ᠨᠢᠭᠡᠳᠦᠭᠡᠷ ᠰᠠᠮᠦ᠋ᠶᠧᠯ ᠠᠷᠪᠠᠨ ᠨᠢᠭᠡ
ᠰᠠᠦ᠋ᠯ ᠤᠨ ᠠᠩ᠋ᠬᠠᠨ ᠤ ᠢᠯᠠᠯᠲᠠ
1 ᠠᠮᠣᠨ ᠬᠥᠮᠦᠨ ᠨᠠᠬᠠᠱ ᠬᠦᠷᠴᠦ ᠢᠷᠡᠭᠡᠳ᠂ ᠶᠠᠪᠧᠱ ᠭᠢᠯᠧᠶᠠᠳ᠋ ᠢ ᠪᠦᠰᠡᠯᠡᠨ ᠬᠤᠸᠠᠷᠠᠩᠨᠠᠪᠠ᠃ ᠶᠠᠪᠧᠱᠴᠤᠳ ᠪᠦᠭᠦᠳᠡᠭᠡᠷ ᠢᠶᠡᠨ ᠨᠠᠬᠠᠱ ᠲᠤ᠄ 《ᠪᠢᠳᠡᠨ ᠲᠡᠢ ᠭᠡᠷ᠎ᠡ ᠪᠠᠢᠭᠤᠯᠤᠭᠠᠴᠢ᠂ ᠪᠢᠳᠡ ᠲᠠᠨ ᠳᠤ ᠦᠢᠯᠡᠴᠢᠯᠡᠶ᠎ᠡ》 ᠭᠡᠵᠡᠭᠡᠪᠡ᠃ 2 ᠬᠠᠷᠢᠨ ᠠᠮᠣᠨ ᠬᠥᠮᠦᠨ ᠨᠠᠬᠠᠱ ᠲᠡᠳᠡᠨ ᠳᠦ᠄ 《ᠲᠠ ᠨᠠᠷ ᠤᠨ ᠪᠦᠭᠦᠳᠡ ᠶᠢᠨ ᠴᠢᠨᠢ ᠪᠠᠷᠠᠭᠤᠨ ᠨᠢᠳᠦ ᠶᠢ ᠤᠬᠤᠵᠤ ᠠᠪᠤᠭᠠᠳ᠂ ᠪᠦᠬᠦ ᠢᠰᠷᠧᠯ ᠳᠤ ᠰᠢᠪᠰᠢᠭ ᠠᠪᠴᠢᠷᠠᠬᠤ ᠨᠥᠬᠥᠴᠡᠯ ᠳᠦ ᠪᠢ ᠲᠠ ᠨᠠᠷ ᠲᠠᠢ ᠭᠡᠷ᠎ᠡ ᠪᠠᠢᠭᠤᠯᠤᠶ᠎ᠠ》 ᠭᠡᠵᠦ ᠬᠠᠷᠢᠭᠤᠯᠪᠠ᠃ 3 ᠶᠠᠪᠧᠱ ᠤᠨ ᠠᠬᠠᠮᠠᠳ ᠤᠳ ᠲᠡᠭᠦᠨ ᠳᠦ᠄ 《ᠪᠢᠳᠡᠨ ᠳᠦ ᠳᠣᠯᠣᠭᠠᠨ ᠬᠣᠨᠣᠭ ᠤᠨ ᠬᠤᠭᠤᠴᠠᠭ᠎ᠠ ᠶᠢ ᠵᠥᠪᠰᠢᠶᠡᠷᠡᠭᠡᠴᠢ︕ ᠪᠢᠳᠡ ᠢᠰᠷᠧᠯ ᠤᠨ ᠨᠤᠲᠤᠭ ᠳᠠᠶᠠᠭᠠᠷ ᠡᠯᠴᠢᠳ ᠢ ᠶᠠᠪᠤᠭᠤᠯᠤᠶ᠎ᠠ᠃ ᠬᠡᠷᠪᠡ ᠠᠪᠤᠷᠠᠬᠤ ᠬᠥᠮᠦᠨ ᠣᠯᠳᠠᠬᠤ ᠦᠭᠡᠢ ᠪᠣᠯ ᠪᠢᠳᠡ ᠲᠠᠨ ᠤᠷᠤᠭᠤ ᠭᠠᠷᠴᠤ ᠣᠴᠢᠶ᠎ᠠ》 ᠭᠡᠪᠡ᠃ 4 ᠲᠡᠭᠡᠭᠡᠳ ᠡᠯᠴᠢᠳ ᠰᠠᠦ᠋ᠯ ᠤᠨ ᠰᠠᠭᠤᠳᠠᠭ ᠭᠢᠪᠧᠶ᠎ᠠ ᠤᠷᠤᠭᠤ ᠢᠷᠡᠵᠦ᠂ ᠲᠡᠨᠳᠡᠬᠢ ᠶᠢᠨ ᠪᠦᠬᠦ ᠬᠥᠮᠦᠨ ᠳᠦ ᠡᠨᠡ ᠶᠠᠪᠤᠳᠠᠯ ᠢ ᠳᠤᠭᠤᠯᠭᠠᠭᠰᠠᠨ ᠳᠤ᠂ ᠠᠷᠠᠳ ᠣᠯᠠᠨ ᠪᠦᠭᠦᠳᠡᠭᠡᠷ ᠳᠠᠭᠤ ᠲᠠᠯᠪᠢᠨ ᠤᠬᠢᠯᠠᠯᠳᠤᠪᠠ᠃
5 ᠲᠡᠷᠡ ᠦᠶ᠎ᠡ ᠳᠦ ᠰᠠᠦ᠋ᠯ ᠦᠬᠡᠷ ᠢᠶᠡᠨ ᠲᠠᠭᠤᠵᠤ᠂ ᠲᠠᠯᠠᠪᠠᠢ ᠠᠴᠠ ᠪᠠᠨ ᠪᠤᠴᠠᠵᠤ ᠢᠷᠡᠵᠦ ᠪᠠᠢᠪᠠ᠃ ᠰᠠᠦ᠋ᠯ᠄ 《ᠬᠥᠮᠦᠰ ᠶᠠᠭᠤ ᠪᠣᠯᠣᠭᠠᠳ ᠤᠬᠢᠯᠠᠯᠳᠤᠵᠤ ᠪᠠᠢᠨ᠎ᠠ ᠪᠤᠢ︖》 ᠭᠡᠰᠡᠨ ᠳᠦ᠂ ᠲᠡᠳᠡ ᠶᠠᠪᠧᠱᠴᠤᠳ ᠤᠨ ᠶᠠᠪᠤᠳᠠᠯ ᠢ ᠲᠡᠭᠦᠨ ᠳᠦ ᠲᠣᠭᠠᠴᠢᠵᠤ ᠥᠭᠪᠡ᠃ 6 ᠡᠨᠡ ᠴᠢᠮᠡᠭᠡ ᠶᠢ ᠰᠣᠨᠣᠰᠬᠤ ᠦᠶ᠎ᠡ ᠳᠦ᠂ ᠪᠤᠷᠬᠠᠨ ᠤ ᠰᠦᠨᠡᠰᠦ ᠰᠠᠦ᠋ᠯ ᠤᠨ ᠳᠡᠭᠡᠷ᠎ᠡ ᠬᠦᠴᠦᠲᠡᠢ ᠪᠠᠭᠤᠵᠤ᠂ ᠲᠡᠭᠦᠨ ᠦ ᠠᠭᠤᠷ ᠬᠢᠯᠢᠩ ᠶᠡᠬᠡᠳᠡ ᠳᠦᠷᠡᠯᠵᠡᠪᠡ᠃ 7 ᠲᠡᠷᠡ ᠬᠣᠣᠰ ᠪᠤᠭᠤᠯᠠᠭ᠎ᠠ ᠲᠠᠢ ᠦᠬᠡᠷ ᠤᠳ ᠢ ᠠᠪᠴᠢᠷᠠᠵᠤ᠂ ᠴᠠᠪᠴᠢᠨ ᠬᠤᠪᠢᠶᠠᠭᠠᠳ᠂ ᠡᠯᠴᠢᠳ ᠤᠨ ᠭᠠᠷ ᠢᠶᠠᠷ ᠢᠰᠷᠧᠯ ᠤᠨ ᠨᠤᠲᠤᠭ ᠳᠠᠶᠠᠭᠠᠷ ᠢᠯᠡᠭᠡᠵᠦ᠄ 《ᠰᠠᠦ᠋ᠯ ᠪᠣᠯᠣᠨ ᠰᠠᠮᠦ᠋ᠶᠧᠯ ᠤᠨ ᠠᠷᠤ ᠠᠴᠠ ᠦᠯᠦ ᠳᠠᠭᠠᠭᠴᠢ ᠪᠣᠯᠭᠠᠨ ᠤ ᠦᠬᠡᠷ ᠤᠳ ᠢ ᠡᠢᠮᠦ ᠪᠣᠯᠭᠠᠨ᠎ᠠ》 ᠭᠡᠵᠦ ᠬᠡᠯᠡᠭᠦᠯᠦᠭᠰᠡᠨ ᠳᠦ᠂ ᠶᠣᠬᠣᠸᠠ ᠠᠴᠠ ᠡᠮᠢᠶᠡᠬᠦᠢ ᠳᠦ ᠨᠥᠮᠥᠷᠥᠭᠳᠡᠨ ᠠᠷᠠᠳ ᠣᠯᠠᠨ ᠨᠢᠭᠡᠨ ᠬᠥᠮᠦᠨ ᠮᠡᠲᠦ ᠢᠷᠡᠵᠡᠭᠡᠪᠡ᠃ 8 ᠰᠠᠦ᠋ᠯ ᠲᠡᠳᠡᠨ ᠢ ᠪᠧᠽᠧᠺ ᠲᠤ ᠴᠤᠭᠯᠠᠭᠤᠯᠬᠤ ᠳᠤ᠂ ᠢᠰᠷᠧᠯᠴᠦᠳ ᠭᠤᠴᠢᠨ ᠲᠦᠮᠡ᠂ ᠶᠦᠳᠠᠴᠤᠳ ᠭᠤᠷᠪᠠᠨ ᠲᠦᠮᠡ ᠪᠠᠢᠪᠠ᠃ 9 ᠲᠡᠳᠡ ᠥᠨᠥᠬᠢ ᠡᠯᠴᠢᠳ ᠲᠤ᠄ 《ᠶᠠᠪᠧᠱ ᠭᠢᠯᠧᠶᠠᠳ᠋ ᠤᠨ ᠬᠥᠮᠦᠰ ᠲᠦ ᠬᠡᠯᠡ᠄ 〈ᠮᠠᠷᠭᠠᠰᠢ ᠨᠠᠷᠠ ᠰᠢᠷᠠᠵᠤ ᠪᠠᠢᠬᠤ ᠦᠶ᠎ᠡ ᠳᠦ ᠲᠠ ᠨᠠᠷ ᠲᠤ ᠠᠪᠤᠷᠠᠯ ᠲᠤᠰᠠᠯᠠᠮᠵᠢ ᠣᠴᠢᠬᠤ ᠪᠣᠯᠣᠨ᠎ᠠ〉》 ᠭᠡᠪᠡ᠃ ᠲᠡᠢᠨ ᠬᠦ ᠡᠯᠴᠢᠳ ᠪᠤᠴᠠᠵᠤ ᠶᠠᠪᠧᠱ ᠤᠨ ᠬᠥᠮᠦᠰ ᠲᠦ ᠮᠡᠳᠡᠭᠳᠡᠬᠦ ᠳᠦ᠂ ᠲᠡᠳᠡ ᠪᠠᠶᠠᠷᠯᠠᠪᠠ᠃ 10 ᠲᠡᠭᠡᠭᠡᠳ ᠶᠠᠪᠧᠱ ᠤᠨ ᠬᠥᠮᠦᠰ ᠠᠮᠣᠨᠴᠤᠳ ᠲᠤ᠄ 《ᠮᠠᠷᠭᠠᠰᠢ ᠪᠢᠳᠡ ᠲᠠ ᠨᠠᠷ ᠤᠷᠤᠭᠤ ᠭᠠᠷᠴᠤ ᠣᠴᠢᠨ᠎ᠠ᠃ ᠲᠠ ᠨᠠᠷ ᠶᠠᠭᠤ ᠳᠤᠷᠠᠲᠠᠢ ᠪᠠᠨ ᠪᠢᠳᠡᠨ ᠳᠦ ᠬᠢᠵᠦ ᠪᠣᠯᠣᠨ᠎ᠠ》 ᠭᠡᠪᠡ᠃ 11 ᠳᠠᠷᠠᠭ᠎ᠠ ᠡᠳᠦᠷ ᠨᠢ ᠰᠠᠦ᠋ᠯ ᠬᠥᠮᠦᠰ ᠢᠶᠡᠨ ᠭᠤᠷᠪᠠᠨ ᠠᠩ᠋ᠭᠢ ᠪᠣᠯᠭᠠᠨ ᠬᠤᠪᠢᠶᠠᠪᠠ᠃ ᠥᠷᠯᠥᠭᠡᠨ ᠦ ᠮᠠᠨᠠᠭᠠᠨ ᠳᠡᠭᠡᠷ᠎ᠡ ᠲᠡᠳᠡ ᠬᠤᠸᠠᠷᠠᠨ ᠤ ᠭᠣᠣᠯ ᠳᠤ ᠴᠥᠮᠥᠷᠥᠨ ᠣᠷᠣᠵᠤ᠂ ᠡᠳᠦᠷ ᠦᠨ ᠬᠠᠯᠠᠭᠤᠨ ᠬᠦᠷᠲᠡᠯ᠎ᠡ ᠠᠮᠣᠨᠴᠤᠳ ᠢ ᠴᠣᠬᠢᠭᠰᠠᠨ ᠳᠤ᠂ ᠠᠮᠢᠳᠤ ᠦᠯᠡᠳᠡᠭᠰᠡᠳ ᠨᠢ ᠬᠣᠶᠠᠷ ᠬᠥᠮᠦᠨ ᠴᠤ ᠨᠢᠭᠡ ᠳᠣᠣᠷ᠎ᠠ ᠦᠯᠡᠳᠡᠯ ᠦᠭᠡᠢ ᠪᠤᠲᠠᠷᠠᠨ ᠲᠠᠷᠬᠠᠪᠠ᠃
12 ᠢᠩᠭᠢᠭᠡᠳ ᠠᠷᠠᠳ ᠣᠯᠠᠨ ᠰᠠᠮᠦ᠋ᠶᠧᠯ ᠳᠤ᠄ 《〈ᠰᠠᠦ᠋ᠯ ᠪᠢᠳᠡᠨ ᠦ ᠬᠠᠭᠠᠨ ᠪᠣᠯᠬᠤ ᠭᠡᠵᠢ ᠤᠤ︖〉 ᠭᠡᠵᠦ ᠬᠡᠨ ᠬᠡᠯᠡᠭᠰᠡᠨ ᠪᠤᠢ︖ ᠲᠡᠷᠡ ᠬᠥᠮᠦᠰ ᠢ ᠨᠠᠰᠢ ᠨᠢ ᠥᠭᠭᠥᠭᠡᠳᠡᠭᠡ᠃ ᠪᠢᠳᠡ ᠲᠡᠳᠡᠨ ᠢ ᠠᠯᠠᠶ᠎ᠠ》 ᠭᠡᠯᠴᠡᠪᠡ᠃ 13 ᠭᠡᠪᠡᠴᠦ ᠰᠠᠦ᠋ᠯ᠄ 《ᠥᠨᠥᠳᠥᠷ ᠬᠥᠮᠦᠨ ᠠᠯᠠᠵᠤ ᠪᠣᠯᠬᠤ ᠦᠭᠡᠢ᠃ ᠥᠨᠥᠳᠥᠷ ᠶᠣᠬᠣᠸᠠ ᠢᠰᠷᠧᠯ ᠳᠤ ᠠᠪᠤᠷᠠᠯ ᠢ ᠥᠭᠭᠥᠭᠰᠡᠨ ᠶᠤᠮ》 ᠭᠡᠰᠡᠨ ᠳᠦ᠂ 14 ᠰᠠᠮᠦ᠋ᠶᠧᠯ ᠠᠷᠠᠳ ᠣᠯᠠᠨ ᠳᠤ᠄ 《ᠵᠠ᠂ ᠪᠢᠳᠡ ᠭᠢᠯᠭᠠᠯ ᠥᠭᠡᠳᠡ ᠶᠠᠪᠤᠵᠠᠭᠠᠶ᠎ᠠ᠃ ᠲᠡᠨᠳᠡ ᠬᠠᠭᠠᠨᠴᠢᠯᠠᠯ ᠢᠶᠠᠨ ᠰᠢᠨᠡᠴᠢᠯᠡᠵᠡᠭᠡᠶᠡ》 ᠭᠡᠯᠡ᠃ 15 ᠲᠡᠢᠨ ᠬᠦ ᠠᠷᠠᠳ ᠣᠯᠠᠨ ᠪᠦᠭᠦᠳᠡᠭᠡᠷ ᠢᠶᠠᠨ ᠭᠢᠯᠭᠠᠯ ᠳᠤ ᠬᠦᠷᠴᠦ᠂ ᠭᠢᠯᠭᠠᠯ ᠳᠤ ᠶᠣᠬᠣᠸᠠ ᠶᠢᠨ ᠡᠮᠦᠨ᠎ᠡ ᠰᠠᠦ᠋ᠯ ᠢ ᠬᠠᠭᠠᠨ ᠪᠣᠯᠭᠠᠭᠠᠳ ᠲᠡᠨᠳᠡ ᠡᠪ ᠦᠨ ᠲᠠᠬᠢᠯ ᠤᠳ ᠢ ᠡᠷᠭᠦᠪᠡ᠂ ᠲᠡᠨᠳᠡ ᠰᠠᠦ᠋ᠯ ᠢᠰᠷᠧᠯ ᠤᠨ ᠪᠦᠬᠦ ᠬᠥᠮᠦᠨ ᠲᠡᠢ ᠬᠠᠮᠲᠤ ᠠᠰᠤᠷᠤ ᠶᠡᠬᠡ ᠪᠡᠷ ᠪᠠᠶᠠᠷᠯᠠᠪᠠ᠃