ᠨᠢᠭᠡᠳᠦᠭᠡᠷ ᠰᠠᠮᠦ᠋ᠶᠧᠯ ᠠᠷᠪᠠᠨ ᠭᠤᠷᠪᠠ
ᠰᠠᠦ᠋ᠯ ᠰᠠᠨᠠᠭ᠎ᠠ ᠪᠠᠷ ᠢᠶᠠᠨ ᠦᠢᠯᠡᠳᠪᠡ
1 ᠰᠠᠦ᠋ᠯ [ᠳᠥᠴᠢᠨ ᠨᠠᠰᠤᠨ ᠳᠠᠭᠠᠨ] ᠬᠠᠭᠠᠨ ᠪᠣᠯᠪᠠ᠃ ᠲᠡᠷᠡ ᠢᠰᠷᠧᠯ ᠢ ᠵᠠᠬᠢᠷᠤᠭᠰᠠᠨ ᠬᠣᠶᠠᠳᠤᠭᠠᠷ ᠵᠢᠯ ᠳᠡᠭᠡᠨ᠂ 2 ᠢᠰᠷᠧᠯ ᠡᠴᠡ ᠰᠣᠩ᠋ᠭᠣᠨ ᠠᠪᠤᠭᠰᠠᠨ ᠭᠤᠷᠪᠠᠨ ᠮᠢᠩ᠋ᠭᠠᠨ ᠡᠷᠡᠴᠦᠳ ᠡᠴᠡ ᠬᠣᠶᠠᠷ ᠮᠢᠩ᠋ᠭ᠎ᠠ ᠶᠢ ᠨᠢ ᠥᠪᠡᠷ ᠲᠡᠢ ᠪᠡᠨ ᠬᠠᠮᠲᠤ ᠮᠢᠺᠮᠠᠱ ᠪᠣᠯᠣᠨ ᠪᠧᠲ᠋ᠧᠯ ᠤᠨ ᠠᠭᠤᠯᠠᠨ ᠳᠤ᠂ ᠨᠥᠭᠥᠭᠡ ᠨᠢᠭᠡ ᠮᠢᠩ᠋ᠭ᠎ᠠ ᠶᠢ ᠨᠢ ᠶᠣᠨᠠᠲ᠋ᠠᠨ ᠲᠠᠢ ᠬᠠᠮᠲᠤ ᠪᠢᠨᠶᠠᠮᠢᠨ ᠤ ᠭᠢᠪᠧᠶ᠎ᠠ ᠳᠤ ᠪᠠᠢᠯᠭᠠᠪᠠ᠃ ᠪᠤᠰᠤᠳ ᠢ ᠨᠢ ᠲᠡᠷᠡ ᠥᠪᠡᠷ ᠥᠪᠡᠷᠰᠡᠳ ᠦᠨ ᠬᠢᠨᠢ ᠭᠡᠷ ᠤᠷᠤᠭᠤ ᠨᠢ ᠪᠤᠴᠠᠭᠠᠵᠤ ᠶᠠᠪᠤᠭᠤᠯᠪᠠ᠃ 3 ᠡᠭᠦᠨ ᠦ ᠳᠠᠷᠠᠭ᠎ᠠ ᠶᠣᠨᠠᠲ᠋ᠠᠨ ᠭᠧᠪᠠ ᠳᠠᠬᠢ ᠹᠢᠯᠢᠰᠲ᠋ᠴᠦᠳ ᠦᠨ ᠴᠡᠷᠢᠭ ᠠᠩ᠋ᠭᠢ ᠶᠢ ᠴᠣᠬᠢᠭᠰᠠᠨ ᠳᠤ᠂ ᠲᠡᠷᠡ ᠴᠢᠮᠡᠭᠡ ᠹᠢᠯᠢᠰᠲ᠋ᠴᠦᠳ ᠲᠦ ᠬᠦᠷᠪᠡ᠃ ᠡᠢᠮᠦ ᠡᠴᠡ ᠰᠠᠦ᠋ᠯ ᠣᠷᠣᠨ ᠳᠠᠶᠠᠭᠠᠷ ᠡᠪᠡᠷ ᠪᠦᠷᠢᠶ᠎ᠡ ᠦᠯᠢᠶᠡᠵᠦ᠄ 《ᠢᠪᠷᠠᠢᠴᠤᠳ ᠰᠣᠨᠣᠰᠣᠭᠲᠤᠨ︕》 ᠭᠡᠵᠦ ᠵᠠᠷᠯᠠᠪᠠ᠃ 4 ᠪᠦᠬᠦ ᠢᠰᠷᠧᠯ ᠡᠭᠦᠨ ᠢ ᠰᠣᠨᠣᠰᠣᠭᠠᠳ᠂ ᠰᠠᠦ᠋ᠯ ᠤᠨ ᠹᠢᠯᠢᠰᠲ᠋ᠴᠦᠳ ᠦᠨ ᠴᠡᠷᠢᠭ ᠠᠩ᠋ᠭᠢ ᠶᠢ ᠴᠣᠬᠢᠭᠰᠠᠨ ᠪᠠ ᠹᠢᠯᠢᠰᠲ᠋ᠴᠦᠳ ᠦᠨ ᠢᠰᠷᠧᠯ ᠢ ᠵᠢᠭᠰᠢᠬᠦ ᠪᠣᠯᠣᠭᠰᠠᠨ ᠢ ᠮᠡᠳᠡᠯ᠎ᠡ᠃ ᠠᠷᠠᠳ ᠣᠯᠠᠨ ᠭᠢᠯᠭᠠᠯ ᠳᠤ ᠴᠤᠭᠯᠠᠷᠠᠵᠤ ᠰᠠᠦ᠋ᠯ ᠢ ᠳᠠᠭᠠᠬᠤ ᠳᠤ᠂ 5 ᠹᠢᠯᠢᠰᠲ᠋ᠴᠦᠳ ᠴᠤ ᠢᠰᠷᠧᠯ ᠲᠠᠢ ᠪᠠᠢᠯᠳᠤᠬᠤ ᠪᠠᠷ ᠴᠤᠭᠯᠠᠷᠠᠪᠠ᠃ ᠲᠡᠳᠡ ᠭᠤᠷᠪᠠᠨ ᠲᠦᠮᠡᠨ ᠬᠥᠰᠬᠡ ᠲᠡᠷᠭᠡ ᠲᠠᠢ᠂ ᠵᠢᠷᠭᠤᠭᠠᠨ ᠮᠢᠩ᠋ᠭᠠᠨ ᠮᠣᠷᠢᠲᠤ ᠴᠡᠷᠢᠭ ᠲᠠᠢ ᠪᠥᠭᠡᠳ ᠶᠠᠪᠠᠭᠠᠨ ᠴᠡᠷᠢᠭ ᠨᠢ ᠳᠠᠯᠠᠢ ᠶᠢᠨ ᠡᠷᠭᠢ ᠶᠢᠨ ᠡᠯᠡᠰᠦ ᠮᠡᠲᠦ ᠲᠣᠭ᠎ᠠ ᠲᠣᠮᠰᠢ ᠦᠭᠡᠢ ᠣᠯᠠᠨ ᠪᠠᠢᠵᠠᠢ᠃ ᠲᠡᠳᠡ ᠪᠧᠲ ᠠᠸᠧᠨ ᠤ ᠵᠡᠭᠦᠨ ᠲᠠᠯ᠎ᠠ ᠳᠤ ᠢᠷᠡᠵᠦ᠂ ᠮᠢᠺᠮᠠᠱ ᠲᠤ ᠬᠤᠸᠠᠷᠠᠩᠨᠠᠪᠠ᠃ 6 ᠢᠰᠷᠧᠯᠴᠦᠳ ᠦᠨ ᠠᠷᠠᠳ ᠣᠯᠠᠨ ᠠᠶᠤᠯ ᠳᠤ ᠲᠤᠯᠭᠠᠷᠠᠨ ᠰᠢᠬᠠᠭᠳᠠᠭᠰᠠᠨ ᠢᠶᠠᠨ ᠦᠵᠡᠭᠡᠳ ᠠᠭᠤᠢ᠂ ᠪᠤᠲᠠ ᠰᠥᠭᠡᠭ᠂ ᠬᠠᠪᠴᠢᠯ᠂ ᠭᠠᠵᠠᠷ ᠳᠣᠣᠷᠠᠬᠢ ᠨᠦᠬᠡ᠂ ᠬᠤᠳᠳᠤᠭ ᠲᠤ ᠨᠢᠭᠤᠭᠳᠠᠪᠠ᠃ 7 ᠬᠡᠰᠡᠭ ᠢᠪᠷᠠᠢᠴᠤᠳ ᠶᠣᠷᠳᠠᠨ ᠢ ᠭᠠᠲᠤᠯᠵᠤ᠂ ᠭᠠᠳ᠋ ᠪᠣᠯᠣᠨ ᠭᠢᠯᠧᠶᠠᠳ᠋ ᠤᠨ ᠨᠤᠲᠤᠭ ᠤᠷᠤᠭᠤ ᠳᠤᠲᠠᠭᠠᠵᠠᠢ᠃ ᠰᠠᠦ᠋ᠯ ᠭᠢᠯᠭᠠᠯ ᠳᠤ ᠪᠠᠢᠭᠰᠠᠨ ᠪᠣᠯᠪᠠᠴᠤ ᠲᠡᠭᠦᠨ ᠢ ᠳᠠᠭᠠᠭᠴᠢ ᠠᠷᠠᠳ ᠣᠯᠠᠨ ᠪᠦᠭᠦᠳᠡᠭᠡᠷ ᠢᠶᠡᠨ ᠳᠠᠭᠵᠢᠨ ᠴᠡᠴᠡᠷᠡᠵᠦ ᠪᠠᠢᠯ᠎ᠠ᠃
8 ᠰᠠᠦ᠋ᠯ ᠳᠣᠯᠣᠭᠠᠨ ᠬᠣᠨᠣᠭ ᠰᠠᠮᠦ᠋ᠶᠧᠯ ᠢ ᠬᠦᠯᠢᠶᠡᠭᠰᠡᠨ ᠪᠣᠯᠪᠠᠴᠤ ᠲᠡᠷᠡ ᠪᠡᠷ ᠲᠣᠭᠲᠠᠭᠰᠠᠨ ᠬᠤᠭᠤᠴᠠᠭᠠᠨ ᠳᠠᠭᠠᠨ ᠭᠢᠯᠭᠠᠯ ᠳᠤ ᠢᠷᠡᠭᠰᠡᠨ ᠦᠭᠡᠢ ᠳᠦ ᠠᠷᠠᠳ ᠣᠯᠠᠨ ᠰᠠᠦ᠋ᠯ ᠢ ᠣᠷᠬᠢᠨ ᠲᠠᠷᠬᠠᠵᠠᠭᠠᠵᠤ ᠪᠠᠢᠪᠠ᠃ 9 ᠲᠡᠢᠮᠦ ᠡᠴᠡ ᠰᠠᠦ᠋ᠯ᠄ 《ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠤᠳ ᠢ ᠨᠠᠰᠢ ᠠᠪᠴᠢᠷᠠ》 ᠭᠡᠵᠦ ᠬᠡᠯᠡᠭᠡᠳ ᠥᠪᠡᠷ ᠢᠶᠡᠨ ᠰᠢᠲᠠᠭᠠᠯᠭᠠᠲᠤ ᠲᠠᠬᠢᠯ ᠡᠷᠭᠦᠵᠡᠢ᠃ 10 ᠲᠡᠷᠡ ᠪᠡᠷ ᠰᠢᠲᠠᠭᠠᠯᠭᠠᠲᠤ ᠲᠠᠬᠢᠯ ᠡᠷᠭᠦᠵᠦ ᠳᠠᠭᠤᠰᠲᠠᠯ᠎ᠠ ᠰᠠᠮᠦ᠋ᠶᠧᠯ ᠢᠷᠡᠭᠰᠡᠨ ᠳᠦ᠂ ᠰᠠᠦ᠋ᠯ ᠲᠡᠭᠦᠨ ᠢ ᠤᠭᠲᠤᠨ ᠮᠡᠨᠳᠦᠴᠢᠯᠡᠬᠦ ᠪᠡᠷ ᠭᠠᠷᠴᠠᠢ᠃ 11 ᠬᠠᠷᠢᠨ ᠰᠠᠮᠦ᠋ᠶᠧᠯ᠄ 《ᠲᠠ ᠶᠠᠭᠤ ᠬᠢᠴᠢᠬᠡᠬᠦ ᠨᠢ ᠪᠤᠢ︖》 ᠭᠡᠰᠡᠨ ᠳᠦ᠂ ᠰᠠᠦ᠋ᠯ᠄ 《ᠠᠷᠠᠳ ᠣᠯᠠᠨ ᠨᠠᠮᠠᠶᠢ ᠣᠷᠬᠢᠨ ᠲᠠᠷᠬᠠᠭᠰᠠᠨ ᠢ ᠪᠢ ᠦᠵᠡᠭᠰᠡᠨ᠂ ᠪᠠᠰᠠ ᠲᠠ ᠴᠤ ᠲᠣᠭᠲᠠᠭᠠᠭᠰᠠᠨ ᠬᠤᠭᠤᠴᠠᠭᠠᠨ ᠳᠠᠭᠠᠨ ᠢᠷᠡᠭᠡ ᠦᠭᠡᠢ᠂ ᠹᠢᠯᠢᠰᠲ᠋ᠴᠦᠳ ᠴᠤ ᠮᠢᠺᠮᠠᠱ ᠲᠤ ᠴᠤᠭᠯᠠᠷᠠᠭᠰᠠᠨ ᠪᠠᠢᠪᠠ᠃ 12 ᠮᠥᠨ ᠣᠳᠣ ᠹᠢᠯᠢᠰᠲ᠋ᠴᠦᠳ ᠨᠠᠮᠠᠶᠢ ᠳᠠᠭᠠᠷᠢᠬᠤ ᠪᠠᠷ ᠭᠢᠯᠭᠠᠯ ᠳᠤ ᠢᠷᠡᠬᠦ ᠭᠡᠵᠦ ᠪᠠᠢᠬᠤ ᠳᠤ᠂ ᠪᠢ ᠶᠣᠬᠣᠸᠠ ᠶᠢᠨ ᠲᠠᠭᠠᠯᠠᠯ ᠢ ᠴᠤ ᠭᠤᠶᠤᠭ᠎ᠠ ᠦᠭᠡᠢ ᠪᠠᠢᠭᠰᠠᠨ ᠠᠴᠠ ᠪᠣᠯᠣᠭᠠᠳ ᠠᠷᠭ᠎ᠠ ᠦᠭᠡᠢ ᠯᠠ ᠰᠢᠲᠠᠭᠠᠯᠭᠠᠲᠤ ᠲᠠᠬᠢᠯ ᠡᠷᠭᠦᠭᠰᠡᠨ》 ᠭᠡᠪᠡ᠃ 13 ᠰᠠᠮᠦ᠋ᠶᠧᠯ ᠰᠠᠦ᠋ᠯ ᠳᠤ᠄ 《ᠲᠠ ᠮᠤᠩ᠋ᠬᠠᠭᠯᠠᠵᠠᠢ᠃ ᠲᠠ ᠪᠤᠷᠬᠠᠨ ᠶᠣᠬᠣᠸᠠ ᠶᠢᠨ ᠢᠶᠠᠨ ᠲᠠᠨ ᠳᠤ ᠵᠠᠷᠯᠢᠭᠳᠠᠭᠰᠠᠨ ᠵᠠᠷᠯᠢᠭ ᠢ ᠳᠠᠭᠠᠭᠰᠠᠨ ᠦᠭᠡᠢ᠃ ᠳᠠᠭᠠᠭᠰᠠᠨ ᠪᠣᠯ ᠢᠰᠷᠧᠯ ᠢ ᠬᠠᠭᠠᠨᠴᠢᠯᠠᠬᠤ ᠶᠢ ᠴᠢᠨᠢ ᠶᠣᠬᠣᠸᠠ ᠮᠥᠩᠬᠡᠳᠡ ᠲᠣᠭᠲᠠᠭᠠᠬᠤ ᠪᠠᠢᠭᠰᠠᠨ᠃ 14 ᠭᠡᠪᠡᠴᠦ ᠣᠳᠣ ᠲᠠᠨ ᠤ ᠬᠠᠭᠠᠨᠴᠢᠯᠠᠯ ᠦᠷᠭᠦᠯᠵᠢᠯᠡᠬᠦ ᠦᠭᠡᠢ᠃ ᠲᠠ ᠶᠣᠬᠣᠸᠠ ᠶᠢᠨ ᠵᠠᠷᠯᠢᠭᠳᠠᠭᠰᠠᠨ ᠢ ᠳᠠᠭᠠᠭᠰᠠᠨ ᠦᠭᠡᠢ ᠤᠴᠢᠷ ᠠᠴᠠ ᠶᠣᠬᠣᠸᠠ ᠰᠡᠳᠬᠢᠯ ᠳᠡᠭᠡᠨ ᠲᠠᠭᠠᠯᠠᠭᠳᠠᠬᠤ ᠬᠥᠮᠦᠨ ᠢ ᠬᠠᠢᠨ ᠣᠯᠵᠤ᠂ ᠲᠡᠷᠡ ᠬᠥᠮᠦᠨ ᠢ ᠠᠷᠠᠳ ᠲᠦᠮᠡᠨ ᠦ ᠪᠠᠨ ᠤᠳᠤᠷᠢᠳᠤᠭᠴᠢ ᠪᠠᠷ ᠲᠣᠮᠢᠯᠠᠭᠰᠠᠨ》 ᠭᠡᠪᠡ᠃
ᠵᠡᠪᠰᠡᠭ ᠦᠭᠡᠢ ᠢᠰᠷᠧᠯᠴᠦᠳ
15 ᠰᠠᠮᠦ᠋ᠶᠧᠯ ᠬᠥᠳᠡᠯᠵᠦ᠂ ᠭᠢᠯᠭᠠᠯ ᠠᠴᠠ ᠪᠢᠨᠶᠠᠮᠢᠨ ᠤ ᠭᠢᠪᠧᠶ᠎ᠠ ᠥᠭᠡᠳᠡ ᠶᠠᠪᠤᠪᠠ᠃ ᠰᠠᠦ᠋ᠯ ᠥᠪᠡᠷ ᠲᠡᠢ ᠪᠡᠨ ᠬᠠᠮᠲᠤ ᠪᠠᠢᠭ᠎ᠠ ᠠᠷᠠᠳ ᠢ ᠲᠣᠭᠠᠯᠠᠪᠠᠯ᠂ ᠵᠢᠷᠭᠤᠭᠠᠨ ᠵᠠᠭᠤᠭᠠᠳ ᠬᠥᠮᠦᠨ ᠪᠠᠢᠪᠠ᠃ 16 ᠰᠠᠦ᠋ᠯ᠂ ᠲᠡᠭᠦᠨ ᠦ ᠬᠦᠦ ᠶᠣᠨᠠᠲ᠋ᠠᠨ ᠪᠣᠯᠣᠨ ᠲᠡᠳᠡᠨ ᠲᠡᠢ ᠬᠠᠮᠲᠤ ᠪᠠᠢᠭᠰᠠᠨ ᠬᠥᠮᠦᠰ ᠢ ᠪᠢᠨᠶᠠᠮᠢᠨ ᠤ ᠭᠢᠪᠧᠶ᠎ᠠ ᠳᠤ ᠪᠠᠢᠬᠤ ᠳᠤᠨᠢ ᠹᠢᠯᠢᠰᠲ᠋ᠴᠦᠳ ᠮᠢᠺᠮᠠᠱ ᠲᠤ ᠬᠤᠸᠠᠷᠠᠩᠨᠠᠨ ᠪᠠᠭᠤᠭᠰᠠᠨ ᠪᠠᠢᠪᠠ᠃ 17 ᠹᠢᠯᠢᠰᠲ᠋ᠴᠦᠳ ᠦᠨ ᠬᠣᠰᠢᠭᠤᠴᠢ ᠴᠡᠷᠢᠭ ᠬᠤᠸᠠᠷᠠᠨ ᠠᠴᠠ ᠭᠤᠷᠪᠠᠨ ᠠᠩ᠋ᠭᠢ ᠪᠣᠯᠣᠨ ᠬᠤᠪᠢᠶᠠᠭᠳᠠᠵᠤ ᠭᠠᠷᠪᠠ᠃ ᠨᠢᠭᠡ ᠠᠩ᠋ᠭᠢ ᠨᠢ ᠱᠦᠶᠠᠯ ᠨᠤᠲᠤᠭ ᠤᠷᠤᠭᠤ ᠣᠹᠷᠠ ᠶᠢᠨ ᠵᠠᠮ ᠢᠶᠠᠷ᠂ 18 ᠨᠥᠭᠥᠭᠡ ᠠᠩ᠋ᠭᠢ ᠨᠢ ᠪᠧᠲ ᠾᠣᠷᠣᠨ ᠤ ᠵᠠᠮ ᠢᠶᠠᠷ᠂ ᠪᠠᠰᠠ ᠨᠢᠭᠡ ᠠᠩ᠋ᠭᠢ ᠨᠢ ᠴᠥᠯ ᠦᠨ ᠨᠠᠭᠠᠳᠤ ᠳᠠᠬᠢ ᠽᠧᠪᠣᠢᠮ ᠤᠨ ᠬᠥᠨᠳᠡᠢ ᠶᠢᠨ ᠳᠡᠭᠡᠳᠦ ᠲᠠᠯ᠎ᠠ ᠶᠢᠨ ᠬᠢᠯᠢ ᠬᠢᠵᠠᠭᠠᠷ ᠤᠨ ᠵᠠᠮ ᠢᠶᠠᠷ ᠣᠳᠴᠠᠢ᠃
19 ᠲᠡᠷᠡ ᠦᠶ᠎ᠡ ᠳᠦ ᠢᠰᠷᠧᠯ ᠤᠨ ᠨᠤᠲᠤᠭ ᠳᠠᠶᠠᠭᠠᠷ ᠲᠡᠮᠦᠷ ᠦᠨ ᠳᠠᠷᠬᠠᠨ ᠣᠯᠳᠠᠳᠠᠭ ᠦᠭᠡᠢ ᠪᠠᠢᠪᠠ᠃ ᠹᠢᠯᠢᠰᠲ᠋ᠴᠦᠳ᠄ 《ᠢᠪᠷᠠᠢᠴᠤᠳ ᠢᠯᠳᠦ᠂ ᠵᠢᠳᠠ ᠬᠢᠵᠦ ᠪᠣᠯᠬᠤ ᠦᠭᠡᠢ》 ᠬᠡᠮᠡᠨ ᠬᠣᠷᠢᠭᠯᠠᠭᠰᠠᠨ ᠤᠴᠢᠷ ᠠᠴᠠ 20 ᠢᠰᠷᠧᠯ ᠬᠥᠮᠦᠨ ᠠᠨᠵᠢᠰᠤ᠂ ᠵᠡᠭᠡᠲᠦᠦ᠂ ᠰᠦᠬᠡ᠂ ᠬᠠᠳᠤᠭᠤᠷ ᠢᠶᠠᠨ ᠢᠷᠯᠡᠭᠦᠯᠬᠦ ᠭᠡᠪᠡᠯ ᠹᠢᠯᠢᠰᠲ᠋ᠴᠦᠳ ᠤᠷᠤᠭᠤ ᠣᠴᠢᠳᠠᠭ ᠪᠠᠢᠵᠠᠢ᠃ 21 ᠠᠨᠵᠢᠰᠤ᠂ ᠵᠡᠭᠡᠲᠦᠦ ᠵᠠᠰᠠᠬᠤ ᠦᠨ᠎ᠡ ᠨᠢ ᠭᠤᠷᠪᠠᠨ ᠤ ᠬᠣᠶᠠᠷ ᠱᠧᠺᠧᠯ᠂ ᠰᠡᠷᠡᠭᠡ᠂ ᠡᠰᠡᠪᠡᠯ ᠰᠦᠬᠡ ᠵᠠᠰᠠᠬᠤ ᠦᠨ᠎ᠡ ᠨᠢ ᠭᠤᠷᠪᠠᠨ ᠤ ᠨᠢᠭᠡ ᠱᠧᠺᠧᠯ ᠪᠠᠢᠪᠠ᠃ 22 ᠡᠢᠮᠦ ᠡᠴᠡ ᠳᠠᠢᠯᠠᠯᠳᠤᠬᠤ ᠡᠳᠦᠷ ᠰᠠᠦ᠋ᠯ ᠪᠣᠯᠣᠨ ᠶᠣᠨᠠᠲ᠋ᠠᠨ ᠲᠠᠢ ᠬᠠᠮᠲᠤ ᠪᠠᠢᠭᠰᠠᠨ ᠪᠦᠬᠦ ᠴᠡᠷᠢᠭ ᠤᠨ ᠭᠠᠷ ᠲᠤ ᠢᠯᠳᠦ ᠪᠠ ᠵᠢᠳᠠ ᠣᠯᠳᠠᠭᠰᠠᠨ ᠦᠭᠡᠢ᠃ ᠵᠥᠪᠬᠡᠨ ᠰᠠᠦ᠋ᠯ ᠪᠣᠯᠣᠨ ᠲᠡᠭᠦᠨ ᠦ ᠬᠥᠪᠡᠭᠦᠨ ᠶᠣᠨᠠᠲ᠋ᠠᠨ ᠳᠤ ᠯᠠ ᠪᠠᠢᠪᠠ᠃
23 ᠲᠡᠷᠡ ᠦᠶ᠎ᠡ ᠳᠦ ᠹᠢᠯᠢᠰᠲ᠋ᠴᠦᠳ ᠦᠨ ᠨᠢᠭᠡ ᠴᠡᠷᠢᠭ ᠠᠩ᠋ᠭᠢ ᠮᠢᠺᠮᠠᠱ ᠤᠨ ᠪᠣᠭᠣᠮᠲᠠ ᠪᠠᠷ ᠭᠠᠷᠴᠤ ᠢᠷᠡᠭᠰᠡᠨ ᠪᠠᠢᠪᠠ᠃