1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠠᠷᠪᠠ ᠶᠢᠰᠦ
 ᠰᠠᠦ᠋ᠯ ᠳ᠋ᠠᠸᠢᠳ᠋ ᠢ ᠬᠣᠣᠷᠯᠠᠬᠤ ᠭᠡᠰᠡᠨ

1 ᠰᠠᠦ᠋ᠯ ᠥᠪᠡᠷ ᠦᠨ ᠬᠥᠪᠡᠭᠦᠨ ᠶᠣᠨᠠᠲ᠋ᠠᠨ ᠪᠣᠯᠣᠨ ᠪᠦᠬᠦ ᠵᠠᠷᠤᠴᠠ ᠨᠠᠷ ᠲᠠᠭᠠᠨ ᠳ᠋ᠠᠸᠢᠳ᠋ ᠢ ᠠᠯᠠ ᠭᠡᠵᠦ ᠲᠤᠰᠢᠶᠠᠪᠠ᠃ ᠭᠡᠪᠡᠴᠦ ᠶᠣᠨᠠᠲ᠋ᠠᠨ ᠳ᠋ᠠᠸᠢᠳ᠋ ᠢ ᠠᠰᠤᠷᠤ ᠶᠡᠬᠡ ᠪᠡᠷ ᠬᠠᠢᠷᠠᠯᠠᠵᠤ ᠪᠠᠢᠪᠠ᠃ 2 ᠲᠡᠢᠮᠦ ᠡᠴᠡ ᠶᠣᠨᠠᠲ᠋ᠠᠨ ᠳ᠋ᠠᠸᠢᠳ᠋ ᠲᠤ᠄ 《ᠮᠢᠨᠦ ᠡᠴᠢᠭᠡ ᠰᠠᠦ᠋ᠯ ᠴᠢᠮᠠᠶᠢ ᠠᠯᠠᠬᠤ ᠭᠡᠵᠦ ᠪᠠᠢᠨ᠎ᠠ᠃ ᠮᠠᠷᠭᠠᠰᠢ ᠥᠷᠯᠥᠭᠡ ᠴᠢ ᠵᠠᠪᠠᠯ ᠪᠣᠯᠭᠣᠮᠵᠢᠯᠠᠭᠠᠷᠠᠢ᠂ ᠳᠠᠯᠳᠠ ᠭᠠᠵᠠᠷ ᠨᠢᠭᠤᠭᠳᠠᠵᠤ ᠪᠠᠢᠭᠠᠷᠠᠢ᠃ 3 ᠪᠢ ᠴᠤ ᠭᠠᠳᠠᠭᠰᠢ ᠭᠠᠷᠴᠤ᠂ ᠴᠢᠨᠦ ᠨᠢᠭᠤᠭᠳᠠᠨ ᠪᠠᠢᠭ᠎ᠠ ᠲᠠᠯᠠᠪᠠᠢ ᠳᠤ ᠣᠴᠢᠶ᠎ᠠ᠂ ᠲᠡᠨᠳᠡ ᠪᠢ ᠡᠴᠢᠭᠡ ᠶᠢᠨ ᠢᠶᠠᠨ ᠳᠡᠷᠭᠡᠳᠡ ᠪᠠᠢᠬᠤ ᠳᠠᠭᠠᠨ ᠴᠢᠨᠦ ᠲᠤᠬᠠᠢ ᠲᠡᠭᠦᠨ ᠲᠡᠢ ᠶᠠᠷᠢᠯᠴᠠᠵᠤ᠂ ᠶᠠᠭᠤ ᠶᠠᠷᠢᠬᠤ ᠶᠢ ᠨᠢ ᠴᠢᠮ᠎ᠠ ᠳᠤ ᠳᠤᠭᠤᠯᠭᠠᠶ᠎ᠠ》 ᠭᠡᠵᠡᠢ᠃ 4 ᠳᠠᠷᠠᠭ᠎ᠠ ᠨᠢ ᠶᠣᠨᠠᠲ᠋ᠠᠨ ᠡᠴᠢᠭᠡ ᠰᠠᠦ᠋ᠯ ᠳᠠᠭᠠᠨ ᠳ᠋ᠠᠸᠢᠳ᠋ ᠢ ᠰᠠᠢᠰᠢᠶᠠᠨ ᠶᠠᠷᠢᠵᠤ᠄ 《ᠬᠠᠭᠠᠨᠲᠠᠨ ᠲᠠ ᠥᠪᠡᠷ ᠦᠨ ᠪᠣᠭᠣᠯ ᠳ᠋ᠠᠸᠢᠳ᠋ ᠤᠨ ᠡᠰᠡᠷᠭᠦ ᠨᠢᠭᠦᠯ ᠪᠦᠦ ᠦᠢᠯᠡᠳ᠂ ᠲᠡᠷᠡ ᠲᠠᠨ ᠤ ᠡᠰᠡᠷᠭᠦ ᠨᠢᠭᠦᠯ ᠦᠢᠯᠡᠳᠦᠭᠡ ᠦᠭᠡᠢ ᠰᠢᠦ᠂ ᠮᠥᠨ ᠲᠡᠭᠦᠨ ᠦ ᠦᠢᠯᠡ ᠶᠠᠪᠤᠳᠠᠯ ᠤᠳ ᠲᠠᠨ ᠳᠤ ᠮᠠᠰᠢ ᠶᠡᠬᠡ ᠠᠰᠢᠭ ᠠᠪᠴᠢᠷᠠᠭᠰᠠᠨ ᠶᠤᠮ᠃ 5 ᠲᠡᠷᠡ ᠠᠮᠢ ᠪᠠᠨ ᠦᠯᠦ ᠬᠠᠢᠷᠠᠯᠠᠨ᠂ ᠹᠢᠯᠢᠰᠲ ᠬᠥᠮᠦᠨ ᠢ ᠴᠣᠬᠢᠵᠤ ᠤᠰᠠᠳᠬᠠᠭᠰᠠᠨ᠂ ᠡᠢᠨ ᠬᠦ ᠶᠣᠬᠣᠸᠠ ᠪᠦᠬᠦ ᠢᠰᠷᠧᠯ ᠳᠤ ᠠᠭᠤᠤ ᠶᠡᠬᠡ ᠢᠯᠠᠯᠲᠠ ᠶᠢ ᠰᠣᠶᠣᠷᠬᠠᠪᠠ᠃ ᠲᠠ ᠡᠭᠦᠨ ᠢ ᠦᠵᠡᠭᠡᠳ ᠪᠠᠶᠠᠰᠤᠭᠰᠠᠨ ᠪᠢᠯᠡ᠃ ᠭᠡᠲᠡᠯ᠎ᠡ ᠣᠳᠣ ᠲᠠ ᠶᠠᠭᠠᠬᠢᠭᠠᠳ ᠶᠠᠮᠠᠷ ᠴᠤ ᠰᠢᠯᠲᠠᠭᠠᠨ ᠦᠭᠡᠢ ᠪᠠᠷ ᠳ᠋ᠠᠸᠢᠳ᠋ ᠢ ᠠᠯᠠᠭᠰᠠᠨ ᠢᠶᠠᠷ ᠢᠶᠠᠨ ᠭᠡᠮ ᠦᠭᠡᠢ ᠬᠥᠮᠦᠨ ᠦ ᠴᠢᠰᠤ ᠶᠢ ᠤᠷᠤᠰᠬᠠᠨ ᠲᠡᠭᠦᠨ ᠦ ᠡᠰᠡᠷᠭᠦ ᠨᠢᠭᠦᠯ ᠦᠢᠯᠡᠳᠬᠦ ᠭᠡᠵᠦ ᠪᠠᠢᠭ᠎ᠠ ᠶᠤᠮ ᠪᠤᠢ︖》 ᠭᠡᠪᠡ᠃ 6 ᠰᠠᠦ᠋ᠯ ᠶᠣᠨᠠᠲ᠋ᠠᠨ ᠤ ᠬᠡᠯᠡᠬᠦ ᠶᠢ ᠰᠣᠨᠣᠰᠣᠭᠠᠳ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠷᠡ ᠠᠯᠠᠭᠳᠠᠬᠤ ᠦᠭᠡᠢ》 ᠭᠡᠵᠦ ᠲᠠᠩ᠋ᠭᠠᠷᠢᠭᠯᠠᠪᠠ᠃ 7 ᠲᠡᠭᠡᠭᠡᠳ ᠶᠣᠨᠠᠲ᠋ᠠᠨ ᠳ᠋ᠠᠸᠢᠳ᠋ ᠢ ᠳᠠᠭᠤᠳᠠᠨ᠂ ᠡᠳᠡᠭᠡᠷ ᠪᠦᠬᠦ ᠦᠭᠡ ᠶᠢ ᠲᠡᠭᠦᠨ ᠳᠦ ᠳᠤᠭᠤᠯᠭᠠᠪᠠ᠃ ᠶᠣᠨᠠᠲ᠋ᠠᠨ ᠳ᠋ᠠᠸᠢᠳ᠋ ᠢ ᠰᠠᠦ᠋ᠯ ᠤᠷᠤᠭᠤ ᠳᠠᠭᠠᠭᠤᠯᠤᠨ ᠣᠴᠢᠭᠰᠠᠨ ᠳᠤ᠂ ᠳ᠋ᠠᠸᠢᠳ᠋ ᠤᠷᠢᠳᠤ ᠶᠢᠨ ᠠᠳᠠᠯᠢ ᠰᠠᠦ᠋ᠯ ᠳᠤ ᠦᠢᠯᠡᠴᠢᠯᠡᠪᠡ᠃

8 ᠳᠠᠬᠢᠨ ᠳᠠᠢᠨ ᠪᠣᠯᠬᠤ ᠳᠤ ᠳ᠋ᠠᠸᠢᠳ᠋ ᠭᠠᠷᠴᠤ᠂ ᠹᠢᠯᠢᠰᠲ᠋ᠴᠦᠳ ᠲᠡᠢ ᠲᠤᠯᠤᠯᠳᠤᠨ ᠲᠡᠳᠡᠨ ᠢ ᠦᠢ ᠣᠯᠠᠨ ᠢᠶᠠᠷ ᠨᠢ ᠴᠣᠬᠢᠭᠰᠠᠨ ᠳᠤ᠂ ᠲᠡᠳᠡ ᠳ᠋ᠠᠸᠢᠳ᠋ ᠠᠴᠠ ᠵᠢᠭᠤᠲᠠᠪᠠ᠃ 9 ᠡᠵᠡᠨ ᠦ ᠵᠥᠪᠰᠢᠶᠡᠷᠡᠭᠰᠡᠨ ᠮᠠᠭᠤ ᠰᠦᠨᠡᠰᠦ ᠰᠠᠦ᠋ᠯ ᠢ ᠳᠠᠭᠠᠷᠢᠯ᠎ᠠ᠃ ᠰᠠᠦ᠋ᠯ ᠭᠡᠷ ᠳᠣᠲᠣᠷ᠎ᠠ ᠪᠠᠨ ᠭᠠᠷ ᠲᠠᠭᠠᠨ ᠵᠢᠳᠠ ᠪᠠᠷᠢᠨ ᠰᠠᠭᠤᠵᠤ᠂ ᠲᠡᠭᠦᠨ ᠦ ᠳᠡᠷᠭᠡᠳᠡ ᠳ᠋ᠠᠸᠢᠳ᠋ ᠭᠠᠷ ᠲᠠᠭᠠᠨ ᠪᠣᠰᠣᠭ᠎ᠠ ᠶᠠᠲᠤᠭ᠎ᠠ ᠪᠠᠷᠢᠨ ᠲᠣᠭᠯᠠᠵᠤ ᠪᠠᠢᠲᠠᠯ᠎ᠠ 10 ᠰᠠᠦ᠋ᠯ ᠳ᠋ᠠᠸᠢᠳ᠋ ᠢ ᠬᠠᠨᠠᠨ ᠳᠤ ᠬᠠᠳᠠᠬᠤ ᠭᠡᠵᠦ ᠵᠢᠳᠠ ᠪᠠᠨ ᠰᠢᠳᠡᠪᠡ᠃ ᠳ᠋ᠠᠸᠢᠳ᠋ ᠪᠤᠯᠲᠠᠬᠤ ᠳᠤ᠂ ᠰᠠᠦ᠋ᠯ ᠤᠨ ᠵᠢᠳᠠ ᠬᠠᠨᠠᠨ ᠳᠤ ᠵᠣᠭᠣᠭᠳᠠᠪᠠ᠃ ᠳ᠋ᠠᠸᠢᠳ᠋ ᠲᠡᠷᠡ ᠰᠥᠨᠢ ᠳᠡᠭᠡᠨ ᠣᠷᠭᠣᠨ ᠵᠠᠢᠯᠠᠵᠠᠢ᠃

11 ᠰᠠᠦ᠋ᠯ ᠳ᠋ᠠᠸᠢᠳ᠋ ᠤᠨ ᠭᠡᠷ ᠤᠷᠤᠭᠤ ᠬᠥᠮᠦᠰ ᠢᠶᠡᠨ ᠶᠠᠪᠤᠭᠤᠯᠤᠨ᠄ 《ᠲᠡᠭᠦᠨ ᠢ ᠮᠠᠨᠠᠵᠤ᠂ ᠥᠷᠯᠥᠭᠡ ᠪᠣᠯᠬᠤ ᠳᠤ ᠲᠡᠭᠦᠨ ᠢ ᠠᠯᠠ》 ᠭᠡᠵᠦ ᠲᠤᠰᠢᠶᠠᠪᠠ᠃ ᠭᠡᠲᠡᠯ᠎ᠡ ᠳ᠋ᠠᠸᠢᠳ᠋ ᠤᠨ ᠡᠬᠡᠨᠡᠷ ᠮᠢᠺᠠᠯ ᠳ᠋ᠠᠸᠢᠳ᠋ ᠲᠤ᠄ 《ᠥᠨᠥ ᠰᠥᠨᠢ ᠴᠢ ᠠᠮᠢ ᠪᠠᠨ ᠠᠪᠤᠷᠠᠬᠤ ᠦᠭᠡᠢ ᠪᠣᠯ᠂ ᠮᠠᠷᠭᠠᠰᠢ ᠠᠯᠠᠭᠤᠯᠤᠨ᠎ᠠ》 ᠭᠡᠵᠦ ᠮᠡᠳᠡᠭᠳᠡᠪᠡ᠃ 12 ᠡᠢᠨ ᠬᠦ ᠮᠢᠺᠠᠯ ᠲᠡᠭᠦᠨ ᠢ ᠴᠣᠩ᠋ᠬᠣ ᠪᠠᠷ ᠪᠠᠭᠤᠯᠭᠠᠭᠰᠠᠨ ᠳᠤ᠂ ᠲᠡᠷᠡ ᠪᠡᠷ ᠵᠢᠭᠤᠲᠠᠨ ᠵᠠᠢᠯᠠᠪᠠ᠃ 13 ᠮᠢᠺᠠᠯ ᠭᠡᠷ ᠦᠨ ᠰᠢᠲᠦᠭᠡᠨ ᠢᠶᠡᠨ ᠠᠪᠴᠤ᠂ ᠣᠷᠣ ᠳᠡᠭᠡᠷ᠎ᠡ ᠪᠡᠨ ᠬᠡᠪᠲᠡᠭᠦᠯᠦᠭᠡᠳ ᠲᠣᠯᠣᠭᠠᠢ ᠶᠢ ᠨᠢ ᠢᠮᠠᠭᠠᠨ ᠤ ᠨᠣᠣᠰᠣᠨ ᠲᠣᠣᠷ ᠢᠶᠠᠷ ᠪᠦᠷᠬᠦᠨ᠂ ᠬᠤᠪᠴᠠᠰᠤ ᠪᠠᠷ ᠢᠶᠠᠨ ᠬᠤᠴᠢᠵᠠᠢ᠃ 14 ᠰᠠᠦ᠋ᠯ ᠳ᠋ᠠᠸᠢᠳ᠋ ᠢ ᠪᠠᠷᠢᠪᠴᠢᠯᠠᠬᠤ ᠪᠠᠷ ᠬᠥᠮᠦᠰ ᠢ ᠶᠠᠪᠤᠭᠤᠯᠤᠭᠰᠠᠨ ᠳᠤ᠂ ᠮᠢᠺᠠᠯ᠄ 《ᠲᠡᠷᠡ ᠡᠪᠡᠳᠴᠢᠲᠡᠢ ᠪᠠᠢᠨ᠎ᠠ》 ᠭᠡᠵᠦ ᠬᠡᠯᠡᠪᠡ᠃ 15 ᠰᠠᠦ᠋ᠯ ᠯᠠᠪᠯᠠᠭᠤᠯᠬᠤ ᠪᠠᠷ ᠬᠥᠮᠦᠰ ᠢ ᠳᠠᠬᠢᠨ ᠢᠯᠡᠭᠡᠵᠦ᠄ 《ᠲᠡᠭᠦᠨ ᠢ ᠣᠷᠣ ᠳᠡᠪᠢᠰᠬᠡᠷ ᠲᠡᠢ ᠨᠢ ᠨᠠᠳᠠ ᠳᠤ ᠠᠪᠴᠤ ᠢᠷ᠎ᠡ᠂ ᠪᠢ ᠲᠡᠭᠦᠨ ᠢ ᠠᠯᠠᠵᠤ ᠣᠷᠬᠢᠶ᠎ᠠ》 ᠭᠡᠪᠡ᠃ 16 ᠬᠥᠮᠦᠰ ᠣᠷᠣᠵᠤ ᠦᠵᠡᠬᠦ ᠳᠦ᠂ ᠣᠷᠣ ᠳᠡᠭᠡᠷ᠎ᠡ ᠨᠢ ᠲᠣᠯᠣᠭᠠᠢ ᠶᠢ ᠨᠢ ᠢᠮᠠᠭᠠᠨ ᠤ ᠨᠣᠣᠰᠣᠨ ᠲᠣᠣᠷ ᠢᠶᠠᠷ ᠪᠦᠷᠬᠦᠭᠰᠡᠨ ᠭᠡᠷ ᠦᠨ ᠰᠢᠲᠦᠭᠡᠨ ᠨᠢ ᠬᠡᠪᠲᠡᠵᠦ ᠪᠠᠢᠯ᠎ᠠ᠃ 17 ᠰᠠᠦ᠋ᠯ ᠮᠢᠺᠠᠯ ᠳᠤ᠄ 《ᠴᠢ ᠶᠠᠭᠤᠨ ᠳᠤ ᠨᠠᠮᠠᠶᠢ ᠢᠩᠭᠢᠵᠦ ᠬᠠᠭᠤᠷᠤᠭᠰᠠᠨ ᠪᠤᠢ︖ ᠮᠢᠨᠦ ᠥᠰᠲᠡᠨ ᠳᠠᠢᠰᠤᠨ ᠢ ᠴᠢ ᠣᠷᠭᠣᠭᠤᠯᠤᠭᠰᠠᠨ᠂ ᠲᠡᠷᠡ ᠵᠢᠭᠤᠲᠠᠭᠰᠠᠨ︕》 ᠭᠡᠬᠦ ᠳᠦ᠂ ᠮᠢᠺᠠᠯ ᠰᠠᠦ᠋ᠯ ᠳᠤ᠄ 《ᠲᠡᠷᠡ᠄ 〈ᠨᠠᠮᠠᠶᠢ ᠶᠠᠪᠤᠭᠤᠯ᠂ ᠪᠢ ᠶᠠᠭᠠᠬᠢᠵᠤ ᠴᠢᠮᠠᠶᠢ ᠠᠯᠠᠵᠤ ᠲᠦᠪᠳᠡᠬᠦ ᠪᠤᠢ︖〉 ᠭᠡᠵᠦ ᠨᠠᠳᠠ ᠳᠤ ᠬᠡᠯᠡᠭᠰᠡᠨ ᠶᠤᠮ》 ᠭᠡᠪᠡ᠃

18 ᠳ᠋ᠠᠸᠢᠳ᠋ ᠣᠷᠭᠣᠨ ᠵᠢᠭᠤᠲᠠᠵᠤ᠂ ᠷᠠᠮᠠ ᠳᠤ ᠪᠠᠢᠭ᠎ᠠ ᠰᠠᠮᠦ᠋ᠶᠧᠯ ᠳᠡᠭᠡᠷ᠎ᠡ ᠬᠦᠷᠦᠭᠡᠳ᠂ ᠰᠠᠦ᠋ᠯ ᠤᠨ ᠥᠪᠡᠷ ᠲᠤᠨᠢ ᠦᠢᠯᠡᠳᠦᠭᠰᠡᠨ ᠪᠦᠭᠦᠳᠡ ᠶᠢ ᠰᠠᠮᠦ᠋ᠶᠧᠯ ᠳᠤ ᠳᠤᠭᠤᠯᠭᠠᠪᠠ᠃ ᠲᠡᠷᠡ ᠬᠣᠶᠠᠭᠤᠯᠠ ᠨᠠᠢᠶᠣᠲ ᠲᠤ ᠣᠴᠢᠵᠤ ᠰᠠᠭᠤᠪᠠ᠃ 19 ᠲᠡᠭᠡᠬᠦ ᠳᠦ ᠬᠡᠨ ᠨᠢᠭᠡ ᠨᠢ ᠰᠠᠦ᠋ᠯ ᠳᠤ᠄ 《ᠳ᠋ᠠᠸᠢᠳ᠋ ᠷᠠᠮᠠ ᠶᠢᠨ ᠨᠠᠢᠶᠣᠲ ᠲᠤ ᠪᠠᠢᠨ᠎ᠠ》 ᠭᠡᠵᠦ ᠮᠡᠳᠡᠭᠳᠡᠵᠡᠢ᠃ 20 ᠰᠠᠦ᠋ᠯ ᠳ᠋ᠠᠸᠢᠳ᠋ ᠢ ᠪᠠᠷᠢᠪᠴᠢᠯᠠᠬᠤ ᠪᠠᠷ ᠬᠥᠮᠦᠰ ᠢ ᠶᠠᠪᠤᠭᠤᠯᠤᠭᠰᠠᠨ ᠳᠤ᠂ ᠲᠡᠳᠡ ᠬᠡᠰᠡᠭ ᠡᠰᠢ ᠦᠵᠡᠭᠦᠯᠦᠭᠴᠢᠳ ᠤᠨ ᠡᠰᠢ ᠦᠵᠡᠭᠦᠯᠵᠦ ᠪᠠᠢᠭ᠎ᠠ ᠪᠠ ᠰᠠᠮᠦ᠋ᠶᠧᠯ ᠤᠨ ᠲᠡᠨᠳᠡ ᠵᠣᠭᠰᠣᠭᠠᠳ ᠲᠡᠳᠡᠨ ᠢ ᠤᠳᠤᠷᠢᠳᠴᠤ ᠪᠠᠢᠬᠤ ᠶᠢ ᠬᠠᠷᠠᠯ᠎ᠠ᠃ ᠲᠡᠭᠡᠲᠡᠯ᠎ᠡ ᠪᠤᠷᠬᠠᠨ ᠤ ᠰᠦᠨᠡᠰᠦ ᠰᠠᠦ᠋ᠯ ᠤᠨ ᠬᠥᠮᠦᠰ ᠳᠡᠭᠡᠷ᠎ᠡ ᠪᠠᠭᠤᠵᠤ᠂ ᠲᠡᠳᠡ ᠮᠥᠨ ᠡᠰᠢ ᠦᠵᠡᠭᠦᠯᠵᠦ ᠡᠬᠢᠯᠡᠪᠡ᠃ 21 ᠰᠠᠦ᠋ᠯ ᠡᠭᠦᠨ ᠢ ᠰᠣᠨᠣᠰᠣᠭᠠᠳ ᠥᠭᠡᠷ᠎ᠡ ᠬᠥᠮᠦᠰ ᠢ ᠶᠠᠪᠤᠭᠤᠯᠤᠭᠰᠠᠨ ᠳᠤ᠂ ᠲᠡᠳᠡ ᠴᠤ ᠮᠥᠨ ᠡᠰᠢ ᠦᠵᠡᠭᠦᠯᠪᠡ᠃ ᠡᠢᠨ ᠬᠦ ᠰᠠᠦ᠋ᠯ ᠭᠤᠷᠪᠠᠳᠠᠬᠢ ᠤᠳᠠᠭ᠎ᠠ ᠪᠠᠨ ᠬᠥᠮᠦᠰ ᠢ ᠢᠯᠡᠭᠡᠭᠰᠡᠨ ᠳᠦ᠂ ᠲᠡᠳᠡ ᠨᠠᠷ ᠨᠢ ᠮᠥᠨ ᠡᠰᠢ ᠦᠵᠡᠭᠦᠯᠪᠡ᠃ 22 ᠲᠡᠭᠡᠭᠡᠳ ᠰᠠᠦ᠋ᠯ ᠥᠪᠡᠷ ᠢᠶᠡᠨ ᠷᠠᠮᠠ ᠤᠷᠤᠭᠤ ᠶᠠᠪᠤᠵᠤ᠂ ᠰᠧᠺᠦ᠋ ᠳᠤ ᠪᠠᠢᠳᠠᠭ ᠨᠢᠭᠡᠨ ᠲᠣᠮᠣ ᠤᠰᠤ ᠬᠠᠳᠠᠭᠠᠯᠠᠬᠤ ᠨᠥᠭᠡᠴᠡᠯᠡᠭᠦᠷ ᠳᠡᠭᠡᠷ᠎ᠡ ᠣᠴᠢᠵᠤ᠄ 《ᠰᠠᠮᠦ᠋ᠶᠧᠯ᠂ ᠳ᠋ᠠᠸᠢᠳ᠋ ᠨᠠᠷ ᠬᠠᠮᠢᠭ᠎ᠠ ᠪᠠᠢᠨ᠎ᠠ︖》 ᠭᠡᠵᠦ ᠠᠰᠠᠭᠤᠭᠠᠳ᠂ ᠷᠠᠮᠠ ᠶᠢᠨ ᠨᠠᠢᠶᠣᠲ ᠲᠤ ᠪᠠᠢᠨ᠎ᠠ ᠭᠡᠰᠡᠨ ᠬᠠᠷᠢᠭᠤ ᠣᠯᠪᠠ᠃ 23 ᠰᠠᠦ᠋ᠯ ᠲᠡᠨᠳᠡ ᠡᠴᠡ ᠴᠠᠭᠠᠰᠢᠯᠠᠨ ᠷᠠᠮᠠ ᠶᠢᠨ ᠨᠠᠢᠶᠣᠲ ᠤᠷᠤᠭᠤ ᠶᠠᠪᠤᠵᠤ ᠪᠠᠢᠲᠠᠯ᠎ᠠ ᠲᠡᠭᠦᠨ ᠳᠦ ᠴᠤ ᠪᠤᠷᠬᠠᠨ ᠤ ᠰᠦᠨᠡᠰᠦ ᠪᠠᠭᠤᠵᠠᠢ᠃ ᠡᠢᠮᠦ ᠡᠴᠡ ᠲᠡᠷᠡ ᠡᠰᠢ ᠦᠵᠡᠭᠦᠯᠦᠭᠰᠡᠭᠡᠷ ᠶᠠᠪᠠᠭᠠᠨ ᠶᠠᠪᠤᠵᠤ᠂ ᠷᠠᠮᠠ ᠶᠢᠨ ᠨᠠᠢᠶᠣᠲ ᠲᠤ ᠬᠦᠷᠴᠦ ᠢᠷᠡᠪᠡ᠃ 24 ᠳᠠᠷᠠᠭ᠎ᠠ ᠨᠢ ᠲᠡᠷᠡ ᠪᠠᠰᠠ ᠳᠡᠪᠡᠯ ᠢᠶᠡᠨ ᠲᠠᠢᠯᠵᠤ᠂ ᠲᠡᠷᠡ ᠮᠥᠨ ᠰᠠᠮᠦ᠋ᠶᠧᠯ ᠤᠨ ᠡᠮᠦᠨ᠎ᠡ ᠡᠰᠢ ᠦᠵᠡᠭᠦᠯᠵᠦ ᠡᠬᠢᠯᠡᠪᠡ᠃ ᠲᠡᠭᠡᠭᠡᠳ ᠰᠠᠦ᠋ᠯ ᠡᠳᠦᠷᠵᠢᠨ ᠰᠥᠨᠢᠵᠢᠨ ᠨᠢᠴᠦᠭᠦᠨ ᠬᠡᠪᠲᠡᠵᠦ ᠪᠠᠢᠯ᠎ᠠ᠃ ᠡᠭᠦᠨ ᠡᠴᠡ᠄ 《ᠰᠠᠦ᠋ᠯ ᠪᠠᠰᠠ ᠡᠰᠢ ᠦᠵᠡᠭᠦᠯᠦᠭᠴᠢᠳ ᠤᠨ ᠳᠤᠮᠳᠠ ᠪᠠᠢᠨ᠎ᠠ ᠭᠡᠵᠢ ᠤᠤ︖》 ᠭᠡᠳᠡᠭ ᠦᠭᠡ ᠭᠠᠷᠴᠠᠢ᠃