ᠡᠽᠷᠠ ᠬᠣᠶᠠᠷ
ᠴᠥᠯᠡᠯᠭᠡ ᠡᠴᠡ ᠪᠤᠴᠠᠭᠰᠠᠳ ᠤᠨ ᠨᠡᠷᠡᠰ
1 ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠣᠯᠵᠠᠯᠠᠭᠳᠠᠭᠠᠳ ᠪᠠᠪᠢᠯᠣᠨ ᠤᠷᠤᠭᠤ ᠴᠥᠯᠡᠭᠳᠡᠭᠰᠡᠨ ᠠᠷᠠᠳ ᠲᠦᠮᠡᠨ ᠦ ᠳᠤᠮᠳᠠ ᠠᠴᠠ ᠶᠧᠷᠦ᠋ᠰᠠᠯᠧᠮ᠂ ᠶᠦᠳᠠ ᠳᠠᠬᠢ ᠥᠪᠡᠷ ᠥᠪᠡᠷᠰᠡᠳ ᠦᠨ ᠬᠣᠲᠠ ᠲᠣᠰᠬᠣᠨ ᠤᠷᠤᠭᠤ ᠪᠤᠴᠠᠵᠤ ᠢᠷᠡᠭᠰᠡᠨ᠂ ᠨᠥᠭᠥᠭᠡ ᠮᠤᠵᠢ ᠶᠢᠨ ᠬᠥᠮᠦᠰ᠂ 2 ᠲᠤᠬᠠᠢᠯᠠᠪᠠᠯ ᠽᠣᠷᠣᠪᠠᠪᠧᠯ᠂ ᠶᠧᠱᠦ᠋ᠶ᠎ᠠ᠂ ᠨᠧᠾᠧᠮᠢᠶ᠎ᠠ᠂ ᠰᠧᠷᠠᠢᠶ᠎ᠠ᠂ ᠷᠧᠯᠠᠢᠶᠠ᠂ ᠮᠣᠷᠳᠧᠺᠠᠢ᠂ ᠪᠢᠯᠱᠠᠨ᠂ ᠮᠢᠰᠫᠠᠷ᠂ ᠪᠢᠭᠸᠠᠢ᠂ ᠷᠧᠾᠦ᠋ᠮ ᠪᠣᠯᠣᠨ ᠪᠠᠨ᠎ᠠ ᠨᠠᠷ ᠲᠠᠢ ᠬᠠᠮᠲᠤ ᠪᠤᠴᠠᠵᠠᠭᠠᠭᠰᠠᠨ ᠢᠰᠷᠧᠯ ᠤᠨ ᠠᠷᠠᠳ ᠲᠦᠮᠡᠨ ᠦ ᠡᠷᠡᠴᠦᠳ ᠦᠨ ᠲᠣᠭ᠎ᠠ᠄ 3 ᠫᠠᠷᠣᠱ ᠤᠨ ᠦᠷ᠎ᠡ ᠤᠳᠤᠮ ᠬᠣᠶᠠᠷ ᠮᠢᠩ᠋ᠭ᠎ᠠ ᠨᠢᠭᠡ ᠵᠠᠭᠤ ᠳᠠᠯᠠᠨ ᠬᠣᠶᠠᠷ᠂ 4 ᠱᠧᠹᠠᠲ᠋ᠢᠶ᠎ᠠ ᠶᠢᠨ ᠦᠷ᠎ᠡ ᠤᠳᠤᠮ ᠭᠤᠷᠪᠠᠨ ᠵᠠᠭᠤ ᠳᠠᠯᠠᠨ ᠬᠣᠶᠠᠷ᠂ 5 ᠠᠷᠠ ᠶᠢᠨ ᠦᠷ᠎ᠡ ᠤᠳᠤᠮ ᠳᠣᠯᠣᠭᠠᠨ ᠵᠠᠭᠤ ᠳᠠᠯᠠᠨ ᠲᠠᠪᠤ᠂ 6 ᠫᠠᠬᠠᠲ ᠮᠣᠶᠠᠪ ᠤᠨ ᠦᠷ᠎ᠡ ᠤᠳᠤᠮ᠂ ᠲᠤᠬᠠᠢᠯᠠᠪᠠᠯ ᠶᠧᠱᠦ᠋ᠶ᠎ᠠ ᠪᠠ ᠶᠣᠶᠠᠪ ᠤᠨ ᠦᠷ᠎ᠡ ᠤᠳᠤᠮ ᠬᠣᠶᠠᠷ ᠮᠢᠩ᠋ᠭ᠎ᠠ ᠨᠠᠢ᠌ᠮᠠᠨ ᠵᠠᠭᠤ ᠠᠷᠪᠠᠨ ᠬᠣᠶᠠᠷ᠂ 7 ᠡᠯᠠᠮ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠲᠠᠪᠢᠨ ᠳᠥᠷᠪᠡ᠂ 8 ᠽᠠᠲ᠋ᠦ᠋ ᠶᠢᠨ ᠦᠷ᠎ᠡ ᠤᠳᠤᠮ ᠶᠢᠰᠦᠨ ᠵᠠᠭᠤ ᠳᠥᠴᠢᠨ ᠲᠠᠪᠤ᠂ 9 ᠽᠠᠺᠠᠢ ᠶᠢᠨ ᠦᠷ᠎ᠡ ᠤᠳᠤᠮ ᠳᠣᠯᠣᠭᠠᠨ ᠵᠠᠭᠤ ᠵᠢᠷᠠ᠂ 10 ᠪᠠᠨᠢ ᠶᠢᠨ ᠦᠷ᠎ᠡ ᠤᠳᠤᠮ ᠵᠢᠷᠭᠤᠭᠠᠨ ᠵᠠᠭᠤ ᠳᠥᠴᠢᠨ ᠬᠣᠶᠠᠷ᠂ 11 ᠪᠧᠪᠠᠢ ᠶᠢᠨ ᠦᠷ᠎ᠡ ᠤᠳᠤᠮ ᠵᠢᠷᠭᠤᠭᠠᠨ ᠵᠠᠭᠤ ᠬᠣᠷᠢᠨ ᠭᠤᠷᠪᠠ᠂ 12 ᠠᠽᠭᠠᠳ᠋ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠬᠣᠷᠢᠨ ᠬᠣᠶᠠᠷ᠂ 13 ᠠᠳᠣᠨᠢᠺᠠᠮ ᠤᠨ ᠦᠷ᠎ᠡ ᠤᠳᠤᠮ ᠵᠢᠷᠭᠤᠭᠠᠨ ᠵᠠᠭᠤ ᠵᠢᠷᠠᠨ ᠵᠢᠷᠭᠤᠭ᠎ᠠ᠂ 14 ᠪᠢᠭᠸᠠᠢ ᠶᠢᠨ ᠦᠷ᠎ᠡ ᠤᠳᠤᠮ ᠬᠣᠶᠠᠷ ᠮᠢᠩ᠋ᠭ᠎ᠠ ᠪᠥᠭᠡᠳ ᠲᠠᠪᠢᠨ ᠵᠢᠷᠭᠤᠭ᠎ᠠ᠂ 15 ᠠᠳᠢᠨ ᠤ ᠦᠷ᠎ᠡ ᠤᠳᠤᠮ ᠳᠥᠷᠪᠡᠨ ᠵᠠᠭᠤ ᠲᠠᠪᠢᠨ ᠳᠥᠷᠪᠡ᠂ 16 ᠠᠲ᠋ᠧᠷ ᠪᠤᠶᠤ ᠾᠧᠽᠧᠺᠢᠶ᠎ᠠ ᠶᠢᠨ ᠦᠷ᠎ᠡ ᠤᠳᠤᠮ ᠶᠡᠷᠡᠨ ᠨᠠᠢ᠌ᠮᠠ᠂ 17 ᠪᠧᠽᠠᠢ ᠶᠢᠨ ᠦᠷ᠎ᠡ ᠤᠳᠤᠮ ᠭᠤᠷᠪᠠᠨ ᠵᠠᠭᠤ ᠬᠣᠷᠢᠨ ᠭᠤᠷᠪᠠ᠂ 18 ᠶᠣᠷᠠ ᠶᠢᠨ ᠦᠷ᠎ᠡ ᠤᠳᠤᠮ ᠵᠠᠭᠤ ᠠᠷᠪᠠᠨ ᠬᠣᠶᠠᠷ᠂ 19 ᠬᠠᠱᠦ᠋ᠮ ᠤᠨ ᠦᠷ᠎ᠡ ᠤᠳᠤᠮ ᠬᠣᠶᠠᠷ ᠵᠠᠭᠤ ᠬᠣᠷᠢᠨ ᠭᠤᠷᠪᠠ᠂ 20 ᠭᠢᠪᠠᠷ ᠤᠨ ᠦᠷ᠎ᠡ ᠤᠳᠤᠮ ᠶᠡᠷᠡᠨ ᠲᠠᠪᠤ᠂ 21 ᠪᠧᠲ᠋ᠯᠧᠾᠧᠮ ᠤᠨ ᠡᠷᠡᠴᠦᠳ ᠵᠠᠭᠤ ᠬᠣᠷᠢᠨ ᠭᠤᠷᠪᠠ᠂ 22 ᠨᠧᠲ᠋ᠣᠹᠠᠶᠠ ᠶᠢᠨ ᠡᠷᠡᠴᠦᠳ ᠲᠠᠪᠢᠨ ᠵᠢᠷᠭᠤᠭ᠎ᠠ᠂ 23 ᠠᠨᠠᠲ᠋ᠣᠲ ᠤᠨ ᠡᠷᠡᠴᠦᠳ ᠵᠠᠭᠤ ᠬᠣᠷᠢᠨ ᠨᠠᠢ᠌ᠮᠠ᠂ 24 ᠠᠽᠮᠠᠸᠧᠲ ᠤᠨ ᠦᠷ᠎ᠡ ᠤᠳᠤᠮ ᠳᠥᠴᠢᠨ ᠬᠣᠶᠠᠷ᠂ 25 ᠺᠢᠷᠢᠶᠠᠲ᠋ᠠᠷᠢᠮ᠂ ᠺᠧᠹᠢᠷᠠ ᠪᠣᠯᠣᠨ ᠪᠧᠷᠣᠲ ᠤᠨ ᠦᠷ᠎ᠡ ᠤᠳᠤᠮ ᠳᠣᠯᠣᠭᠠᠨ ᠵᠠᠭᠤ ᠳᠥᠴᠢᠨ ᠭᠤᠷᠪᠠ᠂ 26 ᠷᠠᠮᠠ ᠪᠠ ᠭᠧᠪᠠ ᠶᠢᠨ ᠦᠷ᠎ᠡ ᠤᠳᠤᠮ ᠵᠢᠷᠭᠤᠭᠠᠨ ᠵᠠᠭᠤ ᠬᠣᠷᠢᠨ ᠨᠢᠭᠡ᠂ 27 ᠮᠢᠺᠮᠠᠱ ᠤᠨ ᠡᠷᠡᠴᠦᠳ ᠵᠠᠭᠤ ᠬᠣᠷᠢᠨ ᠬᠣᠶᠠᠷ᠂ 28 ᠪᠧᠲ᠋ᠧᠯ ᠪᠠ ᠠᠢ ᠶᠢᠨ ᠡᠷᠡᠴᠦᠳ ᠬᠣᠶᠠᠷ ᠵᠠᠭᠤ ᠬᠣᠷᠢᠨ ᠭᠤᠷᠪᠠ᠂ 29 ᠨᠧᠪᠣ ᠶᠢᠨ ᠦᠷ᠎ᠡ ᠤᠳᠤᠮ ᠲᠠᠪᠢᠨ ᠬᠣᠶᠠᠷ᠂ 30 ᠮᠠᠬᠠᠪᠢᠱ ᠤᠨ ᠦᠷ᠎ᠡ ᠤᠳᠤᠮ ᠵᠠᠭᠤ ᠲᠠᠪᠢᠨ ᠵᠢᠷᠭᠤᠭ᠎ᠠ᠂ 31 ᠥᠭᠡᠷ᠎ᠡ ᠨᠢᠭᠡ ᠡᠯᠠᠮ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠲᠠᠪᠢᠨ ᠳᠥᠷᠪᠡ᠂ 32 ᠬᠠᠷᠢᠮ ᠤᠨ ᠦᠷ᠎ᠡ ᠤᠳᠤᠮ ᠭᠤᠷᠪᠠᠨ ᠵᠠᠭᠤ ᠬᠣᠷᠢ᠂ 33 ᠯᠣᠳ᠋᠂ ᠬᠠᠳᠢᠳ᠋ ᠪᠠ ᠣᠨᠣ᠋ ᠶᠢᠨ ᠦᠷ᠎ᠡ ᠤᠳᠤᠮ ᠳᠣᠯᠣᠭᠠᠨ ᠵᠠᠭᠤ ᠬᠣᠷᠢᠨ ᠲᠠᠪᠤ᠂ 34 ᠶᠧᠷᠢᠺᠣ ᠶᠢᠨ ᠡᠷᠡᠴᠦᠳ ᠭᠤᠷᠪᠠᠨ ᠵᠠᠭᠤ ᠳᠥᠴᠢᠨ ᠲᠠᠪᠤ᠂ 35 ᠰᠧᠨᠠ ᠶᠢᠨ ᠦᠷ᠎ᠡ ᠤᠳᠤᠮ ᠭᠤᠷᠪᠠᠨ ᠮᠢᠩ᠋ᠭ᠎ᠠ ᠵᠢᠷᠭᠤᠭᠠᠨ ᠵᠠᠭᠤ ᠭᠤᠴᠢᠨ ᠬᠥᠮᠦᠨ ᠪᠠᠢᠪᠠ᠃
36 ᠲᠠᠬᠢᠯᠴᠢᠳ ᠨᠢ ᠶᠧᠱᠦ᠋ᠶ᠎ᠠ ᠶᠢᠨ ᠭᠡᠷ ᠡᠴᠡ ᠶᠧᠳᠠᠢᠶ᠎ᠠ ᠶᠢᠨ ᠦᠷ᠎ᠡ ᠤᠳᠤᠮ ᠶᠢᠰᠦᠨ ᠵᠠᠭᠤ ᠳᠠᠯᠠᠨ ᠭᠤᠷᠪᠠ᠂ 37 ᠢᠮᠧᠷ ᠤᠨ ᠦᠷ᠎ᠡ ᠤᠳᠤᠮ ᠮᠢᠩ᠋ᠭ᠎ᠠ ᠲᠠᠪᠢᠨ ᠬᠣᠶᠠᠷ᠂ 38 ᠫᠠᠱᠦ᠋ᠷ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠳᠥᠴᠢᠨ ᠳᠣᠯᠣᠭ᠎ᠠ᠂ 39 ᠬᠠᠷᠢᠮ ᠤᠨ ᠦᠷ᠎ᠡ ᠤᠳᠤᠮ ᠮᠢᠩ᠋ᠭ᠎ᠠ ᠠᠷᠪᠠᠨ ᠳᠣᠯᠣᠭᠠᠨ ᠬᠥᠮᠦᠨ ᠪᠠᠢᠪᠠ᠃
40 ᠯᠧᠸᠢᠴᠦᠳ ᠨᠢ ᠬᠣᠳᠠᠸᠢᠶᠠ ᠶᠢᠨ ᠦᠷ᠎ᠡ ᠤᠳᠤᠮ᠂ ᠲᠤᠬᠠᠢᠯᠠᠪᠠᠯ ᠶᠧᠱᠦ᠋ᠶ᠎ᠠ ᠪᠠ ᠺᠠᠳ᠋ᠮᠢᠶᠧᠯ ᠤᠨ ᠦᠷ᠎ᠡ ᠤᠳᠤᠮ ᠳᠠᠯᠠᠨ ᠳᠥᠷᠪᠡᠨ ᠬᠥᠮᠦᠨ᠂ 41 ᠳᠠᠭᠤᠴᠢᠳ ᠨᠢ ᠠᠰᠠᠹ ᠤᠨ ᠦᠷ᠎ᠡ ᠤᠳᠤᠮ ᠵᠠᠭᠤ ᠬᠣᠷᠢᠨ ᠨᠠᠢ᠌ᠮᠠᠨ ᠬᠥᠮᠦᠨ᠂ 42 ᠠᠷᠢᠭᠤᠨ ᠥᠷᠭᠥᠭᠡᠨ ᠦ ᠬᠠᠭᠠᠯᠭᠠᠴᠢᠳ ᠨᠢ ᠱᠠᠯᠦ᠋ᠮ᠂ ᠠᠲ᠋ᠧᠷ᠂ ᠲᠠᠯᠮᠣᠨ᠂ ᠠᠺᠦ᠋ᠪ᠂ ᠬᠠᠲ᠋ᠢᠲ᠋ᠠ᠂ ᠱᠣᠪᠠᠢ ᠶᠢᠨ ᠦᠷ᠎ᠡ ᠤᠳᠤᠮ ᠪᠦᠭᠦᠳᠡ ᠵᠠᠭᠤ ᠭᠤᠴᠢ ᠶᠢᠰᠦᠨ ᠬᠥᠮᠦᠨ ᠪᠠᠢᠪᠠ᠃
43 ᠠᠷᠢᠭᠤᠨ ᠥᠷᠭᠥᠭᠡᠨ ᠦ ᠵᠠᠷᠤᠴᠠ ᠨᠠᠷ ᠨᠢ 44 ᠺᠧᠷᠣᠰ᠂ ᠰᠢᠶᠠᠬᠠ᠂ ᠫᠠᠳᠣᠨ᠂ 45 ᠯᠧᠪᠠᠨᠠ᠂ ᠾᠠᠭᠠᠪᠠ᠂ ᠠᠺᠦ᠋ᠪ᠂ 46 ᠾᠠᠭᠠᠪᠠ᠂ ᠱᠠᠯᠮᠠᠢ᠂ ᠬᠠᠨᠠᠨ᠂ 47 ᠬᠢᠳ᠋ᠧᠯ᠂ ᠭᠠᠬᠠᠷ᠂ ᠷᠧᠶᠠᠢᠶᠠ᠂ 48 ᠷᠧᠽᠢᠨ᠂ ᠨᠧᠺᠣᠳᠠ᠂ ᠭᠠᠽᠠᠮ᠂ 49 ᠦᠽᠠ᠂ ᠫᠠᠰᠧᠶᠠ᠂ ᠪᠧᠽᠠᠢ᠂ 50 ᠠᠰᠨᠠ᠂ ᠮᠧᠶᠦ᠋ᠨᠠᠮ᠂ ᠨᠧᠹᠢᠰᠢᠮ᠂ 51 ᠪᠠᠺᠪᠦ᠋ᠺ᠂ ᠬᠠᠺᠦ᠋ᠹᠠ᠂ ᠬᠠᠷᠾᠦ᠋ᠷ᠂ 52 ᠪᠠᠽᠯᠦ᠋ᠲ᠂ ᠮᠧᠾᠢᠳᠠ᠂ ᠬᠠᠷᠱᠠ᠂ 53 ᠪᠠᠷᠺᠣᠰ᠂ ᠰᠢᠰᠧᠷᠠ᠂ ᠲᠧᠮᠠ᠂ 54 ᠨᠧᠽᠢᠶᠠ᠂ ᠬᠠᠲ᠋ᠢᠹᠠ ᠶᠢᠨ ᠦᠷ᠎ᠡ ᠤᠳᠤᠮ ᠶᠤᠮ᠃
55 ᠰᠣᠯᠣᠮᠣᠨ ᠤ ᠵᠠᠷᠤᠴᠠ ᠨᠠᠷ ᠤᠨ ᠦᠷ᠎ᠡ ᠤᠳᠤᠮ ᠨᠢ ᠰᠣᠲ᠋ᠠᠢ᠂ ᠬᠠᠰᠣᠹᠧᠷᠧᠲ᠂ ᠫᠧᠷᠦ᠋ᠳᠠ᠂ 56 ᠶᠠᠯ᠎ᠠ᠂ ᠳ᠋ᠠᠷᠺᠣᠨ᠂ ᠬᠢᠳ᠋ᠧᠯ᠂ 57 ᠱᠧᠹᠠᠲ᠋ᠢᠶ᠎ᠠ᠂ ᠬᠠᠲ᠋ᠢᠯ᠂ ᠫᠣᠺᠧᠷᠧᠲ ᠬᠠᠽᠧᠪᠠᠢᠮ᠂ ᠠᠮᠢ ᠶᠢᠨ ᠦᠷ᠎ᠡ ᠤᠳᠤᠮ ᠶᠤᠮ᠃
58 ᠥᠷᠭᠥᠭᠡᠨ ᠦ ᠵᠠᠷᠤᠴᠠ ᠨᠠᠷ ᠪᠠ ᠰᠣᠯᠣᠮᠣᠨ ᠤ ᠵᠠᠷᠤᠴᠠ ᠨᠠᠷ ᠤᠨ ᠦᠷ᠎ᠡ ᠤᠳᠤᠮ ᠪᠦᠭᠦᠳᠡ ᠭᠤᠷᠪᠠᠨ ᠵᠠᠭᠤ ᠶᠡᠷᠡᠨ ᠬᠣᠶᠠᠷ ᠬᠥᠮᠦᠨ ᠪᠠᠢᠪᠠ᠃
59 ᠪᠠᠰᠠ ᠲᠧᠯ ᠮᠧᠯᠠ᠂ ᠲᠧᠯ ᠬᠠᠷᠱᠠ᠂ ᠺᠧᠷᠦ᠋ᠪ᠂ ᠠᠳᠠᠨ ᠪᠣᠯᠣᠨ ᠢᠮᠧᠷ ᠡᠴᠡ ᠢᠷᠡᠭᠰᠡᠨ ᠬᠢᠷᠢ ᠨᠢ ᠢᠰᠷᠧᠯ ᠤᠨ ᠠᠢᠮᠠᠭ ᠤᠨ ᠬᠢ ᠮᠥᠨ ᠡᠰᠡᠬᠦ ᠪᠡᠨ ᠲᠣᠳᠣᠷᠬᠠᠢᠯᠠᠵᠤ ᠴᠢᠳᠠᠭᠰᠠᠨ ᠦᠭᠡᠢ ᠬᠥᠮᠦᠰ ᠴᠤ ᠪᠠᠢᠪᠠ᠃ ᠲᠡᠳᠡ ᠪᠣᠯ᠄ 60 ᠳ᠋ᠧᠯᠠᠢᠶᠠ᠂ ᠲᠣᠪᠢᠶ᠎ᠠ᠂ ᠨᠧᠺᠣᠳᠠ ᠶᠢᠨ ᠦᠷ᠎ᠡ ᠤᠳᠤᠮ ᠪᠥᠭᠡᠳ ᠨᠡᠢᠲᠡ ᠵᠢᠷᠭᠤᠭᠠᠨ ᠵᠠᠭᠤ ᠲᠠᠪᠢᠨ ᠬᠣᠶᠠᠷ ᠬᠥᠮᠦᠨ ᠪᠠᠢᠪᠠ᠃ 61 ᠲᠠᠬᠢᠯᠴᠢᠳ ᠤᠨ ᠦᠷ᠎ᠡ ᠤᠳᠤᠮ ᠠᠴᠠ ᠬᠠᠪᠠᠢᠶᠠ᠂ ᠬᠠᠺᠣᠽ ᠤᠨ ᠦᠷ᠎ᠡ ᠤᠳᠤᠮ᠂ ᠭᠢᠯᠧᠶᠠᠳ᠋ ᠬᠥᠮᠦᠨ ᠪᠠᠷᠽᠢᠯᠠᠢ ᠶᠢᠨ ᠥᠬᠢᠳ ᠡᠴᠡ ᠡᠬᠡᠨᠡᠷ ᠠᠪᠴᠤ ᠲᠡᠳᠡᠨ ᠦ ᠨᠡᠷ᠎ᠡ ᠪᠡᠷ ᠨᠡᠷᠡᠯᠡᠭᠳᠡᠬᠦ ᠪᠣᠯᠣᠭᠰᠠᠨ ᠪᠠᠷᠽᠢᠯᠠᠢ ᠶᠢᠨ ᠦᠷ᠎ᠡ ᠤᠳᠤᠮ ᠴᠤ 62 ᠠᠢᠮᠠᠭ ᠤᠨ ᠢᠶᠠᠨ ᠪᠦᠷᠢᠳᠬᠡᠯ ᠡᠴᠡ ᠨᠡᠷᠡᠰ ᠢᠶᠡᠨ ᠬᠠᠢᠭᠰᠠᠨ ᠪᠣᠯᠪᠠᠴᠤ ᠣᠯᠣᠭᠰᠠᠨ ᠦᠭᠡᠢ ᠤᠴᠢᠷ ᠠᠴᠠ ᠠᠷᠢᠭᠤᠨ ᠪᠤᠰᠤ ᠬᠡᠮᠡᠨ ᠲᠣᠭᠠᠴᠠᠭᠳᠠᠵᠤ᠂ ᠲᠠᠬᠢᠯᠴᠢ ᠶᠢᠨ ᠠᠯᠪᠠᠨ ᠠᠴᠠ ᠬᠠᠰᠤᠭᠳᠠᠪᠠ᠃ 63 ᠮᠤᠵᠢ ᠶᠢᠨ ᠵᠠᠬᠢᠷᠤᠭᠴᠢ ᠲᠡᠳᠡᠨ ᠳᠦ᠄ 《ᠦᠷᠢᠮ ᠪᠠ ᠲᠦᠮᠢᠮ ᠲᠠᠢ ᠲᠠᠬᠢᠯᠴᠢ ᠭᠠᠷᠬᠤ ᠠᠴᠠ ᠨᠠᠰᠢ ᠠᠷᠢᠭᠤᠨ ᠠᠴᠠ ᠠᠷᠢᠭᠤᠨ ᠬᠤᠪᠢ ᠶᠢ ᠢᠳᠡᠵᠦ ᠪᠣᠯᠬᠤ ᠦᠭᠡᠢ》 ᠭᠡᠵᠦ ᠰᠠᠨᠠᠭᠤᠯᠵᠠᠢ᠃
64 ᠴᠤᠭᠯᠠᠷᠠᠭᠰᠠᠨ ᠬᠥᠮᠦᠰ ᠨᠢ ᠪᠦᠭᠦᠳᠡ ᠳᠥᠷᠪᠡᠨ ᠲᠦᠮᠡ ᠬᠣᠶᠠᠷ ᠮᠢᠩ᠋ᠭ᠎ᠠ ᠭᠤᠷᠪᠠᠨ ᠵᠠᠭᠤ ᠵᠢᠷᠠ ᠪᠠᠢᠪᠠ᠃ 65 ᠡᠭᠦᠨ ᠡᠴᠡ ᠭᠠᠳᠠᠨ᠎ᠠ᠂ ᠳᠣᠯᠣᠭᠠᠨ ᠮᠢᠩ᠋ᠭ᠎ᠠ ᠭᠤᠷᠪᠠᠨ ᠵᠠᠭᠤ ᠭᠤᠴᠢᠨ ᠳᠣᠯᠣᠭᠠᠨ ᠡᠷᠡᠭᠲᠡᠢ ᠡᠮᠡᠭᠲᠡᠢ ᠵᠠᠷᠤᠴᠠ ᠪᠠ ᠬᠣᠶᠠᠷ ᠵᠠᠭᠤᠨ ᠡᠷᠡᠭᠲᠡᠢ ᠡᠮᠡᠭᠲᠡᠢ ᠳᠠᠭᠤᠴᠢᠨ ᠪᠠᠢᠪᠠ᠃ 66 ᠪᠠᠰᠠ ᠳᠣᠯᠣᠭᠠᠨ ᠵᠠᠭᠤ ᠭᠤᠴᠢᠨ ᠵᠢᠷᠭᠤᠭᠠᠨ ᠮᠣᠷᠢ᠂ ᠬᠣᠶᠠᠷ ᠵᠠᠭᠤ ᠳᠥᠴᠢᠨ ᠲᠠᠪᠤᠨ ᠯᠠᠭᠤᠰᠠ᠂ 67 ᠳᠥᠷᠪᠡᠨ ᠵᠠᠭᠤ ᠭᠤᠴᠢᠨ ᠲᠠᠪᠤᠨ ᠲᠡᠮᠡᠭᠡ᠂ ᠵᠢᠷᠭᠤᠭᠠᠨ ᠮᠢᠩ᠋ᠭ᠎ᠠ ᠳᠣᠯᠣᠭᠠᠨ ᠵᠠᠭᠤ ᠬᠣᠷᠢᠨ ᠡᠯᠵᠢᠭᠡ ᠪᠠᠢᠪᠠ᠃
68 ᠲᠡᠳᠡ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡᠨ ᠳᠦ ᠢᠷᠡᠵᠡᠭᠡᠬᠦ ᠳᠦ᠂ ᠵᠠᠷᠢᠮ ᠠᠢᠮᠠᠭ ᠤᠨ ᠲᠡᠷᠢᠭᠦᠳ ᠪᠤᠷᠬᠠᠨ ᠤ ᠥᠷᠭᠥᠭᠡ ᠶᠢ ᠰᠠᠭᠤᠷᠢᠨ ᠳᠡᠭᠡᠷ᠎ᠡ ᠨᠢ ᠰᠡᠷᠭᠦᠭᠡᠬᠦ ᠶᠢᠨ ᠲᠤᠯᠠᠳᠠ ᠰᠠᠢᠨ ᠳᠤᠷ᠎ᠠ ᠶᠢᠨ ᠡᠷᠭᠦᠯ ᠡᠷᠭᠦᠭᠰᠡᠨ ᠪᠠᠢᠨ᠎ᠠ᠃ 69 ᠲᠡᠳᠡ ᠥᠪᠡᠷ ᠥᠪᠡᠷᠰᠡᠳ ᠦᠨ ᠴᠢᠳᠠᠯ ᠢᠶᠠᠷ ᠠᠵᠢᠯ ᠤᠨ ᠰᠠᠩ ᠳᠤ ᠵᠢᠷᠭᠤᠭᠠᠨ ᠲᠦᠮᠡ ᠨᠢᠭᠡ ᠮᠢᠩ᠋ᠭᠠᠨ ᠠᠯᠲᠠᠨ ᠳ᠋ᠷᠠᠺᠮᠠ 1 ᠂ ᠲᠠᠪᠤᠨ ᠮᠢᠩ᠋ᠭᠠᠨ ᠮᠥᠩᠭᠥᠨ ᠮᠢᠨ᠎ᠠ 2 ᠂ ᠵᠠᠭᠤᠨ ᠲᠠᠬᠢᠯᠴᠢ ᠶᠢᠨ ᠬᠤᠪᠴᠠᠰᠤ ᠬᠠᠨᠳᠢᠪᠯᠠᠵᠠᠢ᠃
70 ᠲᠠᠬᠢᠯᠴᠢᠳ᠂ ᠯᠧᠸᠢᠴᠦᠳ᠂ ᠳᠠᠭᠤᠴᠢᠳ᠂ ᠬᠠᠭᠠᠯᠭᠠᠴᠢᠳ᠂ ᠥᠷᠭᠥᠭᠡᠨ ᠳᠦ ᠦᠢᠯᠡᠴᠢᠯᠡᠭᠴᠢᠳ ᠬᠢᠭᠡᠳ ᠠᠷᠠᠳ ᠲᠦᠮᠡᠨ ᠦ ᠵᠠᠷᠢᠮ ᠨᠢ ᠶᠧᠷᠦ᠋ᠰᠠᠯᠧᠮ ᠪᠣᠯᠣᠨ ᠲᠡᠭᠦᠨ ᠦ ᠡᠷᠭᠢᠨ ᠲᠣᠭᠣᠷᠢᠨ ᠳᠤ ᠰᠠᠭᠤᠷᠢᠰᠢᠵᠤ᠂ ᠪᠤᠰᠤᠳ ᠢᠰᠷᠧᠯᠴᠦᠳ ᠥᠪᠡᠷ ᠥᠪᠡᠷᠰᠡᠳ ᠦᠨ ᠢᠶᠠᠨ ᠬᠣᠲᠠ ᠲᠣᠰᠬᠣᠨ ᠳᠤ ᠰᠠᠭᠤᠷᠢᠰᠢᠭᠰᠠᠨ ᠪᠠᠢᠨ᠎ᠠ᠃