1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢ
 ᠶᠣᠨᠠᠲ᠋ᠠᠨ ᠤ ᠲᠤᠰᠠᠯᠠᠮᠵᠢ ᠪᠠᠷ ᠳ᠋ᠠᠸᠢᠳ᠋ ᠵᠢᠭᠤᠲᠠᠪᠠ

1 ᠳ᠋ᠠᠸᠢᠳ᠋ ᠷᠠᠮᠠ ᠶᠢᠨ ᠨᠠᠢᠶᠣᠲ ᠠᠴᠠ ᠵᠢᠭᠤᠲᠠᠵᠤ ᠢᠷᠡᠭᠡᠳ᠂ ᠶᠣᠨᠠᠲ᠋ᠠᠨ ᠠᠴᠠ᠄ 《ᠪᠢ ᠶᠠᠮᠠᠷ ᠬᠡᠷᠡᠭ ᠬᠢᠭᠰᠡᠨ ᠶᠤᠮ ᠪᠤᠢ︖ ᠨᠠᠳᠠ ᠳᠤ ᠶᠠᠮᠠᠷ ᠭᠡᠮ ᠪᠤᠷᠤᠭᠤ ᠪᠠᠢᠨ᠎ᠠ ᠪᠤᠢ︖ ᠪᠢ ᠲᠠᠨ ᠤ ᠡᠴᠢᠭᠡ ᠳᠦ ᠶᠠᠮᠠᠷ ᠨᠢᠭᠦᠯ ᠦᠢᠯᠡᠳᠦᠭᠰᠡᠨ ᠪᠣᠯᠣᠭᠠᠳ ᠲᠡᠷᠡ ᠮᠢᠨᠦ ᠠᠮᠢ ᠶᠢ ᠬᠥᠨᠥᠭᠡᠬᠦ ᠭᠡᠨ᠎ᠡ ᠪᠤᠢ︖》 ᠭᠡᠵᠦ ᠠᠰᠠᠭᠤᠪᠠ᠃ 2 ᠶᠣᠨᠠᠲ᠋ᠠᠨ ᠲᠡᠭᠦᠨ ᠳᠦ᠄ 《ᠶᠠᠭᠠᠬᠢᠯ᠎ᠠ ᠭᠡᠵᠢ︖ ᠴᠢ ᠠᠯᠠᠭᠳᠠᠬᠤ ᠦᠭᠡᠢ︕ ᠡᠴᠢᠭᠡ ᠮᠢᠨᠢ ᠶᠡᠬᠡ ᠪᠠᠭ᠎ᠠ ᠶᠠᠮᠠᠷ ᠴᠤ ᠬᠡᠷᠡᠭ ᠢ ᠨᠠᠳᠠ ᠳᠤ ᠳᠤᠭᠤᠯᠭᠠᠯ ᠦᠭᠡᠢ ᠦᠢᠯᠡᠳᠳᠡᠭ ᠦᠭᠡᠢ ᠰᠢᠦ᠃ ᠲᠡᠭᠡᠬᠦᠯᠡᠷ ᠡᠨᠡ ᠬᠡᠷᠡᠭ ᠢ ᠡᠴᠢᠭᠡ ᠮᠢᠨᠢ ᠶᠠᠭᠤᠨ ᠤ ᠤᠴᠢᠷ ᠨᠠᠳᠠ ᠠᠴᠠ ᠨᠢᠭᠤᠬᠤ ᠪᠢᠯᠡ︖ ᠲᠡᠢᠮᠦ ᠪᠢᠰᠢ》 ᠭᠡᠪᠡ᠃ 3 ᠭᠡᠪᠡᠴᠦ ᠳ᠋ᠠᠸᠢᠳ᠋ ᠲᠠᠩ᠋ᠭᠠᠷᠢᠭᠯᠠᠨ᠄ 《ᠨᠠᠮᠠᠶᠢ ᠲᠠᠨ ᠤ ᠨᠢᠳᠦᠨ ᠳᠦ ᠲᠠᠭᠠᠯᠠᠯ ᠢ ᠣᠯᠣᠭᠰᠠᠨ ᠭᠡᠳᠡᠭ ᠢ ᠲᠠᠨ ᠤ ᠡᠴᠢᠭᠡ ᠲᠡᠭᠦᠰ ᠮᠡᠳᠡᠨ᠎ᠡ᠃ ᠲᠡᠢᠮᠦ ᠡᠴᠡ ᠲᠡᠷᠡ᠄ 〈ᠡᠨᠡ ᠬᠡᠷᠡᠭ ᠢ ᠶᠣᠨᠠᠲ᠋ᠠᠨ ᠪᠦᠦ ᠮᠡᠳᠡᠭ᠂ ᠲᠡᠷᠡ ᠭᠤᠨᠢᠭᠯᠠᠬᠤ ᠪᠤᠢ〉 ᠭᠡᠰᠡᠨ ᠪᠢᠵᠡ᠃ ᠶᠣᠬᠣᠸᠠ ᠶᠢᠨ ᠠᠮᠢᠳᠤ ᠯᠤᠭ᠎ᠠ᠂ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠮᠢᠨᠦ ᠦᠬᠦᠯ ᠭᠠᠭᠴᠠ ᠠᠯᠬᠤᠮ ᠤᠨ ᠵᠠᠢ ᠳᠤ ᠬᠠᠶᠠᠭᠠᠨ ᠳᠤ ᠢᠷᠡᠭᠡᠳ ᠪᠠᠢᠨ᠎ᠠ》 ᠭᠡᠵᠦ ᠬᠡᠯᠡᠪᠡ᠃ 4 ᠶᠣᠨᠠᠲ᠋ᠠᠨ ᠳ᠋ᠠᠸᠢᠳ᠋ ᠲᠤ᠄ 《ᠴᠢ ᠶᠠᠭᠤ ᠬᠡᠯᠡᠭᠰᠡᠨ ᠴᠤ ᠪᠢ ᠴᠢᠨᠦ ᠲᠥᠯᠥᠭᠡ ᠭᠦᠢᠴᠡᠳᠬᠡᠶ᠎ᠡ》 ᠭᠡᠰᠡᠨ ᠳᠦ᠂ 5 ᠳ᠋ᠠᠸᠢᠳ᠋ ᠶᠣᠨᠠᠲ᠋ᠠᠨ ᠳᠤ᠄ 《ᠮᠠᠷᠭᠠᠰᠢ ᠰᠢᠨ᠎ᠡ ᠰᠠᠷ᠎ᠠ ᠶᠢᠨ ᠪᠠᠶᠠᠷ ᠲᠤᠯᠠ ᠪᠢ ᠵᠠᠪᠠᠯ ᠬᠠᠭᠠᠨ ᠲᠠᠢ ᠬᠠᠮᠲᠤ ᠰᠠᠭᠤᠵᠤ ᠵᠣᠭᠣᠭ ᠪᠠᠷᠢᠬᠤ ᠶᠣᠰᠣᠲᠠᠢ᠃ ᠬᠠᠷᠢᠨ ᠣᠳᠣ ᠶᠠᠪᠤᠬᠤ ᠶᠢ ᠮᠢᠨᠢ ᠵᠥᠪᠰᠢᠶᠡᠷᠡᠭᠡᠴᠢ᠂ ᠨᠥᠭᠥᠭᠡᠳᠦᠷ ᠦᠳᠡᠰᠢ ᠬᠦᠷᠲᠡᠯ᠎ᠡ ᠪᠢ ᠲᠠᠯ᠎ᠠ ᠳᠤ ᠨᠢᠭᠤᠭᠳᠠᠶ᠎ᠠ᠃ 6 ᠬᠡᠷᠪᠡ ᠲᠠᠨ ᠤ ᠡᠴᠢᠭᠡ ᠨᠠᠮᠠᠶᠢ ᠰᠤᠷᠠᠭᠯᠠᠭᠠᠳ ᠪᠠᠢᠪᠠᠯ᠄ 〈ᠳ᠋ᠠᠸᠢᠳ᠋ ᠪᠧᠲ᠋ᠯᠧᠾᠧᠮ ᠬᠣᠲᠠ ᠤᠷᠤᠭᠤ ᠪᠠᠨ ᠶᠠᠭᠠᠷᠠᠯᠲᠠᠢ ᠶᠠᠪᠤᠬᠤ ᠵᠥᠪᠰᠢᠶᠡᠷᠡᠯ ᠭᠤᠶᠤᠭᠠᠳ ᠪᠠᠢᠭᠰᠠᠨ ᠶᠤᠮ᠃ ᠲᠡᠭᠦᠨ ᠦ ᠪᠦᠬᠦ ᠭᠡᠷ ᠪᠦᠯᠢ ᠲᠡᠨᠳᠡ ᠵᠢᠯ ᠪᠦᠷᠢ ᠶᠢᠨ ᠡᠨᠡ ᠦᠶ᠎ᠡ ᠪᠡᠷ ᠲᠠᠬᠢᠯ ᠡᠷᠭᠦᠳᠡᠭ ᠭᠡᠨ᠎ᠡ〉 ᠭᠡᠵᠦ ᠬᠡᠯᠡᠭᠲᠦᠨ᠃ 7 ᠬᠡᠷᠪᠡ ᠲᠠᠨ ᠤ ᠡᠴᠢᠭᠡ᠄ 〈ᠰᠠᠢᠨ〉 ᠭᠡᠪᠡᠯ᠂ ᠪᠣᠭᠣᠯ ᠨᠢ ᠠᠶᠤᠯ ᠦᠭᠡᠢ᠃ ᠬᠠᠷᠢᠨ ᠶᠡᠬᠡ ᠪᠡᠷ ᠬᠢᠯᠢᠩᠨᠡᠪᠡᠯ ᠲᠡᠷᠡ ᠨᠠᠳᠠ ᠳᠤ ᠬᠣᠷᠣᠨ ᠮᠠᠭᠤ ᠶᠢ ᠤᠴᠠᠷᠠᠭᠤᠯᠬᠤ ᠪᠠᠷ ᠰᠢᠢᠳᠴᠡᠢ ᠭᠡᠳᠡᠭ ᠢ ᠮᠡᠳᠡᠲᠦᠭᠡᠢ᠃ 8 ᠥᠪᠡᠷ ᠦᠨ ᠢᠶᠠᠨ ᠪᠣᠭᠣᠯ ᠨᠠᠳᠠᠳᠤ ᠲᠠ ᠡᠨᠡᠷᠢᠩᠭᠦᠢ ᠬᠠᠨᠳᠤᠭᠠᠴᠢ᠃ ᠲᠠ ᠶᠣᠬᠣᠸᠠ ᠳᠤ ᠲᠠᠩ᠋ᠭᠠᠷᠢᠭᠯᠠᠨ ᠥᠪᠡᠷ ᠦᠨ ᠢᠶᠠᠨ ᠪᠣᠭᠣᠯ ᠨᠠᠳᠠ ᠲᠠᠢ ᠭᠡᠷ᠎ᠡ ᠪᠠᠢᠭᠤᠯᠤᠭᠰᠠᠨ ᠪᠢᠯᠡ᠃ ᠭᠡᠪᠡᠴᠦ ᠨᠠᠳᠠ ᠳᠤ ᠭᠡᠮ ᠪᠤᠷᠤᠭᠤ ᠪᠠᠢᠪᠠᠯ ᠲᠠ ᠥᠪᠡᠷ ᠢᠶᠡᠨ ᠨᠠᠮᠠᠶᠢ ᠠᠯᠠ᠃ ᠨᠠᠮᠠᠶᠢ ᠡᠴᠢᠭᠡ ᠳᠡᠭᠡᠨ ᠠᠪᠠᠴᠢᠬᠤ ᠶᠢᠨ ᠤᠴᠢᠷ ᠪᠠᠢᠨ᠎ᠠ ᠤᠤ︖》 ᠭᠡᠪᠡ᠃ 9 ᠶᠣᠨᠠᠲ᠋ᠠᠨ᠄ 《ᠶᠠᠭᠠᠬᠢᠯ᠎ᠠ ᠭᠡᠵᠢ︖ ᠡᠴᠢᠭᠡ ᠮᠢᠨᠢ ᠴᠢᠮ᠎ᠠ ᠳᠤ ᠬᠣᠷᠣᠨ ᠮᠠᠭᠤ ᠶᠢ ᠤᠴᠠᠷᠠᠭᠤᠯᠬᠤ ᠪᠠᠷ ᠰᠢᠢᠳᠦᠭᠰᠡᠨ ᠢ ᠯᠠᠪᠲᠠᠢ ᠮᠡᠳᠡᠯ᠎ᠡ ᠴᠤ ᠪᠢ ᠴᠢᠮ᠎ᠠ ᠳᠤ ᠬᠡᠯᠡᠵᠦ ᠮᠡᠳᠡᠭᠦᠯᠬᠦ ᠦᠭᠡᠢ ᠭᠡᠵᠢ ᠤᠤ︖》 ᠭᠡᠬᠦ ᠳᠦ᠂ 10 ᠳ᠋ᠠᠸᠢᠳ᠋ ᠶᠣᠨᠠᠲ᠋ᠠᠨ ᠳᠤ᠄ 《ᠬᠡᠷᠪᠡ ᠲᠠᠨ ᠤ ᠡᠴᠢᠭᠡ ᠲᠠᠨ ᠳᠤ ᠰᠢᠷᠦᠭᠦᠨ ᠬᠠᠷᠢᠭᠤ ᠥᠭᠪᠡᠯ ᠬᠡᠨ ᠨᠠᠳᠠ ᠳᠤ ᠮᠡᠳᠡᠭᠦᠯᠬᠦ ᠪᠤᠢ︖》 ᠭᠡᠪᠡ᠃ 11 ᠶᠣᠨᠠᠲ᠋ᠠᠨ ᠳ᠋ᠠᠸᠢᠳ᠋ ᠲᠤ᠄ 《ᠶᠠᠪᠤᠶ᠎ᠠ᠂ ᠬᠡᠭᠡᠷ᠎ᠡ ᠭᠠᠷᠤᠶ᠎ᠠ》 ᠭᠡᠪᠡ᠃ ᠲᠡᠭᠡᠭᠡᠳ ᠲᠡᠳᠡ ᠬᠣᠶᠠᠭᠤᠯᠠ ᠪᠠᠨ ᠬᠡᠭᠡᠷ᠎ᠡ ᠭᠠᠷᠤᠯ᠎ᠠ᠃ 12 ᠲᠡᠭᠡᠬᠦ ᠳᠦ ᠶᠣᠨᠠᠲ᠋ᠠᠨ ᠳ᠋ᠠᠸᠢᠳ᠋ ᠲᠤ᠄ 《ᠢᠰᠷᠧᠯ ᠤᠨ ᠪᠤᠷᠬᠠᠨ᠂ ᠶᠣᠬᠣᠸᠠ ᠭᠡᠷᠡᠴᠢ ᠪᠣᠯᠣᠭ᠃ ᠪᠢ ᠮᠠᠷᠭᠠᠰᠢ ᠪᠤᠶᠤ ᠨᠥᠭᠥᠭᠡᠳᠦᠷ ᠦᠨ ᠡᠨᠡ ᠦᠶ᠎ᠡ ᠪᠣᠯᠬᠤ ᠳᠤ ᠡᠴᠢᠭᠡ ᠶᠢᠨ ᠢᠶᠠᠨ ᠰᠠᠨᠠᠭ᠎ᠠ ᠶᠢ ᠲᠡᠩᠰᠡᠵᠦ ᠮᠡᠳᠡᠶ᠎ᠡ᠃ ᠬᠡᠷᠪᠡ ᠴᠢᠨᠦ ᠲᠠᠯ᠎ᠠ ᠪᠠᠷ ᠬᠣᠷᠣᠨ ᠰᠠᠨᠠᠭ᠎ᠠ ᠦᠭᠡᠢ ᠪᠣᠯ ᠪᠢ ᠬᠥᠮᠦᠨ ᠶᠠᠪᠤᠭᠤᠯᠵᠤ ᠴᠢᠮ᠎ᠠ ᠳᠤ ᠳᠤᠭᠤᠯᠭᠠᠬᠤ ᠪᠣᠯᠣᠨ᠎ᠠ᠃ 13 ᠡᠴᠢᠭᠡ ᠮᠢᠨᠢ ᠴᠢᠮᠠᠶᠢ ᠬᠣᠣᠷᠯᠠᠬᠤ ᠪᠠᠷ ᠰᠢᠢᠳᠦᠭᠰᠡᠨ ᠪᠠᠢᠬᠤ ᠳᠤ᠂ ᠡᠭᠦᠨ ᠢ ᠪᠢ ᠴᠢᠮ᠎ᠠ ᠳᠤ ᠳᠤᠭᠤᠯᠭᠠᠯ ᠦᠭᠡᠢ᠂ ᠴᠢᠮᠠᠶᠢ ᠠᠶᠤᠯ ᠦᠭᠡᠢ ᠪᠠᠷ ᠵᠢᠭᠤᠲᠠᠭᠤᠯᠬᠤ ᠦᠭᠡᠢ ᠪᠣᠯ ᠶᠣᠬᠣᠸᠠ ᠶᠣᠨᠠᠲ᠋ᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ᠃ ᠶᠣᠬᠣᠸᠠ ᠮᠢᠨᠦ ᠡᠴᠢᠭᠡ ᠲᠠᠢ ᠬᠠᠮᠲᠤ ᠪᠠᠢᠭᠰᠠᠨ ᠠᠳᠠᠯᠢ ᠴᠢᠮ᠎ᠠ ᠲᠠᠢ ᠴᠤ ᠬᠠᠮᠲᠤ ᠪᠠᠢᠬᠤ ᠪᠣᠯᠲᠤᠭᠠᠢ᠃ 14 ᠬᠠᠷᠢᠨ ᠴᠢ ᠨᠠᠳᠠ ᠳᠤ ᠶᠣᠬᠣᠸᠠ ᠶᠢᠨ ᠬᠠᠢᠷ᠎ᠠ ᠡᠨᠡᠷᠢᠯ ᠢ ᠠᠮᠢᠳᠤ ᠠᠬᠤᠢ ᠳᠤ ᠮᠢᠨᠢ ᠦᠵᠡᠭᠦᠯᠬᠦ ᠪᠣᠯᠣᠭ᠃ ᠨᠠᠮᠠᠶᠢ ᠦᠬᠦᠭᠰᠡᠨ ᠴᠤ 15 ᠬᠠᠢᠷ᠎ᠠ ᠡᠨᠡᠷᠢᠯ ᠢᠶᠠᠨ ᠴᠢ ᠭᠡᠷ ᠡᠴᠡ ᠮᠢᠨᠢ ᠪᠦᠦ ᠲᠠᠰᠤᠯᠤᠭᠠᠴᠢ᠂ ᠶᠣᠬᠣᠸᠠ ᠳ᠋ᠠᠸᠢᠳ᠋ ᠤᠨ ᠪᠦᠬᠦ ᠳᠠᠢᠰᠤᠨ ᠢ ᠭᠠᠵᠠᠷ ᠤᠨ ᠬᠥᠷᠥᠰᠥᠨ ᠡᠴᠡ ᠲᠠᠰᠤᠯᠬᠤ ᠳᠤ ᠴᠤ ᠬᠠᠢᠷ᠎ᠠ ᠡᠨᠡᠷᠢᠯ ᠢᠶᠠᠨ ᠴᠢ ᠭᠡᠷ ᠡᠴᠡ ᠮᠢᠨᠢ ᠡᠭᠦᠷᠢᠳᠡ ᠪᠦᠦ ᠲᠠᠰᠤᠯᠤᠭᠠᠴᠢ》 ᠭᠡᠵᠦ ᠬᠡᠯᠡᠪᠡ᠃ 16 ᠶᠣᠨᠠᠲ᠋ᠠᠨ ᠳ᠋ᠠᠸᠢᠳ᠋ ᠤᠨ ᠭᠡᠷ ᠲᠡᠢ ᠡᠢᠨ ᠬᠦ ᠭᠡᠷ᠎ᠡ ᠪᠠᠢᠭᠤᠯᠤᠭᠰᠠᠨ ᠠᠵᠢ᠃ 17 ᠶᠣᠨᠠᠲ᠋ᠠᠨ ᠳ᠋ᠠᠸᠢᠳ᠋ ᠲᠤ ᠬᠠᠢᠷᠠᠲᠠᠢ ᠪᠣᠯᠬᠣᠷ ᠲᠡᠭᠦᠨ ᠢᠶᠡᠷ ᠳᠠᠬᠢᠨ ᠲᠠᠩ᠋ᠭᠠᠷᠢᠭᠯᠠᠭᠤᠯᠪᠠ᠃ ᠤᠴᠢᠷ ᠨᠢ ᠶᠣᠨᠠᠲ᠋ᠠᠨ ᠥᠪᠡᠷ ᠦᠨ ᠢᠶᠠᠨ ᠰᠦᠨᠡᠰᠦ ᠶᠢ ᠬᠠᠢᠷᠠᠯᠠᠬᠤ ᠮᠡᠲᠦ ᠳ᠋ᠠᠸᠢᠳ᠋ ᠢ ᠬᠠᠢᠷᠠᠯᠠᠵᠤ ᠪᠠᠢᠪᠠ᠃

18 ᠶᠣᠨᠠᠲ᠋ᠠᠨ ᠳ᠋ᠠᠸᠢᠳ᠋ ᠲᠤ᠄ 《ᠮᠠᠷᠭᠠᠰᠢ ᠰᠢᠨ᠎ᠡ ᠰᠠᠷ᠎ᠠ ᠶᠢᠨ ᠪᠠᠶᠠᠷ᠃ ᠰᠠᠭᠤᠳᠠᠯ ᠴᠢᠨᠢ ᠬᠣᠭᠣᠰᠣᠨ ᠪᠣᠯᠬᠤ ᠪᠠᠷ ᠴᠢᠮᠠᠶᠢ ᠰᠤᠷᠠᠭᠯᠠᠨ᠎ᠠ᠃ 19 ᠨᠥᠭᠥᠭᠡᠳᠦᠷ ᠦᠳᠡᠰᠢ ᠴᠢ ᠪᠤᠰᠢᠭᠤᠬᠠᠨ ᠭᠠᠷᠴᠤ ᠤᠷᠢᠳᠤ ᠨᠢ ᠨᠢᠭᠤᠭᠳᠠᠵᠤ ᠪᠠᠢᠭᠰᠠᠨ ᠨᠥᠭᠥᠭᠡ ᠭᠠᠵᠠᠷ ᠲᠠᠭᠠᠨ ᠣᠴᠢᠵᠤ᠂ ᠡᠽᠧᠯ ᠤᠨ ᠴᠢᠯᠠᠭᠤᠨ ᠤ ᠳᠡᠷᠭᠡᠳᠡ ᠬᠦᠯᠢᠶᠡᠵᠦ ᠪᠠᠢ᠃ 20 ᠪᠢ ᠰᠣᠷ ᠬᠠᠷᠪᠤᠵᠤ ᠪᠠᠢᠭ᠎ᠠ ᠮᠡᠲᠦ ᠲᠡᠷᠡ ᠵᠦᠭ ᠲᠦ ᠭᠤᠷᠪᠠᠨ ᠰᠤᠮᠤ ᠲᠠᠯᠪᠢᠶ᠎ᠠ᠃ 21 ᠲᠡᠭᠡᠭᠡᠳ ᠪᠢ ᠨᠢᠭᠡᠨ ᠬᠥᠪᠡᠭᠦᠨ ᠢ ᠶᠠᠪᠤᠭᠤᠯᠵᠤ᠄ 〈ᠰᠤᠮᠤ ᠨᠤᠭᠤᠳ ᠢ ᠣᠯᠵᠤ ᠢᠷ᠎ᠡ〉 ᠭᠡᠵᠦ ᠬᠡᠯᠡᠨ᠎ᠡ᠃ ᠬᠡᠷᠪᠡ ᠪᠢ ᠬᠥᠪᠡᠭᠦᠨ ᠳᠦ ᠲᠤᠰᠬᠠᠢᠯᠠᠨ᠄ 〈ᠬᠥᠶᠶ᠂ ᠰᠤᠮᠤ ᠴᠢᠨᠦ ᠨᠠᠭᠠᠳᠤ ᠲᠠᠯ᠎ᠠ ᠳᠤ ᠪᠠᠢᠨ᠎ᠠ᠃ ᠲᠡᠭᠦᠨ ᠢ ᠠᠪᠴᠤ ᠢᠷ᠎ᠡ〉 ᠭᠡᠵᠦ ᠬᠡᠯᠡᠪᠡᠯ᠂ ᠴᠢ ᠭᠠᠷᠴᠤ ᠢᠷᠡᠭᠡᠷᠡᠢ᠃ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠴᠢ ᠠᠶᠤᠯ ᠦᠭᠡᠢ᠂ ᠠᠮᠤᠷ ᠪᠣᠯᠣᠨ᠎ᠠ᠃ 22 ᠬᠠᠷᠢᠨ ᠪᠢ ᠵᠠᠯᠠᠭᠤ ᠳᠤ᠄ 〈ᠬᠥᠶᠶ᠂ ᠰᠤᠮᠤ ᠴᠢᠨᠦ ᠴᠠᠭᠠᠲᠤ ᠲᠠᠯ᠎ᠠ ᠳᠤ ᠪᠠᠢᠨ᠎ᠠ〉 ᠭᠡᠵᠦ ᠬᠡᠯᠡᠪᠡᠯ᠂ ᠴᠢ ᠶᠠᠪᠤᠬᠤ ᠬᠡᠷᠡᠭᠲᠡᠢ᠃ ᠶᠣᠬᠣᠸᠠ ᠴᠢᠮᠠᠶᠢ ᠶᠠᠪᠤᠭᠤᠯᠵᠤ ᠪᠠᠢᠨ᠎ᠠ ᠰᠢᠦ᠃ 23 ᠬᠠᠷᠢᠨ ᠴᠢ ᠪᠢᠳᠡ ᠬᠣᠶᠠᠷ ᠤᠨ ᠲᠠᠩ᠋ᠭᠠᠷᠢᠭᠯᠠᠭᠰᠠᠨ ᠵᠦᠢᠯ ᠳᠤ ᠶᠣᠬᠣᠸᠠ ᠥᠪᠡᠷ ᠢᠶᠡᠨ ᠴᠢ ᠪᠢᠳᠡ ᠬᠣᠶᠠᠷ ᠤᠨ ᠬᠣᠭᠣᠷᠣᠨᠳᠣ ᠮᠥᠩᠬᠡᠳᠡ ᠭᠡᠷᠡᠴᠢ ᠪᠠᠢᠬᠤ ᠪᠣᠯᠣᠨ᠎ᠠ》 ᠭᠡᠵᠦ ᠬᠡᠯᠡᠪᠡ᠃

24 ᠢᠩᠭᠢᠭᠡᠳ ᠳ᠋ᠠᠸᠢᠳ᠋ ᠬᠡᠭᠡᠷ᠎ᠡ ᠭᠠᠷᠴᠤ ᠨᠢᠭᠤᠭᠳᠠᠪᠠ᠃ ᠰᠢᠨ᠎ᠡ ᠰᠠᠷ᠎ᠠ ᠶᠢᠨ ᠪᠠᠶᠠᠷ ᠪᠣᠯᠬᠤ ᠳᠤ᠂ ᠬᠠᠭᠠᠨ ᠵᠣᠭᠣᠭ ᠤᠨ ᠰᠢᠷᠡᠭᠡᠨ ᠳᠦ ᠰᠠᠭᠤᠯ᠎ᠠ᠃ 25 ᠬᠠᠭᠠᠨ ᠵᠠᠩᠰᠢᠯ ᠶᠣᠰᠣᠭᠠᠷ ᠢᠶᠠᠨ ᠬᠠᠨᠠᠨ ᠤ ᠳᠡᠷᠭᠡᠳᠡ ᠥᠪᠡᠷ ᠦᠨ ᠰᠠᠭᠤᠳᠠᠯ ᠳᠤ ᠰᠠᠭᠤᠵᠤ᠂ ᠡᠰᠡᠷᠭᠦ ᠲᠠᠯ᠎ᠠ ᠳᠤᠨᠢ ᠶᠣᠨᠠᠲ᠋ᠠᠨ᠂ ᠬᠠᠵᠠᠭᠤ ᠲᠠᠯ᠎ᠠ ᠳᠤᠨᠢ ᠠᠪᠨᠧᠷ ᠰᠠᠭᠤᠭᠰᠠᠨ ᠪᠠ ᠳ᠋ᠠᠸᠢᠳ᠋ ᠤᠨ ᠰᠠᠭᠤᠳᠠᠯ ᠯᠠ ᠬᠣᠭᠣᠰᠣᠨ ᠪᠠᠢᠪᠠ᠃

26 ᠭᠡᠪᠡᠴᠦ ᠰᠠᠦ᠋ᠯ ᠲᠡᠷᠡ ᠡᠳᠦᠷ ᠶᠠᠭᠤ ᠴᠤ ᠬᠡᠯᠡᠭᠰᠡᠨ ᠦᠭᠡᠢ᠃ ᠤᠴᠢᠷ ᠨᠢ ᠲᠡᠷᠡ᠄ 《ᠲᠡᠭᠦᠨ ᠳᠦ ᠰᠠᠨᠠᠭᠠᠨ ᠳᠤ ᠦᠭᠡᠢ ᠵᠦᠢᠯ ᠲᠣᠬᠢᠶᠠᠯᠳᠤᠵᠤ᠂ ᠲᠡᠷᠡ ᠪᠡᠶ᠎ᠡ ᠪᠡᠨ ᠪᠤᠵᠠᠷᠯᠠᠭᠰᠠᠨ᠂ ᠯᠠᠪ ᠪᠤᠵᠠᠷᠯᠠᠭᠰᠠᠨ》 ᠭᠡᠵᠦ ᠰᠠᠨᠠᠵᠠᠢ᠃ 27 ᠳᠠᠷᠠᠭ᠎ᠠ ᠶᠢᠨ ᠡᠳᠦᠷ᠂ ᠰᠢᠨ᠎ᠡ ᠰᠠᠷ᠎ᠠ ᠶᠢᠨ ᠪᠠᠶᠠᠷ ᠤᠨ ᠬᠣᠶᠠᠳᠠᠬᠢ ᠡᠳᠦᠷ ᠴᠤ ᠳ᠋ᠠᠸᠢᠳ᠋ ᠤᠨ ᠰᠠᠭᠤᠳᠠᠯ ᠬᠣᠭᠣᠰᠣᠨ ᠪᠠᠢᠭᠰᠠᠭᠠᠷ ᠪᠠᠢᠪᠠ᠃ ᠢᠩᠭᠢᠬᠦ ᠳᠦ ᠰᠠᠦ᠋ᠯ ᠥᠪᠡᠷ ᠦᠨ ᠬᠥᠪᠡᠭᠦᠨ ᠶᠣᠨᠠᠲ᠋ᠠᠨ ᠠᠴᠠ᠄ 《ᠢᠱᠠᠢ ᠶᠢᠨ ᠬᠥᠪᠡᠭᠦᠨ ᠶᠠᠭᠤᠨ ᠳᠤ ᠥᠴᠥᠭᠡᠳᠦᠷ ᠴᠤ᠂ ᠥᠨᠥᠳᠥᠷ ᠴᠤ ᠵᠣᠭᠣᠭ ᠲᠤ ᠢᠷᠡᠭᠰᠡᠨ ᠦᠭᠡᠢ ᠪᠤᠢ︖》 ᠭᠡᠵᠦ ᠠᠰᠠᠭᠤᠪᠠ᠃ 28 ᠲᠡᠭᠡᠬᠦ ᠳᠦ ᠶᠣᠨᠠᠲ᠋ᠠᠨ ᠰᠠᠦ᠋ᠯ ᠳᠤ᠄ 《ᠳ᠋ᠠᠸᠢᠳ᠋ ᠪᠧᠲ᠋ᠯᠧᠾᠧᠮ ᠤᠷᠤᠭᠤ ᠪᠠᠨ ᠶᠠᠪᠤᠬᠤ ᠭᠡᠵᠦ ᠨᠠᠳᠠ ᠠᠴᠠ ᠭᠤᠶᠤᠭᠠᠳ ᠪᠠᠢᠭᠰᠠᠨ᠃ 29 ᠲᠡᠷᠡ᠄ 〈ᠨᠠᠮᠠᠶᠢ ᠶᠠᠪᠤᠭᠤᠯᠤᠭᠠᠴᠢ᠂ ᠮᠠᠨ ᠤ ᠪᠦᠬᠦ ᠭᠡᠷ ᠪᠦᠯᠢ ᠲᠡᠷᠡ ᠬᠣᠲᠠ ᠳᠤ ᠲᠠᠬᠢᠯ ᠡᠷᠭᠦᠬᠦ ᠤᠴᠢᠷ ᠠᠴᠠ ᠠᠬ᠎ᠠ ᠮᠢᠨᠢ ᠨᠠᠮᠠᠶᠢ ᠢᠷ᠎ᠡ ᠭᠡᠵᠦ ᠲᠤᠰᠢᠶᠠᠭᠰᠠᠨ᠂ ᠬᠡᠷᠪᠡ ᠪᠢ ᠲᠠᠭᠠᠯᠠᠯ ᠢ ᠲᠠᠨᠢ ᠣᠯᠣᠭᠰᠠᠨ ᠪᠣᠯ᠂ ᠨᠠᠳᠠ ᠳᠤ ᠴᠢᠯᠥᠭᠡ ᠥᠭᠴᠦ ᠨᠠᠮᠠᠶᠢ ᠠᠬ᠎ᠠ ᠨᠠᠷ ᠲᠠᠢ ᠮᠢᠨᠢ ᠠᠭᠤᠯᠵᠠᠭᠤᠯᠬᠤ ᠶᠢ ᠭᠤᠶᠤᠶ᠎ᠠ〉 ᠭᠡᠰᠡᠨ ᠪᠢᠯᠡ᠃ ᠲᠡᠢᠮᠦ ᠤᠴᠢᠷ ᠠᠴᠠ ᠬᠠᠭᠠᠨ ᠤ ᠵᠣᠭᠣᠭ ᠤᠨ ᠰᠢᠷᠡᠭᠡᠨ ᠳᠦ ᠳ᠋ᠠᠸᠢᠳ᠋ ᠢᠷᠡᠭᠡ ᠦᠭᠡᠢ》 ᠭᠡᠵᠦ ᠬᠠᠷᠢᠭᠤᠯᠪᠠ᠃

30 ᠰᠠᠦ᠋ᠯ ᠶᠣᠨᠠᠲ᠋ᠠᠨ ᠳᠤ ᠠᠭᠤᠷᠯᠠᠨ᠄ 《ᠲᠡᠷᠰ ᠪᠤᠵᠠᠷ ᠡᠮ᠎ᠡ ᠶᠢᠨ ᠬᠦᠦ ᠴᠢ︕ ᠴᠢ ᠢᠱᠠᠢ ᠶᠢᠨ ᠬᠥᠪᠡᠭᠦᠨ ᠦ ᠲᠠᠯ᠎ᠠ ᠳᠤ ᠭᠠᠷᠴᠤ᠂ ᠥᠪᠡᠷ ᠢ ᠪᠠᠨ ᠭᠤᠲᠤᠭᠠᠵᠤ᠂ ᠡᠬᠡ ᠪᠡᠨ ᠨᠢᠴᠦᠭᠦᠨ ᠢᠴᠢᠭᠦᠷᠢ ᠪᠣᠯᠭᠠᠵᠤ ᠪᠠᠢᠭ᠎ᠠ ᠶᠢ ᠴᠢᠨᠢ ᠪᠢ ᠮᠡᠳᠡᠬᠦ ᠦᠭᠡᠢ ᠭᠡᠵᠦ ᠪᠣᠳᠣᠵᠤ ᠪᠠᠢᠨ᠎ᠠ ᠤᠤ︖ 31 ᠢᠱᠠᠢ ᠶᠢᠨ ᠬᠥᠪᠡᠭᠦᠨ ᠡᠨᠡ ᠭᠠᠵᠠᠷ ᠳᠡᠭᠡᠷ᠎ᠡ ᠠᠮᠢᠳᠤ ᠪᠠᠢᠭ᠎ᠠ ᠴᠠᠭ ᠲᠤ ᠴᠢ ᠴᠤ᠂ ᠴᠢᠨᠦ ᠬᠠᠭᠠᠨᠴᠢᠯᠠᠯ ᠴᠤ ᠲᠣᠭᠲᠠᠬᠤ ᠦᠭᠡᠢ᠃ ᠲᠡᠢᠮᠦ ᠤᠴᠢᠷ ᠠᠴᠠ ᠣᠳᠣ ᠬᠥᠮᠦᠨ ᠶᠠᠪᠤᠭᠤᠯᠵᠤ᠂ ᠲᠡᠭᠦᠨ ᠢ ᠨᠠᠰᠢ ᠠᠪᠴᠢᠷᠠ᠃ ᠲᠡᠷᠡ ᠵᠠᠪᠠᠯ ᠦᠬᠦᠬᠦ ᠶᠣᠰᠣᠲᠠᠢ》 ᠭᠡᠬᠦ ᠳᠦ᠂ 32 《ᠶᠠᠭᠠᠬᠢᠭᠠᠳ ᠦᠬᠦᠬᠦ ᠶᠣᠰᠣᠲᠠᠢ ᠭᠡᠵᠢ︖ ᠶᠠᠭᠤ ᠬᠢᠭᠰᠡᠨ ᠪᠤᠢ ᠲᠡᠷᠡ︖》 ᠭᠡᠵᠦ ᠶᠣᠨᠠᠲ᠋ᠠᠨ ᠡᠴᠢᠭᠡ ᠰᠠᠦ᠋ᠯ ᠤᠨ ᠢᠶᠠᠨ ᠥᠭᠡᠳᠡ ᠡᠴᠡ ᠰᠥᠷᠭᠡᠪᠡ᠃ 33 ᠰᠠᠦ᠋ᠯ ᠶᠣᠨᠠᠲ᠋ᠠᠨ ᠢ ᠠᠯᠠᠬᠤ ᠪᠠᠷ ᠲᠡᠭᠦᠨ ᠤᠷᠤᠭᠤ ᠵᠢᠳᠠ ᠰᠢᠳᠡᠪᠡ᠃ ᠡᠭᠦᠨ ᠡᠴᠡ ᠡᠴᠢᠭᠡ ᠨᠢ ᠳ᠋ᠠᠸᠢᠳ᠋ ᠢ ᠠᠯᠠᠬᠤ ᠪᠠᠷ ᠰᠢᠢᠳᠦᠭᠰᠡᠨ ᠢ ᠶᠣᠨᠠᠲ᠋ᠠᠨ ᠮᠡᠳᠡᠵᠡᠢ᠃ 34 ᠶᠣᠨᠠᠲ᠋ᠠᠨ ᠶᠡᠬᠡᠳᠡ ᠠᠭᠤᠷᠯᠠᠨ ᠵᠣᠭᠣᠭ ᠤᠨ ᠰᠢᠷᠡᠭᠡᠨ ᠡᠴᠡ ᠪᠣᠰᠪᠠ᠃ ᠡᠨᠡ ᠨᠢ ᠰᠢᠨ᠎ᠡ ᠰᠠᠷ᠎ᠠ ᠶᠢᠨ ᠪᠠᠶᠠᠷ ᠤᠨ ᠬᠣᠶᠠᠳᠠᠬᠢ ᠡᠳᠦᠷ ᠶᠤᠮᠰᠠᠨᠵᠠᠢ᠃ ᠳ᠋ᠠᠸᠢᠳ᠋ ᠲᠤ ᠬᠠᠨᠳᠤᠭᠰᠠᠨ ᠡᠴᠢᠭᠡ ᠶᠢᠨ ᠢᠶᠠᠨ ᠢᠴᠢᠭᠦᠷᠢᠲᠦ ᠶᠠᠪᠤᠳᠠᠯ ᠠᠴᠠ ᠪᠣᠯᠵᠤ᠂ ᠳ᠋ᠠᠸᠢᠳ᠋ ᠤᠨ ᠲᠥᠯᠥᠭᠡ ᠰᠡᠳᠬᠢᠯ ᠵᠣᠪᠠᠭᠰᠠᠨ ᠶᠣᠨᠠᠲ᠋ᠠᠨ ᠲᠡᠷᠡ ᠡᠳᠦᠷ ᠵᠣᠭᠣᠭ ᠪᠠᠷᠢᠭᠰᠠᠨ ᠦᠭᠡᠢ᠃

35 ᠥᠷᠯᠥᠭᠡ ᠪᠣᠯᠬᠤ ᠳᠤ᠂ ᠶᠣᠨᠠᠲ᠋ᠠᠨ ᠪᠢᠴᠢᠬᠠᠨ ᠬᠥᠪᠡᠭᠦᠨ ᠢ ᠳᠠᠭᠠᠭᠤᠯᠤᠨ ᠳ᠋ᠠᠸᠢᠳ᠋ ᠲᠠᠢ ᠪᠣᠯᠵᠣᠭᠰᠠᠨ ᠬᠡᠭᠡᠷ᠎ᠡ ᠲᠠᠯ᠎ᠠ ᠤᠷᠤᠭᠤ ᠭᠠᠷᠪᠠ᠃ 36 ᠲᠡᠷᠡ ᠬᠥᠪᠡᠭᠦᠨ ᠳᠦ᠄ 《ᠪᠢ ᠰᠤᠮᠤ ᠬᠠᠷᠪᠤᠬᠤ ᠭᠡᠵᠦ ᠪᠠᠢᠨ᠎ᠠ᠂ ᠴᠢ ᠭᠦᠶᠦᠵᠦ ᠰᠤᠮᠤ ᠶᠢ ᠮᠢᠨᠢ ᠣᠯᠵᠤ ᠢᠷ᠎ᠡ》 ᠭᠡᠯ᠎ᠡ᠃ ᠬᠥᠪᠡᠭᠦᠨ ᠭᠦᠶᠦᠵᠦ ᠣᠳᠬᠤ ᠳᠤ᠂ ᠶᠣᠨᠠᠲ᠋ᠠᠨ ᠰᠤᠮᠤ ᠪᠠᠨ ᠲᠡᠷᠡ ᠬᠥᠪᠡᠭᠦᠨ ᠦ ᠴᠠᠭᠠᠨ᠎ᠠ ᠲᠠᠯ᠎ᠠ ᠳᠤ ᠬᠠᠷᠪᠤᠪᠠ᠃ 37 ᠶᠣᠨᠠᠲ᠋ᠠᠨ ᠤ ᠰᠤᠮᠤ ᠬᠠᠷᠪᠤᠭᠰᠠᠨ ᠭᠠᠵᠠᠷ ᠲᠤ ᠲᠡᠷᠡ ᠬᠥᠪᠡᠭᠦᠨ ᠬᠦᠷᠴᠦ ᠣᠴᠢᠬᠤ ᠳᠤ᠂ ᠶᠣᠨᠠᠲ᠋ᠠᠨ ᠬᠥᠪᠡᠭᠦᠨ ᠦ ᠠᠷᠤ ᠠᠴᠠ ᠳᠠᠭᠤᠳᠠᠨ᠄ 《ᠰᠤᠮᠤ ᠴᠢᠨᠦ ᠴᠠᠭᠠᠨ᠎ᠠ ᠪᠠᠢᠨ᠎ᠠ ᠰᠢᠦ》 ᠭᠡᠵᠦ ᠬᠠᠰᠬᠢᠷᠤᠨ ᠬᠡᠯᠡᠪᠡ᠃ 38 ᠶᠣᠨᠠᠲ᠋ᠠᠨ ᠬᠥᠪᠡᠭᠦᠨ ᠦ ᠠᠷᠤ ᠠᠴᠠ ᠳᠠᠬᠢᠨ ᠳᠠᠭᠤᠳᠠᠵᠤ᠄ 《ᠬᠤᠷᠳᠤᠯᠠᠭᠠᠷᠠᠢ᠂ ᠲᠦᠷᠭᠡᠨ ᠣᠴᠢ᠂ ᠵᠣᠭᠰᠣᠵᠤ ᠪᠣᠯᠬᠤ ᠦᠭᠡᠢ》 ᠭᠡᠪᠡ᠃ ᠶᠣᠨᠠᠲ᠋ᠠᠨ ᠤ ᠵᠠᠷᠤᠴᠠ ᠬᠥᠪᠡᠭᠦᠨ ᠰᠤᠮᠤ ᠶᠢ ᠲᠡᠭᠦᠨ ᠠᠪᠴᠤ᠂ ᠡᠵᠡᠨ ᠤᠷᠤᠭᠤ ᠪᠠᠨ ᠢᠷᠡᠪᠡ᠃ 39 ᠬᠥᠪᠡᠭᠦᠨ ᠶᠠᠭᠤ ᠴᠤ ᠮᠡᠳᠡᠬᠦ ᠦᠭᠡᠢ ᠪᠠᠢᠬᠤ ᠳᠤ᠂ ᠶᠣᠨᠠᠲ᠋ᠠᠨ᠂ ᠳ᠋ᠠᠸᠢᠳ᠋ ᠬᠣᠶᠠᠷ ᠯᠠ ᠤᠴᠢᠷ ᠢ ᠮᠡᠳᠡᠵᠦ ᠪᠠᠢᠯ᠎ᠠ᠃ 40 ᠶᠣᠨᠠᠲ᠋ᠠᠨ ᠥᠪᠡᠷ ᠦᠨ ᠢᠶᠠᠨ ᠵᠡᠪᠰᠡᠭ ᠢ ᠬᠥᠪᠡᠭᠦᠨ ᠳᠦ ᠥᠭᠴᠦ᠄ 《ᠡᠭᠦᠨ ᠢ ᠬᠣᠲᠠ ᠤᠷᠤᠭᠤ ᠠᠪᠴᠤ ᠶᠠᠪᠤ》 ᠭᠡᠵᠦ ᠬᠡᠯᠡᠪᠡ᠃ 41 ᠬᠥᠪᠡᠭᠦᠨ ᠢ ᠶᠠᠪᠤᠭᠰᠠᠨ ᠤ ᠳᠠᠷᠠᠭ᠎ᠠ᠂ ᠳ᠋ᠠᠸᠢᠳ᠋ ᠣᠪᠣᠭᠠᠨ ᠤ ᠲᠡᠨᠳᠡ ᠡᠴᠡ ᠭᠠᠷᠴᠤ ᠢᠷᠡᠨ᠂ ᠭᠤᠷᠪᠠᠨ ᠤᠳᠠᠭ᠎ᠠ ᠨᠢᠭᠤᠷ ᠢᠶᠠᠨ ᠭᠠᠵᠠᠷ ᠲᠤ ᠬᠦᠷᠭᠡᠨ ᠪᠥᠬᠥᠢᠪᠡ᠃ ᠲᠡᠳᠡ ᠪᠡᠶ᠎ᠡ ᠪᠡᠶ᠎ᠡ ᠪᠡᠨ ᠦᠨᠦᠰᠦᠨ᠂ ᠵᠡᠷᠭᠡ ᠤᠬᠢᠯᠠᠯᠳᠤᠵᠤ ᠳ᠋ᠠᠸᠢᠳ᠋ ᠪᠦᠷ ᠢᠯᠡᠭᠦᠦ ᠤᠬᠢᠯᠠᠵᠠᠢ᠃ 42 ᠶᠣᠨᠠᠲ᠋ᠠᠨ ᠳ᠋ᠠᠸᠢᠳ᠋ ᠲᠤ᠄ 《ᠠᠮᠤᠷ ᠮᠡᠨᠳᠦ ᠶᠠᠪᠤᠭᠠᠷᠠᠢ᠃ ᠪᠢᠳᠡ ᠬᠣᠶᠠᠷ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠭᠰᠠᠨ ᠪᠢᠯᠡ᠃ ᠴᠢ ᠪᠢᠳᠡ ᠬᠣᠶᠠᠷ ᠤᠨ ᠬᠣᠭᠣᠷᠣᠨᠳᠣ᠂ ᠮᠥᠨ ᠮᠢᠨᠦ ᠦᠷ᠎ᠡ ᠤᠳᠤᠮ ᠪᠠ ᠴᠢᠨᠦ ᠦᠷ᠎ᠡ ᠤᠳᠤᠮ ᠤᠨ ᠬᠣᠭᠣᠷᠣᠨᠳᠣ ᠶᠣᠬᠣᠸᠠ ᠡᠭᠦᠷᠢᠳᠡ ᠮᠥᠩᠬᠡ ᠪᠠᠢᠬᠤ ᠪᠣᠯᠣᠨ᠎ᠠ》 ᠭᠡᠪᠡ᠃ ᠢᠩᠭᠢᠭᠡᠳ ᠳ᠋ᠠᠸᠢᠳ᠋ ᠪᠣᠰᠣᠨ ᠶᠠᠪᠤᠵᠤ᠂ ᠶᠣᠨᠠᠲ᠋ᠠᠨ ᠬᠣᠲᠠ ᠤᠷᠤᠭᠤ ᠪᠠᠨ ᠪᠤᠴᠠᠵᠠᠢ᠃