ᠨᠢᠭᠡᠳᠦᠭᠡᠷ ᠰᠠᠮᠦ᠋ᠶᠧᠯ ᠬᠣᠷᠢᠨ ᠨᠢᠭᠡ
ᠳ᠋ᠠᠸᠢᠳ᠋ ᠨᠣᠪ ᠤᠨ ᠲᠠᠬᠢᠯᠴᠢ ᠤᠷᠤᠭᠤ ᠵᠢᠭᠤᠲᠠᠨ ᠬᠦᠷᠪᠡ
1 ᠳ᠋ᠠᠸᠢᠳ᠋ ᠨᠣᠪ ᠤᠷᠤᠭᠤ᠂ ᠲᠠᠬᠢᠯᠴᠢ ᠠᠾᠢᠮᠧᠯᠧᠺ ᠤᠨ ᠳᠤ ᠬᠦᠷᠴᠦ ᠣᠴᠢᠪᠠ᠃ ᠠᠾᠢᠮᠧᠯᠧᠺ ᠠᠶᠤᠨ ᠴᠡᠴᠡᠷᠡᠭᠰᠡᠭᠡᠷ ᠳ᠋ᠠᠸᠢᠳ᠋ ᠢ ᠤᠭᠳᠤᠵᠤ᠂ ᠲᠡᠭᠦᠨ ᠳᠦ᠄ 《ᠶᠠᠭᠠᠬᠢᠭᠠᠳ ᠲᠠ ᠥᠭᠡᠷ᠎ᠡ ᠬᠥᠮᠦᠨ ᠦᠭᠡᠢ᠂ ᠭᠠᠭᠴᠠᠭᠠᠷ ᠢᠶᠠᠨ ᠪᠤᠢ︖》 ᠭᠡᠵᠡᠢ᠃ 2 ᠳ᠋ᠠᠸᠢᠳ᠋ ᠲᠠᠬᠢᠯᠴᠢ ᠠᠾᠢᠮᠧᠯᠧᠺ ᠲᠤ᠄ 《ᠪᠢ ᠬᠠᠭᠠᠨ ᠤ ᠲᠤᠰᠢᠶᠠᠭᠰᠠᠨ ᠠᠵᠢᠯ ᠲᠠᠢ᠂ ᠡᠨᠡ ᠠᠵᠢᠯ ᠤᠨ ᠲᠤᠬᠠᠢ ᠬᠡᠨ ᠳᠦ ᠴᠤ ᠶᠠᠭᠤ ᠴᠤ ᠮᠡᠳᠡᠭᠦᠯᠵᠦ ᠪᠣᠯᠬᠤ ᠦᠭᠡᠢ ᠭᠡᠵᠦ ᠬᠠᠭᠠᠨ ᠨᠠᠳᠠ ᠳᠤ ᠵᠠᠬᠢᠭᠰᠠᠨ᠂ ᠲᠡᠷᠡ ᠥᠪᠡᠷ ᠢᠶᠡᠨ ᠨᠠᠳᠠ ᠳᠤ ᠡᠨᠡ ᠠᠵᠢᠯ ᠢ ᠲᠤᠰᠢᠶᠠᠵᠤ ᠶᠠᠪᠤᠭᠤᠯᠤᠭᠰᠠᠨ ᠶᠤᠮ᠃ ᠪᠢ ᠵᠠᠷᠤᠴᠠ ᠨᠠᠷ ᠲᠠᠢ ᠪᠠᠨ ᠥᠭᠡᠷ᠎ᠡ ᠭᠠᠵᠠᠷ ᠲᠤ ᠠᠭᠤᠯᠵᠠᠬᠤ ᠪᠠᠷ ᠪᠣᠯᠣᠭᠰᠠᠨ᠃ 3 ᠬᠠᠷᠢᠨ ᠲᠠᠨ ᠤ ᠭᠠᠷ ᠲᠤ ᠣᠳᠣ ᠶᠠᠭᠤ ᠪᠠᠢᠨ᠎ᠠ︖ ᠲᠡᠷᠡ ᠲᠠᠪᠤᠨ ᠪᠣᠣᠪᠣ ᠴᠤ ᠪᠣᠯᠣᠨ᠎ᠠ᠂ ᠡ᠊ᠨᠳᠡ ᠪᠠᠢᠭ᠎ᠠ ᠪᠠᠨ ᠨᠠᠳᠠ ᠳᠤ ᠥᠭᠭᠥᠭᠡᠴᠢ》 ᠭᠡᠪᠡ᠃ 4 ᠲᠠᠬᠢᠯᠴᠢ ᠳ᠋ᠠᠸᠢᠳ᠋ ᠲᠤ᠄ 《ᠮᠠᠨ ᠤ ᠳᠤ ᠵᠢᠷ ᠤᠨ ᠪᠣᠣᠪᠣ ᠠᠯᠠᠭ᠎ᠠ᠃ ᠠᠷᠢᠭᠤᠰᠬᠠᠭᠰᠠᠨ ᠪᠣᠣᠪᠣ ᠯᠠ ᠪᠤᠢ᠂ ᠲᠠᠨ ᠤ ᠵᠠᠷᠤᠴᠠ ᠨᠠᠷ ᠬᠠᠷᠢᠨ ᠡᠮᠡᠭᠲᠡᠢ ᠶᠢ ᠴᠡᠭᠡᠷᠯᠡᠭᠰᠡᠨ ᠪᠠᠢᠬᠤ ᠶᠣᠰᠣᠲᠠᠢ》 ᠭᠡᠵᠦ ᠬᠠᠷᠢᠭᠤᠯᠪᠠ᠃ 5 ᠳ᠋ᠠᠸᠢᠳ᠋ ᠲᠠᠬᠢᠯᠴᠢ ᠳᠤ ᠬᠠᠷᠢᠭᠤᠯᠤᠨ᠄ 《ᠮᠠᠨ ᠤ ᠬᠢᠨ ᠤᠷᠢᠳᠤ ᠶᠢᠨ ᠬᠢ ᠲᠠᠢ ᠪᠠᠨ ᠠᠳᠠᠯᠢ ᠡᠮᠡᠭᠲᠡᠢᠴᠦᠳ ᠢ ᠯᠠᠪ ᠴᠡᠭᠡᠷᠯᠡᠵᠦ ᠪᠤᠢ᠂ ᠡᠨᠡ ᠠᠷᠢᠭᠤᠨ ᠪᠤᠰᠤ ᠠᠶᠠᠨ ᠵᠠᠮ ᠳᠤ ᠭᠠᠷᠬᠤ ᠳᠤ ᠴᠤ ᠵᠠᠷᠤᠴᠠ ᠨᠠᠷ ᠤᠨ ᠪᠡᠶ᠎ᠡ ᠴᠡᠪᠡᠷ ᠪᠠᠢᠭᠰᠠᠨ ᠲᠤᠯᠠ ᠥᠨᠥᠳᠥᠷ ᠪᠡᠶ᠎ᠡ ᠨᠢ ᠪᠦᠷ ᠴᠡᠪᠡᠷ ᠪᠣᠯᠣᠭᠰᠠᠨ ᠪᠠᠢᠬ᠎ᠠ》 ᠭᠡᠪᠡ᠃ 6 ᠲᠡᠢᠮᠦ ᠡᠴᠡ ᠲᠠᠬᠢᠯᠴᠢ ᠲᠡᠭᠦᠨ ᠳᠦ ᠥᠨᠥᠬᠢ ᠠᠷᠢᠭᠤᠰᠬᠠᠭᠰᠠᠨ ᠪᠣᠣᠪᠣ ᠶᠢ ᠥᠭᠪᠡ᠃ ᠤᠴᠢᠷ ᠨᠢ ᠣᠷᠣᠨ ᠳᠤᠨᠢ ᠬᠠᠯᠠᠭᠤᠨ ᠪᠣᠣᠪᠣ ᠲᠠᠯᠪᠢᠬᠤ ᠭᠡᠵᠦ ᠶᠠᠭ ᠲᠡᠷᠡ ᠡᠳᠦᠷ ᠶᠣᠬᠣᠸᠠ ᠶᠢᠨ ᠡᠮᠦᠨ᠎ᠡ ᠡᠴᠡ ᠰᠢᠯᠵᠢᠭᠦᠯᠵᠦ ᠠᠪᠤᠭᠰᠠᠨ ᠲᠠᠪᠢᠭ ᠪᠣᠣᠪᠣ ᠠᠴᠠ ᠥᠭᠡᠷ᠎ᠡ ᠪᠣᠣᠪᠣ ᠲᠡᠨᠳᠡ ᠪᠠᠢᠭᠰᠠᠨ ᠦᠭᠡᠢ᠃
7 ᠬᠠᠷᠢᠨ ᠲᠡᠷᠡ ᠡᠳᠦᠷ ᠰᠠᠦ᠋ᠯ ᠤᠨ ᠵᠠᠷᠤᠴᠠ ᠨᠠᠷ ᠤᠨ ᠨᠢᠭᠡ ᠨᠢ ᠲᠡᠨᠳᠡ ᠶᠣᠬᠣᠸᠠ ᠶᠢᠨ ᠡᠮᠦᠨ᠎ᠡ ᠢᠷᠡᠭᠡᠳ ᠪᠠᠢᠵᠠᠢ᠃ ᠲᠡᠭᠦᠨ ᠦ ᠨᠡᠷ᠎ᠡ ᠶᠢ ᠳ᠋ᠣᠶ᠋ᠢᠭ ᠭᠡᠳᠡᠭ᠂ ᠲᠡᠷᠡ ᠡᠳᠣᠮ ᠬᠥᠮᠦᠨ ᠪᠥᠭᠡᠳ ᠰᠠᠦ᠋ᠯ ᠤᠨ ᠬᠣᠨᠢᠴᠢᠳ ᠤᠨ ᠠᠬᠠᠯᠠᠭᠴᠢ ᠪᠢᠯᠡ᠃
8 ᠳ᠋ᠠᠸᠢᠳ᠋ ᠠᠾᠢᠮᠧᠯᠧᠺ ᠲᠤ᠄ 《ᠲᠠᠨ ᠤ ᠡ᠊ᠨᠳᠡ ᠢᠯᠳᠦ᠂ ᠵᠢᠳᠠ ᠪᠠᠢᠭ᠎ᠠ ᠤᠤ︖ ᠬᠠᠭᠠᠨ ᠤ ᠵᠠᠷᠯᠢᠭ ᠶᠠᠭᠠᠷᠠᠤ ᠪᠣᠯᠬᠣᠷ ᠪᠢ ᠥᠪᠡᠷ ᠦᠨ ᠢᠶᠠᠨ ᠢᠯᠳᠦ᠂ ᠵᠡᠷ ᠵᠡᠪᠰᠡᠭ ᠢᠶᠡᠨ ᠠᠪᠴᠢᠷᠠᠵᠤ ᠠᠮᠵᠢᠭᠰᠠᠨ ᠦᠭᠡᠢ》 ᠭᠡᠯᠡ᠃ 9 ᠲᠡᠭᠡᠬᠦ ᠳᠦ ᠲᠠᠬᠢᠯᠴᠢ᠄ 《ᠲᠠᠨ ᠤ ᠧᠯᠠ ᠶᠢᠨ ᠬᠥᠨᠳᠡᠢ ᠳᠦ ᠠᠯᠠᠭᠰᠠᠨ ᠹᠢᠯᠢᠰᠲ ᠬᠥᠮᠦᠨ ᠭᠣᠯᠢᠶᠠᠲ ᠤᠨ ᠢᠯᠳᠦ ᠡ᠊ᠨᠳᠡ ᠡᠹᠣᠳ ᠤᠨ ᠠᠷᠤ ᠳᠤ ᠪᠥᠰ ᠲᠦ ᠣᠷᠢᠶᠠᠯᠲᠠ ᠲᠠᠢ ᠪᠤᠢ᠃ ᠬᠡᠷᠪᠡ ᠲᠠ ᠠᠪᠤᠶ᠎ᠠ ᠭᠡᠪᠡᠯ ᠠᠪ᠂ ᠡ᠊ᠨᠳᠡ ᠲᠡᠭᠦᠨ ᠡᠴᠡ ᠥᠭᠡᠷ᠎ᠡ ᠪᠠᠢᠬᠤ ᠦᠭᠡᠢ》 ᠭᠡᠵᠦ ᠬᠡᠯᠡᠪᠡ᠃ ᠳ᠋ᠠᠸᠢᠳ᠋᠄ 《ᠡᠭᠦᠨ ᠡᠴᠡ ᠰᠠᠢᠨ ᠶᠠᠭᠤ ᠪᠠᠢᠬᠤ ᠪᠤᠢ︖ ᠨᠠᠳᠠ ᠳᠤ ᠥᠭᠭᠥᠭᠲᠦᠨ》 ᠭᠡᠪᠡ᠃
ᠳ᠋ᠠᠸᠢᠳ᠋ ᠭᠠᠲ ᠤᠨ ᠬᠠᠭᠠᠨ ᠤᠷᠤᠭᠤ ᠵᠢᠭᠤᠲᠠᠨ ᠬᠦᠷᠪᠡ
10 ᠳ᠋ᠠᠸᠢᠳ᠋ ᠬᠥᠳᠡᠯᠵᠦ᠂ ᠲᠡᠷᠡ ᠡᠳᠦᠷ ᠲᠡᠭᠡᠨ ᠰᠠᠦ᠋ᠯ ᠡᠴᠡ ᠵᠢᠭᠤᠲᠠᠨ᠂ ᠭᠠᠲ ᠤᠨ ᠬᠠᠭᠠᠨ ᠠᠺᠢᠱ ᠤᠷᠤᠭᠤ ᠣᠴᠢᠪᠠ᠃ 11 ᠠᠺᠢᠱ ᠤᠨ ᠵᠠᠷᠤᠴᠠ ᠨᠠᠷ ᠠᠺᠢᠱ ᠲᠤ᠄ 《ᠡᠨᠡ ᠬᠥᠮᠦᠨ ᠲᠡᠷᠡ ᠨᠤᠲᠤᠭ ᠤᠨ ᠬᠠᠭᠠᠨ ᠳ᠋ᠠᠸᠢᠳ᠋ ᠭᠡᠳᠡᠭ ᠨᠢ ᠪᠢᠰᠢ ᠤᠤ︖ ᠲᠡᠭᠦᠨ ᠦ ᠲᠤᠬᠠᠢ ᠡᠮᠡᠭᠲᠡᠢᠴᠦᠳ᠄ 〈ᠰᠠᠦ᠋ᠯ ᠮᠢᠩ᠋ᠭ᠎ᠠ ᠮᠢᠩ᠋ᠭ᠎ᠠ ᠶᠢ ᠠᠯᠠᠵᠤ᠂ ᠳ᠋ᠠᠸᠢᠳ᠋ ᠲᠦᠮᠡ ᠲᠦᠮᠡ ᠶᠢ ᠠᠯᠠᠪᠠ〉
ᠭᠡᠵᠦ ᠳᠠᠭᠤᠯᠠᠵᠤ ᠪᠥᠵᠢᠭᠯᠡᠭᠰᠡᠨ ᠪᠢᠰᠢ ᠤᠤ︖》 ᠭᠡᠵᠡᠭᠡᠪᠡ᠃ 12 ᠳ᠋ᠠᠸᠢᠳ᠋ ᠡᠨᠡ ᠦᠭᠡ ᠶᠢ ᠰᠡᠳᠬᠢᠯ ᠳᠡᠭᠡᠨ ᠠᠪᠴᠤ᠂ ᠭᠠᠲ ᠤᠨ ᠬᠠᠭᠠᠨ ᠠᠺᠢᠱ ᠡᠴᠡ ᠶᠡᠬᠡᠳᠡ ᠠᠶᠤᠪᠠ᠃ 13 ᠡᠢᠮᠦ ᠡᠴᠡ ᠳ᠋ᠠᠸᠢᠳ᠋ ᠲᠡᠳᠡᠨ ᠦ ᠡᠮᠦᠨ᠎ᠡ ᠡᠷᠡᠭᠦᠯ ᠤᠬᠠᠭᠠᠨ ᠲᠠᠢ ᠪᠠᠨ ᠨᠢᠭᠤᠨ ᠲᠡᠳᠡᠨ ᠦ ᠭᠠᠷ ᠲᠤ ᠪᠠᠢᠬᠤ ᠳᠠᠭᠠᠨ ᠰᠣᠯᠢᠶᠠᠲᠠᠢ ᠶᠤᠮ ᠰᠢᠭ᠋ ᠣᠪᠯᠠᠵᠠᠢ᠃ ᠲᠡᠷᠡ ᠬᠠᠭᠠᠯᠭ᠎ᠠ ᠰᠠᠮᠠᠷᠳᠠᠨ᠂ ᠰᠠᠬᠠᠯ ᠤᠷᠤᠭᠤ ᠪᠠᠨ ᠰᠢᠯᠦᠰᠦ ᠪᠡᠨ ᠭᠣᠭᠣᠵᠢᠭᠤᠯᠪᠠ᠃ 14 ᠲᠡᠭᠡᠬᠦ ᠳᠦ ᠠᠺᠢᠱ ᠵᠠᠷᠤᠴᠠ ᠨᠠᠷ ᠲᠠᠭᠠᠨ᠄ 《ᠬᠥᠶᠶ᠂ ᠬᠠᠷᠠᠵᠠᠭ᠎ᠠ᠂ ᠡᠨᠡ ᠬᠥᠮᠦᠨ ᠴᠢᠨᠢ ᠭᠠᠯᠵᠠᠭᠤ ᠶᠤᠮ ᠪᠠᠢᠨ᠎ᠠ ᠰᠢᠳᠡ᠂ ᠲᠠ ᠨᠠᠷ ᠶᠠᠭᠠᠬᠢᠬᠤ ᠭᠡᠵᠦ ᠲᠡᠭᠦᠨ ᠢ ᠨᠠᠳᠠ ᠤᠷᠤᠭᠤ ᠠᠪᠴᠢᠷᠠᠪᠠ︖ 15 ᠨᠠᠮᠠᠶᠢ ᠭᠠᠯᠵᠠᠭᠤ ᠰᠣᠯᠢᠶᠠᠲᠠᠢ ᠬᠥᠮᠦᠨ ᠢᠶᠡᠷ ᠳᠤᠲᠠᠯ᠎ᠠ ᠭᠡᠵᠦ ᠮᠢᠨᠦ ᠡᠮᠦᠨ᠎ᠡ ᠡᠭᠦᠨ ᠢ ᠠᠪᠴᠢᠷᠠᠪᠠ ᠤᠤ︖ ᠡᠨᠡ ᠬᠥᠮᠦᠨ ᠢ ᠮᠢᠨᠦ ᠭᠡᠷ ᠲᠦ ᠣᠷᠣᠭᠤᠯᠬᠤ ᠭᠡᠰᠡᠨ ᠶᠤᠮ ᠤᠤ︖》 ᠭᠡᠵᠦ ᠬᠡᠯᠡᠪᠡ᠃