ᠨᠢᠭᠡᠳᠦᠭᠡᠷ ᠰᠠᠮᠦ᠋ᠶᠧᠯ ᠠᠷᠪᠠᠨ ᠵᠢᠷᠭᠤᠭ᠎ᠠ
ᠳ᠋ᠠᠸᠢᠳ᠋ ᠡᠵᠡᠨ ᠳᠦ ᠰᠣᠩ᠋ᠭᠣᠭᠳᠠᠪᠠ
1 ᠶᠣᠬᠣᠸᠠ ᠰᠠᠮᠦ᠋ᠶᠧᠯ ᠳᠤ ᠠᠢᠯᠠᠳᠴᠤ᠄ 《ᠪᠢ ᠰᠠᠦ᠋ᠯ ᠢ ᠢᠰᠷᠧᠯ ᠤᠨ ᠬᠠᠭᠠᠨ ᠪᠠᠢᠯᠭᠠᠬᠤ ᠠᠴᠠ ᠣᠭᠣᠷᠣᠭᠰᠠᠨ ᠪᠠᠢᠬᠤ ᠳᠤ᠂ ᠴᠢ ᠬᠡᠳᠦᠢ ᠬᠦᠷᠲᠡᠯ᠎ᠡ ᠲᠡᠭᠦᠨ ᠦ ᠬᠣᠢᠨ᠎ᠠ ᠠᠴᠠ ᠭᠠᠰᠢᠭᠤᠳᠠᠭᠰᠠᠭᠠᠷ ᠪᠠᠢᠬᠤ ᠶᠤᠮ ᠪᠤᠢ︖ ᠴᠢ ᠣᠳᠣ ᠡᠪᠡᠷ ᠲᠡᠭᠡᠨ ᠲᠣᠰᠣ ᠳᠦᠭᠦᠷᠭᠡᠵᠦ ᠠᠪᠤᠭᠠᠳ ᠬᠥᠳᠡᠯ᠃ ᠪᠢ ᠴᠢᠮᠠᠶᠢ ᠪᠧᠲ᠋ᠯᠧᠾᠧᠮ ᠤᠨ ᠬᠥᠮᠦᠨ ᠢᠱᠠᠢ ᠤᠷᠤᠭᠤ ᠶᠠᠪᠤᠭᠤᠯᠤᠶ᠎ᠠ᠃ ᠲᠡᠭᠦᠨ ᠦ ᠬᠥᠪᠡᠭᠦᠳ ᠦᠨ ᠳᠤᠮᠳᠠ ᠠᠴᠠ ᠪᠢ ᠬᠠᠭᠠᠨ ᠢ ᠣᠯᠵᠤ ᠬᠠᠷᠠᠭᠰᠠᠨ》 ᠭᠡᠵᠦ ᠠᠢᠯᠠᠳᠪᠠ᠃ 2 ᠬᠠᠷᠢᠨ ᠰᠠᠮᠦ᠋ᠶᠧᠯ᠄ 《ᠪᠢ ᠶᠠᠭᠠᠬᠢᠵᠤ ᠶᠠᠪᠤᠬᠤ ᠪᠤᠢ︖ ᠰᠠᠦ᠋ᠯ ᠡᠭᠦᠨ ᠢ ᠰᠣᠨᠣᠰᠪᠠᠯ ᠨᠠᠮᠠᠶᠢ ᠠᠯᠠᠬᠤ ᠪᠤᠢ》 ᠭᠡᠬᠦ ᠳᠦ᠂ ᠶᠣᠬᠣᠸᠠ᠄ 《ᠴᠢ ᠥᠬᠢᠨ ᠪᠢᠷᠠᠭᠤ ᠠᠪᠴᠤ᠂ 〈ᠶᠣᠬᠣᠸᠠ ᠳᠤ ᠲᠠᠬᠢᠯ ᠡᠷᠭᠦᠬᠦ ᠪᠡᠷ ᠢᠷᠡᠯ᠎ᠡ〉 ᠭᠡᠵᠦ ᠬᠡᠯᠡᠭᠡᠳ 3 ᠲᠠᠬᠢᠯ ᠤᠨ ᠶᠣᠰᠣᠯᠠᠯ ᠳᠤ ᠢᠱᠠᠢ ᠶᠢ ᠤᠷᠢᠭᠲᠤᠨ᠃ ᠲᠡᠭᠡᠪᠡᠯ ᠪᠢ ᠥᠪᠡᠷ ᠢᠶᠡᠨ ᠴᠢᠮ᠎ᠠ ᠳᠤ ᠶᠠᠭᠤ ᠬᠢᠬᠦ ᠶᠣᠰᠣᠲᠠᠢ ᠶᠢ ᠮᠡᠳᠡᠭᠳᠡᠶ᠎ᠡ᠃ ᠴᠢ ᠮᠢᠨᠦ ᠵᠢᠭᠠᠬᠤ ᠬᠥᠮᠦᠨ ᠳᠦ ᠲᠣᠰᠣ ᠴᠢᠳᠬᠤᠭᠲᠤᠨ︕》 ᠭᠡᠪᠡ᠃ 4 ᠡᠢᠨ ᠬᠦ ᠰᠠᠮᠦ᠋ᠶᠧᠯ ᠶᠣᠬᠣᠸᠠ ᠶᠢᠨ ᠠᠢᠯᠠᠳᠤᠭᠰᠠᠨ ᠦᠭᠡ ᠶᠢ ᠪᠡᠶᠡᠯᠡᠭᠦᠯᠪᠡ᠃ ᠪᠧᠲ᠋ᠯᠧᠾᠧᠮ ᠳᠤ ᠣᠴᠢᠬᠤ ᠳᠤᠨᠢ ᠠᠬᠠᠮᠠᠳ ᠤᠳ ᠳᠠᠭᠵᠢᠨ ᠴᠡᠴᠡᠷᠡᠭᠰᠡᠭᠡᠷ ᠲᠡᠭᠦᠨ ᠢ ᠬᠦᠯᠢᠶᠡᠨ ᠠᠪᠤᠪᠠ᠃ ᠲᠡᠳᠡ᠄ 《ᠲᠠ ᠡᠩᠬᠡ ᠶᠢᠨ ᠬᠡᠷᠡᠭ ᠢᠶᠡᠷ ᠢᠷᠡᠪᠡ ᠤᠤ︖》 ᠭᠡᠵᠦ ᠠᠰᠠᠭᠤᠭᠰᠠᠨ ᠳᠤ᠂ 5 ᠰᠠᠮᠦ᠋ᠶᠧᠯ᠄ 《ᠡᠩᠬᠡ ᠶᠢᠨ ᠬᠡᠷᠡᠭ ᠢᠶᠡᠷ᠂ ᠪᠢ ᠶᠣᠬᠣᠸᠠ ᠳᠤ ᠲᠠᠬᠢᠯ ᠡᠷᠭᠦᠬᠦ ᠪᠡᠷ ᠢᠷᠡᠯ᠎ᠡ᠃ ᠲᠠ ᠨᠠᠷ ᠪᠡᠶ᠎ᠡ ᠪᠡᠨ ᠠᠷᠢᠭᠤᠰᠬᠠᠭᠠᠳ᠂ ᠨᠠᠳᠠ ᠲᠠᠢ ᠬᠠᠮᠲᠤ ᠲᠠᠬᠢᠯ ᠡᠷᠭᠦᠬᠦ ᠪᠡᠷ ᠶᠠᠪᠤᠵᠠᠭᠠᠶ᠎ᠠ》 ᠬᠡᠮᠡᠪᠡ᠃ ᠲᠡᠷᠡ ᠮᠥᠨ ᠢᠱᠠᠢ ᠪᠣᠯᠣᠨ ᠲᠡᠭᠦᠨ ᠦ ᠬᠥᠪᠡᠭᠦᠳ ᠢ ᠠᠷᠢᠭᠤᠰᠬᠠᠨ᠂ ᠲᠡᠳᠡᠨ ᠢ ᠲᠠᠬᠢᠯ ᠡᠷᠭᠦᠬᠦ ᠳᠦ ᠤᠷᠢᠪᠠ᠃
6 ᠲᠡᠳᠡ ᠣᠷᠣᠵᠤ ᠢᠷᠡᠬᠦ ᠳᠦ᠂ ᠰᠠᠮᠦ᠋ᠶᠧᠯ ᠡᠯᠢᠶᠠᠪ ᠢ ᠬᠠᠷᠠᠭᠠᠳ᠄ 《ᠶᠣᠬᠣᠸᠠ ᠶᠢᠨ ᠲᠣᠰᠣᠯᠠᠭᠰᠠᠨ ᠬᠥᠮᠦᠨ ᠣᠳᠣ ᠶᠣᠬᠣᠸᠠ ᠶᠢᠨ ᠡᠮᠦᠨ᠎ᠡ ᠢᠷᠡᠭᠰᠡᠨ ᠪᠠᠢᠨ᠎ᠠ》 ᠭᠡᠵᠦ ᠪᠣᠳᠣᠪᠠ᠃ 7 ᠭᠡᠪᠡᠴᠦ ᠶᠣᠬᠣᠸᠠ ᠰᠠᠮᠦ᠋ᠶᠧᠯ ᠳᠤ᠄ 《ᠲᠡᠭᠦᠨ ᠦ ᠭᠠᠳᠠᠨᠠᠬᠢ ᠪᠠᠢᠳᠠᠯ ᠪᠠ ᠨᠢᠷᠤᠭᠤᠨ ᠤ ᠥᠨᠳᠥᠷ ᠢ ᠨᠢ ᠪᠦᠦ ᠬᠠᠷᠠᠭᠲᠤᠨ᠃ ᠪᠢ ᠲᠡᠭᠦᠨ ᠢ ᠭᠣᠯᠣᠭᠰᠠᠨ᠃ ᠪᠤᠷᠬᠠᠨ ᠤ ᠬᠠᠷᠠᠭ᠎ᠠ ᠬᠥᠮᠦᠨ ᠦ ᠬᠠᠷᠠᠭ᠎ᠠ ᠲᠠᠢ ᠠᠳᠠᠯᠢ ᠦᠭᠡᠢ᠂ ᠬᠥᠮᠦᠨ ᠵᠢᠰᠦ ᠴᠢᠷᠠᠢ ᠶᠢ ᠬᠠᠷᠠᠳᠠᠭ ᠪᠣᠯ᠂ ᠶᠣᠬᠣᠸᠠ ᠵᠢᠷᠦᠬᠡ ᠰᠡᠳᠬᠢᠯ ᠢ ᠬᠠᠷᠠᠳᠠᠭ》 ᠭᠡᠵᠦ ᠠᠢᠯᠠᠳᠪᠠ᠃ 8 ᠲᠡᠭᠡᠬᠦ ᠳᠦ ᠢᠱᠠᠢ ᠠᠪᠢᠨᠠᠳᠠᠪ ᠢ ᠳᠠᠭᠤᠳᠠᠨ ᠰᠠᠮᠦ᠋ᠶᠧᠯ ᠤᠨ ᠤᠷᠳᠤᠭᠤᠷ ᠶᠠᠪᠤᠭᠤᠯᠪᠠ᠃ ᠰᠠᠮᠦ᠋ᠶᠧᠯ᠄ 《ᠶᠣᠬᠣᠸᠠ ᠡᠨᠡ ᠬᠥᠮᠦᠨ ᠢ ᠮᠥᠨ ᠰᠣᠩ᠋ᠭᠣᠭ᠎ᠠ ᠦᠭᠡᠢ》 ᠭᠡᠵᠦ ᠶᠠᠷᠢᠪᠠ᠃ 9 ᠳᠠᠷᠠᠭ᠎ᠠ ᠨᠢ ᠢᠱᠠᠢ ᠱᠠᠮᠠ ᠶᠢ ᠤᠷᠳᠤᠭᠤᠷ ᠨᠢ ᠶᠠᠪᠤᠭᠤᠯᠤᠭᠰᠠᠨ ᠪᠣᠯᠪᠠᠴᠤ ᠰᠠᠮᠦ᠋ᠶᠧᠯ᠄ 《ᠶᠣᠬᠣᠸᠠ ᠡᠨᠡ ᠬᠥᠮᠦᠨ ᠢ ᠮᠥᠨ ᠰᠣᠩ᠋ᠭᠣᠭ᠎ᠠ ᠦᠭᠡᠢ》 ᠭᠡᠵᠦ ᠶᠠᠷᠢᠪᠠ᠃ 10 ᠢᠱᠠᠢ ᠳᠣᠯᠣᠭᠠᠨ ᠬᠥᠪᠡᠭᠦᠨ ᠢᠶᠡᠨ ᠰᠠᠮᠦ᠋ᠶᠧᠯ ᠤᠨ ᠤᠷᠳᠤᠭᠤᠷ ᠶᠠᠪᠤᠭᠤᠯᠤᠭᠰᠠᠨ ᠪᠣᠯᠪᠠᠴᠤ ᠰᠠᠮᠦ᠋ᠶᠧᠯ ᠢᠱᠠᠢ ᠳᠤ᠄ 《ᠶᠣᠬᠣᠸᠠ ᠡᠳᠡ ᠨᠠᠷ ᠤᠨ ᠬᠡᠨ ᠢ ᠨᠢ ᠴᠤ ᠰᠣᠩ᠋ᠭᠣᠭ᠎ᠠ ᠦᠭᠡᠢ》 ᠭᠡᠵᠦ ᠬᠡᠯᠡᠪᠡ᠃ 11 ᠰᠠᠮᠦ᠋ᠶᠧᠯ ᠢᠱᠠᠢ ᠳᠤ᠄ 《ᠬᠥᠪᠡᠭᠦᠳ ᠴᠢᠨᠢ ᠪᠦᠭᠦᠳᠡᠭᠡᠷ ᠡ᠊ᠨᠳᠡ ᠪᠠᠢᠨ᠎ᠠ ᠤᠤ︖》 ᠭᠡᠬᠦ ᠳᠦ᠂ ᠢᠱᠠᠢ᠄ 《ᠣᠳᠬᠣᠨ ᠬᠥᠪᠡᠭᠦᠨ ᠮᠢᠨᠢ ᠦᠯᠡᠳᠡᠭᠰᠡᠨ᠃ ᠲᠡᠷᠡ ᠬᠣᠨᠢ ᠪᠠᠨ ᠬᠠᠷᠢᠭᠤᠯᠵᠤ ᠪᠠᠢᠨ᠎ᠠ》 ᠭᠡᠪᠡ᠃ ᠲᠡᠭᠡᠬᠦ ᠳᠦ ᠰᠠᠮᠦ᠋ᠶᠧᠯ ᠢᠱᠠᠢ ᠳᠤ᠄ 《ᠬᠥᠮᠦᠨ ᠶᠠᠪᠤᠭᠤᠯᠵᠤ᠂ ᠲᠡᠷᠡ ᠬᠥᠪᠡᠭᠦᠨ ᠢ ᠠᠪᠴᠢᠷᠠᠭᠲᠤᠨ᠃ ᠲᠡᠷᠡ ᠬᠥᠪᠡᠭᠦᠨ ᠡ᠊ᠨᠳᠡ ᠢᠷᠡᠲᠡᠯ᠎ᠡ᠂ ᠪᠢᠳᠡ ᠰᠠᠭᠤᠳᠠᠯ ᠳᠤ ᠰᠠᠭᠤᠬᠤ ᠦᠭᠡᠢ》 ᠭᠡᠵᠦ ᠬᠡᠯᠡᠪᠡ᠃ 12 ᠢᠱᠠᠢ ᠬᠥᠮᠦᠨ ᠶᠠᠪᠤᠭᠤᠯᠵᠤ᠂ ᠲᠡᠭᠦᠨ ᠢ ᠠᠪᠴᠢᠷᠠᠭᠤᠯᠪᠠ᠃ ᠲᠡᠷᠡ ᠤᠯᠠᠭ᠎ᠠ ᠪᠤᠲᠠᠷᠠᠭᠰᠠᠨ᠂ ᠰᠠᠢᠬᠠᠨ ᠨᠢᠳᠦ ᠲᠠᠢ᠂ ᠰᠠᠢᠬᠠᠨ ᠲᠥᠷᠬᠥ ᠲᠠᠢ ᠬᠥᠪᠡᠭᠦᠨ ᠪᠠᠢᠪᠠ᠃ ᠶᠣᠬᠣᠸᠠ᠄ 《ᠪᠣᠰᠴᠤ᠂ ᠲᠡᠭᠦᠨ ᠢ ᠲᠣᠰᠣᠯᠠᠭᠲᠤᠨ᠂ ᠡᠨᠡ ᠬᠥᠮᠦᠨ ᠮᠥᠨ ᠪᠠᠢᠨ᠎ᠠ》 ᠭᠡᠵᠦ ᠠᠢᠯᠠᠳᠤᠭᠰᠠᠨ ᠳᠤ᠂ 13 ᠰᠠᠮᠦ᠋ᠶᠧᠯ ᠲᠣᠰᠣ ᠳᠦᠭᠦᠷᠭᠡᠭᠰᠡᠨ ᠡᠪᠡᠷ ᠢᠶᠡᠨ ᠠᠪᠴᠤ᠂ ᠠᠬ᠎ᠠ ᠨᠠᠷ ᠤᠨ ᠬᠢᠨᠢ ᠳᠤᠮᠳᠠ ᠲᠡᠭᠦᠨ ᠢ ᠲᠣᠰᠣᠯᠠᠪᠠ᠃ ᠶᠣᠬᠣᠸᠠ ᠶᠢᠨ ᠰᠦᠨᠡᠰᠦ ᠳ᠋ᠠᠸᠢᠳ᠋ ᠤᠨ ᠳᠡᠭᠡᠷ᠎ᠡ ᠬᠦᠴᠦᠲᠡᠢ ᠪᠠᠭᠤᠵᠤ᠂ ᠲᠡᠷᠡ ᠡᠳᠦᠷ ᠡᠴᠡ ᠬᠣᠢᠰᠢ ᠲᠡᠭᠦᠨ ᠲᠡᠢ ᠬᠠᠮᠲᠤ ᠪᠠᠢᠪᠠ᠃ ᠰᠠᠮᠦ᠋ᠶᠧᠯ ᠪᠣᠰᠴᠤ ᠷᠠᠮᠠ ᠤᠷᠤᠭᠤ ᠪᠤᠴᠠᠪᠠ᠃
14 ᠬᠠᠷᠢᠨ ᠶᠣᠬᠣᠸᠠ ᠶᠢᠨ ᠰᠦᠨᠡᠰᠦ ᠰᠠᠦ᠋ᠯ ᠡᠴᠡ ᠰᠠᠯᠵᠤ ᠣᠷᠣᠨ ᠳᠤᠨᠢ ᠶᠣᠬᠣᠸᠠ ᠶᠢᠨ ᠵᠥᠪᠰᠢᠶᠡᠷᠡᠭᠰᠡᠨ ᠪᠤᠵᠠᠷ ᠮᠠᠭᠤ ᠰᠦᠨᠡᠰᠦ ᠲᠡᠭᠦᠨ ᠢ ᠠᠶᠤᠯᠭᠠᠨ ᠰᠦᠷᠳᠡᠭᠦᠯᠬᠦ ᠪᠣᠯᠪᠠ᠃ 15 ᠰᠠᠦ᠋ᠯ ᠤᠨ ᠵᠠᠷᠤᠴᠠ ᠨᠠᠷ ᠲᠡᠭᠦᠨ ᠳᠦ᠄ 《ᠬᠠᠷᠠᠭᠠᠴᠢ᠂ ᠪᠤᠷᠬᠠᠨ ᠤ ᠵᠥᠪᠰᠢᠶᠡᠷᠡᠭᠰᠡᠨ ᠪᠤᠵᠠᠷ ᠮᠠᠭᠤ ᠰᠦᠨᠡᠰᠦ ᠲᠠᠨ ᠢ ᠰᠦᠷᠳᠡᠭᠦᠯᠵᠦ ᠪᠠᠢᠨ᠎ᠠ︕ 16 ᠡᠵᠡᠨᠲᠡᠨ ᠮᠢᠨᠢ᠂ ᠥᠪᠡᠷ ᠦᠨ ᠢᠶᠠᠨ ᠡᠮᠦᠨ᠎ᠡ ᠪᠠᠢᠭ᠎ᠠ ᠵᠠᠷᠤᠴᠠ ᠨᠠᠷ ᠲᠠᠭᠠᠨ ᠲᠤᠰᠢᠶᠠᠭᠠᠴᠢ᠃ ᠪᠢᠳᠡ ᠪᠣᠰᠣᠭ᠎ᠠ ᠶᠠᠲᠤᠭ᠎ᠠ ᠰᠠᠢᠨ ᠲᠣᠭᠯᠠᠳᠠᠭ ᠬᠥᠮᠦᠨ ᠢ ᠡᠷᠢᠵᠦ ᠣᠯᠣᠶ᠎ᠠ᠃ ᠪᠤᠷᠬᠠᠨ ᠤ ᠵᠥᠪᠰᠢᠶᠡᠷᠡᠭᠰᠡᠨ ᠮᠠᠭᠤ ᠰᠦᠨᠡᠰᠦ ᠲᠠᠨ ᠤ ᠳᠡᠭᠡᠷ᠎ᠡ ᠢᠷᠡᠬᠦ ᠦᠶ᠎ᠡ ᠳᠦ᠂ ᠲᠡᠭᠦᠪᠡᠷ ᠶᠠᠲᠤᠭ᠎ᠠ ᠪᠠᠨ ᠲᠣᠭᠯᠠᠭᠤᠯᠪᠠᠯ ᠲᠠ ᠵᠦᠭᠡᠷ ᠪᠣᠯᠣᠨ᠎ᠠ》 ᠭᠡᠵᠦ ᠬᠡᠯᠡᠪᠡ᠃ 17 ᠰᠠᠦ᠋ᠯ ᠵᠠᠷᠤᠴᠠ ᠨᠠᠷ ᠲᠠᠭᠠᠨ᠄ 《ᠰᠠᠢᠨ ᠲᠣᠭᠯᠠᠳᠠᠭ ᠬᠥᠮᠦᠨ ᠢ ᠣᠯᠵᠤ᠂ ᠨᠠᠳᠠ ᠤᠷᠤᠭᠤ ᠠᠪᠴᠢᠷᠠᠭᠲᠤᠨ》 ᠬᠡᠮᠡᠪᠡ᠃ 18 ᠲᠡᠭᠡᠲᠡᠯ᠎ᠡ ᠵᠠᠯᠠᠭᠤ ᠵᠠᠷᠤᠴᠠ ᠨᠠᠷ ᠠᠴᠠ ᠨᠢᠭᠡ ᠨᠢ᠄ 《ᠪᠧᠲ᠋ᠯᠧᠾᠧᠮ ᠬᠥᠮᠦᠨ ᠢᠱᠠᠢ ᠶᠢᠨ ᠬᠥᠭᠵᠢᠮ ᠲᠣᠭᠯᠠᠳᠠᠭ ᠬᠥᠪᠡᠭᠦᠨ ᠢ ᠪᠢ ᠲᠠᠨᠢᠨ᠎ᠠ᠃ ᠲᠡᠷᠡ ᠵᠣᠷᠢᠭᠲᠠᠢ ᠳᠠᠢᠴᠢᠨ ᠪᠥᠭᠡᠳ ᠤᠷᠠᠨ ᠦᠭᠡ ᠲᠠᠢ᠂ ᠰᠠᠢᠬᠠᠨ ᠵᠢᠰᠦ ᠲᠠᠢ ᠬᠥᠮᠦᠨ᠃ ᠶᠣᠬᠣᠸᠠ ᠲᠡᠭᠦᠨ ᠲᠡᠢ ᠬᠠᠮᠲᠤ ᠪᠠᠢᠳᠠᠭ》 ᠭᠡᠵᠦ ᠬᠠᠷᠢᠭᠤᠯᠪᠠ᠃ 19 ᠰᠠᠦ᠋ᠯ ᠢᠱᠠᠢ ᠳᠤ ᠡᠯᠴᠢᠳ ᠢ ᠶᠠᠪᠤᠭᠤᠯᠵᠤ᠄ 《ᠬᠣᠨᠢ ᠬᠠᠷᠢᠭᠤᠯᠳᠠᠭ ᠬᠦᠦ ᠳ᠋ᠠᠸᠢᠳ᠋ ᠢᠶᠠᠨ ᠨᠠᠳᠠ ᠤᠷᠤᠭᠤ ᠶᠠᠪᠤᠭᠤᠯᠤᠭᠲᠤᠨ》 ᠭᠡᠵᠦ ᠬᠡᠯᠡᠭᠦᠯᠬᠦ ᠳᠦ᠂ 20 ᠢᠱᠠᠢ ᠨᠢᠭᠡ ᠡᠯᠵᠢᠭᠡᠨ ᠳᠦ ᠪᠣᠣᠪᠣ᠂ ᠨᠢᠭᠡ ᠲᠤᠯᠤᠮ ᠦᠵᠦᠮ ᠦᠨ ᠳᠠᠷᠠᠰᠤ᠂ ᠨᠢᠭᠡ ᠰᠡᠷᠬᠡ ᠶᠢ ᠠᠴᠢᠭᠠᠳ ᠬᠦᠦ ᠳ᠋ᠠᠸᠢᠳ᠋ ᠢᠶᠠᠷ ᠢᠶᠠᠨ ᠰᠠᠦ᠋ᠯ ᠤᠷᠤᠭᠤ ᠶᠠᠪᠤᠭᠤᠯᠪᠠ᠃ 21 ᠳ᠋ᠠᠸᠢᠳ᠋ ᠰᠠᠦ᠋ᠯ ᠤᠨ ᠳᠤ ᠢᠷᠡᠵᠦ᠂ ᠲᠡᠭᠦᠨ ᠳᠦ ᠦᠢᠯᠡᠴᠢᠯᠡᠪᠡ᠃ ᠰᠠᠦ᠋ᠯ ᠲᠡᠭᠦᠨ ᠢ ᠶᠡᠬᠡᠳᠡ ᠬᠠᠢᠷᠠᠯᠠᠨ᠂ ᠥᠪᠡᠷ ᠦᠨ ᠵᠡᠪᠰᠡᠭ ᠪᠠᠷᠢᠭᠴᠢ ᠪᠠᠨ ᠪᠣᠯᠭᠠᠪᠠ᠃ 22 ᠰᠠᠦ᠋ᠯ ᠢᠱᠠᠢ ᠳᠤ ᠬᠥᠮᠦᠨ ᠶᠠᠪᠤᠭᠤᠯᠵᠤ᠄ 《ᠳ᠋ᠠᠸᠢᠳ᠋ ᠢ ᠮᠢᠨᠦ ᠳᠡᠷᠭᠡᠳᠡ ᠪᠠᠢᠯᠭ᠎ᠠ᠃ ᠲᠡᠷᠡ ᠮᠢᠨᠦ ᠨᠢᠳᠦᠨ ᠳᠦ ᠲᠠᠭᠠᠯᠠᠯ ᠢ ᠣᠯᠪᠠ》 ᠭᠡᠵᠦ ᠬᠡᠯᠡᠭᠦᠯᠪᠡ᠃ 23 ᠪᠤᠷᠬᠠᠨ ᠤ ᠵᠥᠪᠰᠢᠶᠡᠷᠡᠭᠰᠡᠨ ᠮᠠᠭᠤ ᠰᠦᠨᠡᠰᠦ ᠢᠷᠡᠬᠦ ᠪᠣᠯᠭᠠᠨ ᠳᠤ ᠳ᠋ᠠᠸᠢᠳ᠋ ᠪᠣᠰᠣᠭ᠎ᠠ ᠶᠠᠲᠤᠭ᠎ᠠ ᠠᠪᠴᠤ᠂ ᠥᠪᠡᠷ ᠦᠨ ᠭᠠᠷ ᠢᠶᠠᠷ ᠲᠣᠭᠯᠠᠬᠤ ᠳᠤ᠂ ᠰᠠᠦ᠋ᠯ ᠴᠢᠯᠥᠭᠡᠯᠡᠭᠳᠡᠵᠦ᠂ ᠪᠤᠵᠠᠷ ᠮᠠᠭᠤ ᠰᠦᠨᠡᠰᠦ ᠲᠡᠭᠦᠨ ᠡᠴᠡ ᠰᠠᠯᠵᠤ ᠶᠠᠪᠤᠳᠠᠭ ᠪᠠᠢᠵᠠᠢ᠃