1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠭᠤᠴᠢᠨ ᠨᠢᠭᠡ
 ᠰᠠᠦ᠋ᠯ ᠤᠨ ᠲᠡᠭᠦᠰᠬᠡᠯ

1 ᠹᠢᠯᠢᠰᠲ᠋ᠴᠦᠳ ᠢᠰᠷᠧᠯ ᠲᠠᠢ ᠲᠤᠯᠤᠯᠳᠤᠪᠠ᠃ ᠢᠰᠷᠧᠯᠴᠦᠳ ᠹᠢᠯᠢᠰᠲ᠋ᠴᠦᠳ ᠡᠴᠡ ᠵᠢᠭᠤᠲᠠᠵᠤ᠂ ᠭᠢᠯᠪᠣᠶ᠎ᠠ ᠠᠭᠤᠯᠠᠨ ᠳᠤ ᠬᠢᠶᠠᠷᠠᠨ ᠤᠨᠠᠵᠠᠢ᠃ 2 ᠹᠢᠯᠢᠰᠲ᠋ᠴᠦᠳ ᠰᠠᠦ᠋ᠯ ᠪᠣᠯᠣᠨ ᠲᠡᠭᠦᠨ ᠦ ᠬᠥᠪᠡᠭᠦᠳ ᠢ ᠭᠦᠢᠴᠡᠨ ᠠᠪᠴᠤ᠂ ᠰᠠᠦ᠋ᠯ ᠤᠨ ᠬᠥᠪᠡᠭᠦᠳ ᠶᠣᠨᠠᠲ᠋ᠠᠨ᠂ ᠠᠪᠢᠨᠠᠳᠠᠪ᠂ ᠮᠠᠯᠬᠢᠱᠦ᠋ᠶ᠎ᠠ ᠨᠠᠷ ᠢ ᠠᠯᠠᠪᠠ᠃ 3 ᠰᠠᠦ᠋ᠯ ᠤᠨ ᠡᠷᠭᠢᠨ ᠲᠣᠭᠣᠷᠢᠨ ᠳᠤ ᠲᠤᠯᠤᠯᠳᠤᠭᠠᠨ ᠤᠯᠠᠮ ᠰᠢᠷᠦᠭᠦᠰᠦᠭᠰᠡᠭᠡᠷ᠂ ᠬᠠᠷᠪᠤᠭᠠᠴᠢᠳ ᠲᠡᠭᠦᠨ ᠢ ᠬᠠᠷᠪᠤᠭᠰᠠᠨ ᠳᠤ᠂ ᠲᠡᠷᠡ ᠬᠦᠨᠳᠦ ᠰᠢᠷᠬᠠᠲᠤᠪᠠ᠃ 4 ᠰᠠᠦ᠋ᠯ ᠵᠡᠪᠰᠡᠭ ᠢ ᠨᠢ ᠪᠠᠷᠢᠭᠴᠢ ᠳᠠᠭᠠᠨ᠄ 《ᠴᠢ ᠢᠯᠳᠦ ᠪᠡᠨ ᠰᠤᠭᠤᠯᠤᠨ ᠨᠠᠮᠠᠶᠢ ᠬᠠᠳᠬᠤᠵᠤ ᠠᠯᠠ᠃ ᠬᠥᠪᠴᠢᠷᠬᠡᠢ ᠬᠥᠨᠳᠡᠭᠦᠯᠦᠭᠡ ᠦᠭᠡᠢ ᠡᠲᠡᠭᠡᠳ ᠢᠷᠡᠵᠦ᠂ ᠨᠠᠮᠠᠶᠢ ᠳᠣᠷᠣᠮᠵᠢᠯᠠᠭᠤᠵᠠᠢ》 ᠭᠡᠪᠡ᠃ ᠭᠡᠪᠡᠴᠦ ᠵᠡᠪᠰᠡᠭ ᠪᠠᠷᠢᠭᠴᠢ ᠨᠢ ᠶᠡᠬᠡᠳᠡ ᠠᠶᠤᠵᠤ ᠭᠦᠢᠴᠡᠳᠬᠡᠬᠦ ᠦᠭᠡᠢ ᠪᠠᠢᠪᠠ᠃ ᠡᠢᠮᠦ ᠳᠦ ᠰᠠᠦ᠋ᠯ ᠢᠯᠳᠦ ᠪᠡᠨ ᠠᠪᠴᠤ᠂ ᠥᠪᠡᠷ ᠢᠶᠡᠨ ᠳᠡᠭᠡᠷ᠎ᠡ ᠡᠴᠡ ᠨᠢ ᠤᠨᠠᠪᠠ᠃ 5 ᠰᠠᠦ᠋ᠯ ᠤᠨ ᠦᠬᠦᠭᠰᠡᠨ ᠢ ᠦᠵᠡᠭᠡᠳ ᠵᠡᠪᠰᠡᠭ ᠪᠠᠷᠢᠭᠴᠢ ᠨᠢ ᠴᠤ ᠮᠥᠨ ᠠᠳᠠᠯᠢ ᠪᠠᠷ ᠥᠪᠡᠷ ᠦᠨ ᠢᠶᠠᠨ ᠢᠯᠳᠦᠨ ᠳᠡᠭᠡᠷ᠎ᠡ ᠤᠨᠠᠵᠤ᠂ ᠰᠠᠦ᠋ᠯ ᠤᠨ ᠳᠡᠷᠭᠡᠳᠡ ᠦᠬᠦᠪᠡ᠃ 6 ᠡᠢᠨ ᠬᠦ ᠲᠡᠷᠡ ᠡᠳᠦᠷ ᠰᠠᠦ᠋ᠯ᠂ ᠲᠡᠭᠦᠨ ᠦ ᠭᠤᠷᠪᠠᠨ ᠬᠦᠦ᠂ ᠲᠡᠭᠦᠨ ᠦ ᠵᠡᠪᠰᠡᠭ ᠪᠠᠷᠢᠭᠴᠢ ᠬᠢᠭᠡᠳ ᠬᠠᠷᠢᠶ᠎ᠠ ᠬᠥᠮᠦᠰ ᠨᠢ ᠪᠦᠭᠦᠳᠡ ᠦᠬᠦᠭᠰᠡᠨ ᠪᠠᠢᠯ᠎ᠠ᠃ 7 ᠬᠥᠨᠳᠡᠢ ᠶᠢᠨ ᠨᠥᠭᠥᠭᠡ ᠲᠠᠯ᠎ᠠ ᠪᠣᠯᠣᠨ ᠶᠣᠷᠳᠠᠨ ᠤ ᠴᠠᠭᠠᠲᠤ ᠲᠠᠯ᠎ᠠ ᠳᠤ ᠪᠠᠢᠭ᠎ᠠ ᠢᠰᠷᠧᠯᠴᠦᠳ ᠢᠰᠷᠧᠯ ᠡᠷᠡᠴᠦᠳ ᠦᠨ ᠵᠢᠭᠤᠲᠠᠭᠰᠠᠨ᠂ ᠰᠠᠦ᠋ᠯ ᠪᠣᠯᠣᠨ ᠲᠡᠭᠦᠨ ᠦ ᠬᠥᠪᠡᠭᠦᠳ ᠦᠨ ᠦᠬᠦᠭᠰᠡᠨ ᠢ ᠬᠠᠷᠠᠭᠠᠳ ᠬᠣᠲᠠ ᠨᠤᠭᠤᠳ ᠢᠶᠠᠨ ᠣᠷᠬᠢᠵᠤ ᠵᠢᠭᠤᠲᠠᠭᠰᠠᠨ ᠳᠤ᠂ ᠹᠢᠯᠢᠰᠲ᠋ᠴᠦᠳ ᠢᠷᠡᠵᠦ᠂ ᠲᠡᠨᠳᠡ ᠨᠢ ᠰᠠᠭᠤᠷᠢᠰᠢᠪᠠ᠃

8 ᠳᠠᠷᠠᠭ᠎ᠠ ᠡᠳᠦᠷ ᠨᠢ ᠹᠢᠯᠢᠰᠲ᠋ᠴᠦᠳ ᠠᠯᠠᠭᠳᠠᠭᠰᠠᠳ ᠤᠨ ᠬᠤᠪᠴᠠᠰᠤ ᠬᠤᠨᠠᠷ ᠢ ᠠᠪᠬᠤ ᠪᠠᠷ ᠢᠷᠡᠬᠦ ᠳᠡᠭᠡᠨ ᠰᠠᠦ᠋ᠯ ᠪᠣᠯᠣᠨ ᠲᠡᠭᠦᠨ ᠦ ᠭᠤᠷᠪᠠᠨ ᠬᠥᠪᠡᠭᠦᠨ ᠦ ᠭᠢᠯᠪᠣᠶ᠎ᠠ ᠠᠭᠤᠯᠠᠨ ᠳᠤ ᠤᠨᠠᠭᠰᠠᠨ ᠢ ᠣᠯᠵᠤ ᠬᠠᠷᠠᠪᠠ᠃ 9 ᠲᠡᠳᠡ ᠰᠠᠦ᠋ᠯ ᠤᠨ ᠲᠣᠯᠣᠭᠠᠢ ᠶᠢ ᠣᠭᠲᠣᠯᠣᠨ᠂ ᠬᠤᠶᠠᠭ ᠵᠡᠪᠰᠡᠭ ᠢ ᠨᠢ ᠮᠤᠯᠲᠤᠯᠤᠨ ᠠᠪᠤᠭᠠᠳ᠂ ᠹᠢᠯᠢᠰᠲ ᠤᠨ ᠨᠤᠲᠤᠭ ᠳᠠᠶᠠᠭᠠᠷ ᠬᠥᠮᠦᠨ ᠶᠠᠪᠤᠭᠤᠯᠵᠤ ᠥᠪᠡᠷᠰᠡᠳ ᠦᠨ ᠢᠶᠠᠨ ᠰᠢᠲᠦᠭᠡᠨ ᠨᠦᠭᠦᠳ ᠦᠨ ᠰᠦᠮ᠎ᠡ ᠪᠣᠯᠣᠨ ᠠᠷᠠᠳ ᠲᠦᠮᠡᠨ ᠳᠡᠭᠡᠨ ᠴᠢᠮᠡᠭᠡ ᠬᠦᠷᠭᠡᠪᠡ᠃ 10 ᠲᠡᠳᠡ ᠰᠠᠦ᠋ᠯ ᠤᠨ ᠬᠤᠶᠠᠭ ᠵᠡᠪᠰᠡᠭ ᠢ ᠠᠱᠲ᠋ᠣᠷᠧᠲ ᠤᠨ ᠰᠦᠮ᠎ᠡ ᠳᠦ ᠲᠠᠯᠪᠢᠵᠤ᠂ ᠲᠡᠭᠦᠨ ᠦ ᠴᠣᠭᠴᠠᠰ ᠢ ᠪᠧᠲ ᠱᠠᠨ ᠤ ᠬᠡᠷᠡᠮ ᠦᠨ ᠬᠠᠨᠠᠨ ᠳᠤ ᠡᠯᠭᠦᠪᠡ᠃ 11 ᠶᠠᠪᠧᠱ ᠭᠢᠯᠧᠶᠠᠳ᠋ ᠤᠨ ᠰᠠᠭᠤᠭᠠᠯᠢᠴᠢᠳ ᠹᠢᠯᠢᠰᠲ᠋ᠴᠦᠳ ᠦᠨ ᠰᠠᠦ᠋ᠯ ᠢ ᠬᠡᠷᠬᠢᠭᠰᠡᠨ ᠢ ᠰᠣᠨᠣᠰᠪᠠ᠃ 12 ᠲᠡᠳᠡᠨ ᠦ ᠪᠦᠬᠦ ᠵᠣᠷᠢᠭᠲᠤ ᠡᠷ᠎ᠡ ᠬᠥᠳᠡᠯᠵᠦ᠂ ᠰᠥᠨᠢᠵᠢᠨ ᠠᠯᠬᠤᠭᠰᠠᠭᠠᠷ ᠬᠦᠷᠴᠦ᠂ ᠰᠠᠦ᠋ᠯ ᠪᠣᠯᠣᠨ ᠲᠡᠭᠦᠨ ᠦ ᠬᠥᠪᠡᠭᠦᠳ ᠦᠨ ᠴᠣᠭᠴᠠᠰ ᠢ ᠪᠧᠲ ᠱᠠᠨ ᠤ ᠬᠡᠷᠡᠮ ᠦᠨ ᠬᠠᠨᠠᠨ ᠠᠴᠠ ᠠᠪᠴᠤ᠂ ᠶᠠᠪᠧᠱ ᠲᠠᠭᠠᠨ ᠪᠤᠴᠠᠵᠤ ᠢᠷᠡᠭᠡᠳ ᠲᠡᠨᠳᠡ ᠰᠢᠲᠠᠭᠠᠪᠠ᠃ 13 ᠲᠡᠭᠡᠭᠡᠳ ᠲᠡᠳᠡᠨ ᠦ ᠶᠠᠰᠤ ᠶᠢ ᠠᠪᠴᠤ᠂ ᠶᠠᠪᠧᠱ ᠳᠠᠬᠢ ᠰᠤᠬᠠᠢ ᠮᠣᠳᠣᠨ ᠤ ᠳᠣᠣᠷ᠎ᠠ ᠣᠷᠣᠰᠢᠭᠤᠯᠤᠭᠠᠳ᠂ ᠳᠣᠯᠣᠭᠠᠨ ᠬᠣᠨᠣᠭ ᠪᠠᠴᠠᠭ ᠪᠠᠷᠢᠪᠠ᠃