥᠮᠦᠨ ᠢᠷᠡᠵᠦ᠂ ᠦᠭᠡ ᠬᠡᠯᠡᠪᠡ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢᠨᠦ ᠳᠡᠭᠡᠳᠦᠰ ᠶᠧᠵᠢᠫᠲ ᠤᠨ ᠹᠠᠷᠠᠣ᠋ ᠶᠢᠨ ᠭᠡᠷ ᠲᠦ ᠪᠣᠭᠣᠯᠴᠢᠯᠠᠭᠳᠠᠵᠤ ᠪᠠᠢᠬᠤ ᠳᠤ᠂ ᠪᠢ ᠥᠪᠡᠷ ᠢ ᠪᠠᠨ ᠲᠡᠳᠡᠨ ᠳᠦ ᠲᠣᠳᠣᠷᠬᠠᠢ ᠢᠯᠡᠷᠬᠡᠶᠢᠯᠡᠭᠰᠡᠨ ᠪᠤᠰᠤ ᠤᠤ︖ 28 ᠲᠡᠭᠡᠬᠦ ᠳᠦ ᠪᠢ ᠴᠢᠨᠦ ᠳᠡᠭᠡᠳᠦᠰ ᠢ ᠢᠰᠷᠧᠯ ᠤᠨ ᠬᠠᠮᠤᠭ ᠣᠪᠣᠭ ᠠᠴᠠ ᠮᠢᠨᠦ ᠲᠠᠬᠢᠯᠴᠢ ᠪᠠᠷ ᠰᠣᠩ᠋ᠭᠣᠵᠤ᠂ ᠲᠡᠳᠡ ᠮᠢᠨᠦ ᠲᠠᠬᠢᠯ ᠤᠨ ᠰᠢᠷᠡᠭᠡᠨ ᠳᠡᠭᠡᠷ᠎ᠡ ᠤᠲᠤᠯᠭ᠎ᠠ ᠤᠭᠤᠭᠢᠭᠤᠯᠵᠤ᠂ ᠡᠹᠣᠳ ᠡᠮᠦᠰᠦᠨ ᠮᠢᠨᠦ ᠡᠮᠦᠨ᠎ᠡ ᠶᠠᠪᠤᠳᠠᠭ ᠪᠠᠢᠭᠰᠠᠨ ᠪᠤᠰᠤ ᠤᠤ︖ ᠪᠢ ᠪᠠᠰᠠ ᠢᠰᠷᠧᠯ ᠤᠨ ᠬᠥᠪᠡᠭᠦᠳ ᠦᠨ ᠪᠦᠬᠦ ᠭᠠᠯ ᠤᠨ ᠲᠠᠬᠢᠯ ᠢ ᠴᠤ ᠳᠡᠭᠡᠳᠦᠰ ᠦᠨ ᠴᠢᠨᠢ ᠭᠡᠷ ᠲᠦ ᠥᠭᠭᠥᠭᠰᠡᠨ ᠪᠢᠯᠡ᠃ 29 ᠮᠢᠨᠦ ᠣᠷᠣᠰᠢᠬᠤ ᠭᠠᠵᠠᠷ ᠲᠤ ᠮᠢᠨᠦ ᠲᠤᠰᠢᠶᠠᠭᠰᠠᠨ ᠢᠶᠠᠷ ᠨᠠᠳᠠ ᠳᠤ ᠡᠷᠭᠦᠭᠰᠡᠨ ᠡᠷᠭᠦᠯ ᠲᠠᠬᠢᠯ ᠤᠳ ᠳᠡᠭᠡᠷ᠎ᠡ ᠲᠠ ᠨᠠᠷ ᠶᠠᠭᠠᠬᠢᠭᠠᠳ ᠳᠡᠪᠰᠡᠯᠡᠵᠦ ᠪᠠᠢᠨ᠎ᠠ︖ ᠪᠠᠰᠠ ᠴᠢ ᠶᠠᠭᠤᠨ ᠳᠤ ᠨᠠᠳᠠ ᠠᠴᠠ ᠴᠤ ᠢᠯᠡᠭᠦᠦ ᠬᠥᠪᠡᠭᠦᠳ ᠢᠶᠡᠨ ᠳᠡᠭᠡᠳᠦᠯᠡᠵᠦ ᠪᠠᠢᠨ᠎ᠠ︖ ᠲᠠ ᠨᠠᠷ ᠮᠢᠨᠦ ᠠᠷᠠᠳ ᠲᠦᠮᠡᠨ ᠢᠰᠷᠧᠯ ᠤᠨ ᠲᠠᠬᠢᠯ ᠪᠦᠷᠢ ᠶᠢᠨ ᠳᠡᠭᠡᠵᠢ ᠪᠠᠷ ᠪᠡᠶ᠎ᠡ ᠪᠡᠨ ᠲᠠᠷᠭᠤᠯᠠᠭᠤᠯᠵᠤ ᠪᠠᠢᠨ᠎ᠠ᠃〉 30 ᠲᠡᠢᠮᠦ ᠡᠴᠡ ᠢᠰᠷᠧᠯ ᠤᠨ ᠪᠤᠷᠬᠠᠨ ᠶᠣᠬᠣᠸᠠ ᠡᠢᠨ ᠬᠦ ᠲᠤᠩ᠋ᠬᠠᠭᠯᠠᠵᠤ ᠪᠠᠢᠨ᠎ᠠ᠄ ᠴᠢᠨᠦ ᠭᠡᠷ ᠪᠣᠯᠣᠨ ᠴᠢᠨᠦ ᠡᠴᠢᠭᠡ ᠶᠢᠨ ᠭᠡᠷ ᠮᠢᠨᠦ ᠡᠮᠦᠨ᠎ᠡ ᠮᠥᠩᠬᠡᠳᠡ ᠦᠢᠯᠡᠴᠢᠯᠡᠨ᠎ᠡ ᠭᠡᠵᠦ ᠪᠢ ᠴᠢᠩ ᠦᠨᠡᠨ ᠢᠶᠡᠷ ᠬᠡᠯᠡᠭᠰᠡᠨ᠃ ᠬᠠᠷᠢᠨ ᠣᠳᠣ ᠶᠣᠬᠣᠸᠠ ᠪᠢ ᠲᠤᠩ᠋ᠬᠠᠭᠯᠠᠵᠤ ᠪᠠᠢᠨ᠎ᠠ᠄ ᠡᠨᠡ ᠨᠢ ᠨᠠᠳᠠ ᠠᠴᠠ ᠬᠣᠯᠠ ᠪᠠᠢᠭ᠂ ᠨᠠᠮᠠᠶᠢ ᠬᠦᠨᠳᠦᠳᠬᠡᠳᠡᠭ ᠬᠥᠮᠦᠨ ᠢ ᠪᠢ ᠬᠦᠨᠳᠦᠳᠬᠡᠨ᠎ᠡ᠂ ᠨᠠᠮᠠᠶᠢ ᠳᠣᠷᠣᠮᠵᠢᠯᠠᠳᠠᠭ ᠬᠥᠮᠦᠨ ᠢ ᠪᠢ ᠪᠠᠰᠤᠮᠵᠢᠯᠠᠨ᠎ᠠ᠃ 31 ᠠᠩ᠋ᠬᠠᠷᠤᠭᠲᠤᠨ᠂ ᠴᠢᠨᠦ ᠭᠠᠷ 6 ᠂ ᠳᠡᠭᠡᠳᠦᠰ ᠦᠨ ᠴᠢᠨᠢ ᠭᠠᠷ ᠢ ᠲᠠᠰᠤᠯᠬᠤ ᠡᠳᠦᠷ ᠤᠳ ᠢᠷᠡᠵᠦ ᠪᠠᠢᠨ᠎ᠠ︕ ᠴᠢᠨᠦ ᠭᠡᠷ ᠲᠦ ᠬᠥᠭᠰᠢᠨ ᠨᠠᠰᠤᠲᠠᠢ ᠬᠥᠮᠦᠨ ᠦᠭᠡᠢ ᠪᠣᠯᠣᠨ᠎ᠠ᠃ 32 ᠢᠰᠷᠧᠯ ᠳᠤ ᠪᠣᠯᠬᠤ ᠠᠯᠢᠪᠠ ᠰᠠᠢᠨ ᠰᠠᠢᠬᠠᠨ ᠤ ᠳᠤᠮᠳᠠ ᠴᠢ ᠥᠪᠡᠷ ᠦᠨ ᠢᠶᠠᠨ ᠭᠠᠵᠠᠷ ᠲᠤ ᠵᠣᠪᠠᠯᠠᠩ ᠦᠵᠡᠬᠦ ᠪᠣᠯᠣᠨ᠎ᠠ᠂ ᠴᠢᠨᠦ ᠭᠡᠷ ᠲᠦ ᠨᠠᠰᠤᠲᠠᠢ ᠬᠥᠮᠦᠨ ᠡᠭᠦᠷᠢᠳᠡ ᠪᠠᠢᠬᠤ ᠦᠭᠡᠢ ᠪᠣᠯᠣᠨ᠎ᠠ᠃ 33 ᠴᠢᠨᠦ ᠭᠡᠷ ᠪᠦᠯᠢ ᠮᠢᠨᠦ ᠲᠠᠬᠢᠯ ᠤᠨ ᠰᠢᠷᠡᠭᠡᠨ ᠡᠴᠡ ᠲᠠᠰᠤᠯᠤᠭᠳᠠᠬᠤ ᠦᠭᠡᠢ ᠴᠤ ᠨᠢᠯᠪᠤᠰᠤᠨ ᠳᠤ ᠨᠢᠳᠦ ᠨᠢ ᠰᠣᠬᠣᠷᠠᠵᠤ᠂ ᠰᠡᠳᠬᠢᠯ ᠨᠢ ᠵᠣᠪᠠᠬᠤ ᠪᠣᠯᠣᠨ᠎ᠠ᠃ ᠴᠢᠨᠦ ᠭᠡᠷ ᠲᠦ ᠲᠥᠷᠥᠭᠰᠡᠳ ᠢᠳᠡ ᠵᠠᠯᠠᠭᠤ ᠪᠠᠷ ᠢᠶᠠᠨ ᠦᠬᠦᠨ᠎ᠡ᠃ 34 ᠴᠢᠨᠦ ᠬᠣᠶᠠᠷ ᠬᠦᠦ ᠬᠣᠹᠨᠢ᠂ ᠹᠢᠨᠧᠬᠠᠰ ᠲᠤ ᠲᠣᠬᠢᠶᠠᠯᠳᠤᠬᠤ ᠵᠦᠢᠯ ᠨᠢ ᠡᠳᠡᠭᠡᠷ ᠢ ᠪᠠᠲᠤᠯᠠᠬᠤ ᠲᠡᠮᠳᠡᠭ ᠪᠣᠯᠣᠨ᠎ᠠ᠃ ᠲᠡᠷᠡ ᠬᠣᠶᠠᠷ ᠨᠢᠭᠡ ᠡᠳᠦᠷ ᠦᠬᠦᠨ᠎ᠡ᠃ 35 ᠪᠢ ᠵᠢᠷᠦᠬᠡ ᠰᠡᠳᠬᠢᠯ ᠤᠨ ᠮᠢᠨᠢ ᠳᠠᠭᠠᠤ ᠦᠢᠯᠡᠳᠬᠦ ᠦᠨᠡᠨᠴᠢ ᠲᠠᠬᠢᠯᠴᠢ ᠶᠢ ᠪᠣᠰᠬᠠᠨ᠎ᠠ᠃ ᠲᠡᠭᠦᠨ ᠳᠦ ᠪᠠᠲᠤ ᠦᠨᠡᠨ ᠭᠡᠷ ᠢ ᠪᠠᠷᠢᠵᠤ ᠥᠭᠭᠥᠨ᠎ᠡ᠃ ᠲᠡᠷᠡ ᠦᠷᠭᠦᠯᠵᠢ ᠮᠢᠨᠦ ᠲᠣᠰᠣᠯᠠᠭᠰᠠᠨ ᠨᠢᠭᠡᠨ 7  ᠤ ᠡᠮᠦᠨ᠎ᠡ ᠠᠯᠬᠤᠬᠤ ᠪᠣᠯᠣᠨ᠎ᠠ᠃ 36 ᠴᠢᠨᠦ ᠭᠡᠷ ᠲᠦ ᠠᠮᠢᠳᠤ ᠦᠯᠡᠳᠡᠭᠰᠡᠳ ᠪᠦᠭᠦᠳᠡ ᠵᠠᠳᠠᠭᠠᠢ ᠮᠥᠩᠭᠥᠨ ᠵᠣᠭᠣᠰ᠂ ᠡᠮᠬᠦ ᠲᠠᠯᠬᠠᠨ ᠤ ᠲᠥᠯᠥᠭᠡ ᠲᠡᠭᠦᠨ ᠳᠦ ᠢᠷᠡᠵᠦ ᠰᠥᠭᠥᠳᠥᠨ ᠪᠥᠬᠥᠢᠵᠦ᠄ 〈ᠲᠠᠬᠢᠯᠴᠢ ᠶᠢᠨ ᠶᠠᠮᠠᠷ ᠨᠢᠭᠡᠨ ᠠᠵᠢᠯ ᠪᠠᠢᠪᠠᠯ ᠨᠠᠳᠠ ᠪᠠᠷ ᠬᠢᠯᠭᠡᠭᠡᠴᠢ᠂ ᠡᠮᠬᠦ ᠲᠠᠯᠬ᠎ᠠ ᠴᠤ ᠢᠳᠡᠬᠦ ᠶᠤᠮ ᠰᠠᠨ〉 ᠭᠡᠨ᠎ᠡ》 ᠭᠡᠪᠡ᠃