1 2 3 4 5 6 7 8 9 10


ᠡᠽᠷᠠ ᠭᠤᠷᠪᠠ
 ᠲᠠᠬᠢᠯ ᠤᠨ ᠰᠢᠷᠡᠭᠡ ᠶᠢ ᠰᠡᠷᠭᠦᠭᠡᠪᠡ

1 ᠢᠰᠷᠧᠯᠴᠦᠳ ᠥᠪᠡᠷ ᠥᠪᠡᠷᠰᠡᠳ ᠦᠨ ᠢᠶᠠᠨ ᠬᠣᠲᠠ ᠳᠤ ᠰᠠᠭᠤᠷᠢᠰᠢᠪᠠ᠃ ᠳᠣᠯᠣᠳᠤᠭᠠᠷ ᠰᠠᠷ᠎ᠠ ᠪᠣᠯᠬᠤ ᠳᠤ ᠠᠷᠠᠳ ᠣᠯᠠᠨ ᠪᠦᠭᠦᠳᠡᠭᠡᠷ ᠶᠧᠷᠦ᠋ᠰᠠᠯᠧᠮ ᠳᠤ ᠨᠢᠭᠡ ᠬᠥᠮᠦᠨ ᠮᠡᠲᠦ ᠴᠤᠭᠯᠠᠷᠠᠯ᠎ᠠ᠃ 2 ᠲᠡᠭᠡᠬᠦ ᠳᠦ ᠶᠣᠽᠠᠳᠠᠺ ᠤᠨ ᠬᠦᠦ ᠶᠧᠱᠦ᠋ᠶ᠎ᠠ ᠪᠠ ᠲᠡᠭᠦᠨ ᠦ ᠲᠠᠬᠢᠯᠴᠢ ᠠᠬ᠎ᠠ ᠳᠡᠭᠦᠦᠰ᠂ ᠱᠠᠯᠲ᠋ᠢᠶᠧᠯ ᠤᠨ ᠬᠦᠦ ᠽᠣᠷᠣᠪᠠᠪᠧᠯ ᠪᠠ ᠲᠡᠭᠦᠨ ᠦ ᠠᠬ᠎ᠠ ᠳᠡᠭᠦᠦᠰ ᠪᠣᠰᠴᠤ᠂ ᠪᠤᠷᠬᠠᠨ ᠤ ᠬᠥᠮᠦᠨ ᠮᠣᠰᠧ ᠶᠢᠨ ᠬᠠᠤᠯᠢ ᠳᠤ ᠪᠢᠴᠢᠭᠳᠡᠭᠰᠡᠨ ᠶᠣᠰᠣᠭᠠᠷ ᠰᠢᠲᠠᠭᠠᠯᠭᠠᠲᠤ ᠲᠠᠬᠢᠯ ᠡᠷᠭᠦᠬᠦ ᠶᠢᠨ ᠲᠤᠯᠠᠳᠠ ᠢᠰᠷᠧᠯ ᠤᠨ ᠪᠤᠷᠬᠠᠨ ᠤ ᠲᠠᠬᠢᠯ ᠤᠨ ᠰᠢᠷᠡᠭᠡ ᠶᠢ ᠪᠣᠰᠬᠠᠵᠠᠢ᠃ 3 ᠲᠡᠳᠡ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠡᠴᠡ ᠠᠶᠤᠵᠤ ᠪᠠᠢᠭᠰᠠᠨ ᠪᠣᠯᠪᠠᠴᠤ ᠲᠠᠬᠢᠯ ᠤᠨ ᠰᠢᠷᠡᠭᠡ ᠶᠢ ᠰᠠᠭᠤᠷᠢᠨ ᠳᠡᠭᠡᠷ᠎ᠡ ᠨᠢ ᠪᠣᠰᠬᠠᠭᠠᠳ ᠲᠡᠭᠦᠨ ᠳᠡᠭᠡᠷ᠎ᠡ ᠪᠡᠨ ᠥᠷᠯᠥᠭᠡ᠂ ᠣᠷᠣᠢ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠪᠡ᠃ 4 ᠲᠡᠳᠡ ᠳᠦᠷᠢᠮ ᠤᠨ ᠳᠠᠭᠠᠤ ᠡᠳᠦᠷ ᠪᠦᠷᠢ ᠶᠢᠨ ᠱᠠᠭᠠᠷᠳᠠᠭᠳᠠᠬᠤ ᠬᠡᠮᠵᠢᠶ᠎ᠡ ᠪᠡᠷ ᠲᠣᠭᠲᠠᠭᠠᠭᠰᠠᠨ ᠲᠣᠭᠠᠨ ᠤ ᠰᠢᠲᠠᠭᠠᠯᠭᠠᠲᠤ ᠲᠠᠬᠢᠯ ᠡᠷᠭᠦᠵᠦ᠂ ᠪᠢᠴᠢᠭᠳᠡᠭᠰᠡᠨ ᠶᠣᠰᠣᠭᠠᠷ ᠮᠠᠢᠬᠠᠨ ᠤ ᠪᠠᠶᠠᠷ ᠢ ᠲᠡᠮᠳᠡᠭᠯᠡᠭᠰᠡᠨ ᠦ ᠳᠠᠷᠠᠭ᠎ᠠ᠂ 5 ᠪᠠᠢᠩ᠋ᠭᠤ ᠶᠢᠨ ᠰᠢᠲᠠᠭᠠᠯᠭᠠᠲᠤ ᠲᠠᠬᠢᠯ᠂ ᠰᠢᠨ᠎ᠡ ᠰᠠᠷ᠎ᠠ᠂ ᠶᠣᠬᠣᠸᠠ ᠶᠢᠨ ᠠᠷᠢᠭᠤᠰᠬᠠᠭᠰᠠᠨ ᠠᠯᠢᠪᠠ ᠪᠠᠶᠠᠷ ᠤᠨ ᠲᠠᠬᠢᠯ ᠬᠢᠭᠡᠳ ᠬᠥᠮᠦᠰ ᠦᠨ ᠰᠠᠢᠨ ᠳᠤᠷ᠎ᠠ ᠠᠴᠠ ᠪᠠᠨ ᠶᠣᠬᠣᠸᠠ ᠳᠤ ᠪᠠᠷᠢᠳᠠᠭ ᠲᠠᠬᠢᠯ ᠤᠳ ᠢ ᠡᠷᠭᠦᠵᠡᠢ᠃ 6 ᠲᠡᠢᠨ ᠬᠦ ᠲᠡᠳᠡ ᠳᠣᠯᠣᠳᠤᠭᠠᠷ ᠰᠠᠷ᠎ᠠ ᠶᠢᠨ ᠡᠬᠢᠨ ᠤ ᠡᠳᠦᠷ ᠡᠴᠡ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠵᠦ ᠡᠬᠢᠯᠡᠪᠡ᠃ ᠬᠠᠷᠢᠨ ᠶᠣᠬᠣᠸᠠ ᠶᠢᠨ ᠥᠷᠭᠥᠭᠡᠨ ᠦ ᠰᠠᠭᠤᠷᠢ ᠬᠠᠷᠠᠬᠠᠨ ᠲᠠᠯᠪᠢᠭᠳᠠᠭ᠎ᠠ ᠦᠭᠡᠢ ᠪᠠᠢᠯ᠎ᠠ᠃
 ᠥᠷᠭᠥᠭᠡ ᠶᠢ ᠰᠡᠷᠭᠦᠭᠡᠵᠦ ᠡᠬᠢᠯᠡᠪᠡ

7 ᠲᠡᠢᠮᠦ ᠡᠴᠡ ᠲᠡᠳᠡ ᠴᠢᠯᠠᠭᠤᠨ ᠳᠠᠷᠬᠠᠳ ᠪᠠ ᠮᠣᠳᠣᠨ ᠳᠠᠷᠬᠠᠳ ᠲᠤ ᠮᠥᠩᠭᠥ ᠥᠭᠴᠦ᠂ ᠰᠢᠢᠳᠣᠨᠴᠤᠳ ᠪᠣᠯᠣᠨ ᠲᠢᠷᠴᠦᠳ ᠲᠦ ᠢᠳᠡᠭᠡᠨ ᠤᠮᠳᠠᠭᠠᠨ ᠪᠣᠯᠣᠨ ᠲᠣᠰᠣ ᠥᠭᠴᠦ ᠪᠠᠢᠭᠠᠳ ᠯᠧᠪᠠᠨᠣᠨ ᠠᠴᠠ ᠬᠤᠱᠢ ᠮᠣᠳᠣᠳ ᠢ ᠶᠣᠫᠠ ᠳᠠᠬᠢ ᠳᠠᠯᠠᠢ ᠤᠷᠤᠭᠤ ᠠᠪᠴᠢᠷᠠᠭᠤᠯᠵᠠᠢ᠃ ᠡᠭᠦᠨ ᠢ ᠫᠧᠷᠰ ᠤᠨ ᠬᠠᠭᠠᠨ ᠺᠦᠷᠣᠰ ᠲᠡᠳᠡᠨ ᠳᠦ ᠵᠥᠪᠰᠢᠶᠡᠷᠡᠭᠰᠡᠨ ᠶᠤᠮ᠃

8 ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠳᠦ ᠢᠷᠡᠭᠰᠡᠨ ᠦ ᠪᠠᠨ ᠬᠣᠶᠠᠳᠠᠬᠢ ᠵᠢᠯ ᠤᠨ ᠬᠣᠶᠠᠳᠤᠭᠠᠷ ᠰᠠᠷ᠎ᠠ ᠳᠤ ᠱᠠᠯᠲ᠋ᠢᠶᠧᠯ ᠤᠨ ᠬᠦᠦ ᠽᠣᠷᠣᠪᠠᠪᠧᠯ᠂ ᠶᠣᠽᠠᠳᠠᠺ ᠤᠨ ᠬᠦᠦ ᠶᠧᠱᠦ᠋ᠶ᠎ᠠ ᠪᠣᠯᠣᠨ ᠲᠡᠳᠡᠨ ᠦ ᠪᠤᠰᠤᠳ ᠲᠠᠬᠢᠯᠴᠢ ᠠᠬ᠎ᠠ ᠳᠡᠭᠦᠦᠰ ᠪᠠ ᠯᠧᠸᠢᠴᠦᠳ ᠴᠥᠯᠡᠯᠭᠡ ᠡᠴᠡ ᠶᠧᠷᠦ᠋ᠰᠠᠯᠧᠮ ᠳᠤ ᠢᠷᠡᠵᠡᠭᠡᠭᠰᠡᠨ ᠪᠦᠬᠦ ᠬᠥᠮᠦᠨ ᠲᠡᠢ ᠬᠠᠮᠲᠤ ᠠᠵᠢᠯ ᠢ ᠡᠬᠢᠯᠡᠭᠦᠯᠪᠡ᠃ ᠬᠣᠷᠢ ᠪᠣᠯᠣᠨ ᠬᠣᠷᠢ ᠡᠴᠡ ᠳᠡᠭᠡᠭᠰᠢ ᠨᠠᠰᠤᠨ ᠤ ᠯᠧᠸᠢᠴᠦᠳ ᠶᠣᠬᠣᠸᠠ ᠶᠢᠨ ᠥᠷᠭᠥᠭᠡ ᠶᠢ ᠪᠠᠷᠢᠬᠤ ᠠᠵᠢᠯ ᠤᠨ ᠬᠢᠨᠠᠭᠴᠢ ᠪᠠᠷ ᠲᠣᠮᠢᠯᠠᠭᠳᠠᠵᠠᠢ᠃ 9 ᠶᠧᠱᠦ᠋ᠶ᠎ᠠ᠂ ᠲᠡᠭᠦᠨ ᠦ ᠬᠥᠪᠡᠭᠦᠳ ᠪᠣᠯᠣᠨ ᠠᠬ᠎ᠠ ᠳᠡᠭᠦᠦᠰ᠂ ᠺᠠᠳ᠋ᠮᠢᠶᠧᠯ ᠪᠣᠯᠣᠨ ᠲᠡᠭᠦᠨ ᠦ ᠬᠥᠪᠡᠭᠦᠳ᠂ ᠶᠦᠳᠠ ᠶᠢᠨ ᠦᠷ᠎ᠡ ᠤᠳᠤᠮ᠂ ᠯᠧᠸᠢᠴᠦᠳ ᠪᠣᠯᠬᠤ ᠾᠧᠨᠠᠳᠠᠳ᠋ ᠤᠨ ᠦᠷ᠎ᠡ ᠤᠳᠤᠮ ᠨᠢ ᠪᠤᠷᠬᠠᠨ ᠤ ᠥᠷᠭᠥᠭᠡᠨ ᠦ ᠠᠵᠢᠯᠴᠢᠳ ᠢ ᠬᠢᠨᠠᠬᠤ ᠪᠠᠷ ᠨᠢᠭᠡ ᠬᠥᠮᠦᠨ ᠮᠡᠲᠦ ᠵᠣᠭᠰᠣᠵᠠᠭᠠᠵᠠᠢ᠃

10 ᠪᠠᠷᠢᠯᠭᠠᠴᠢᠳ ᠶᠣᠬᠣᠸᠠ ᠶᠢᠨ ᠥᠷᠭᠥᠭᠡᠨ ᠦ ᠰᠠᠭᠤᠷᠢ ᠶᠢ ᠲᠠᠯᠪᠢᠬᠤ ᠳᠤ᠂ ᠳᠡᠪᠡᠯ ᠢᠶᠡᠨ ᠡᠮᠦᠰᠦᠭᠰᠡᠨ ᠲᠠᠬᠢᠯᠴᠢᠳ ᠪᠦᠷᠢᠶ᠎ᠡ ᠪᠠᠷᠢᠵᠤ᠂ ᠠᠰᠠᠹ ᠤᠨ ᠦᠷ᠎ᠡ ᠤᠳᠤᠮ ᠪᠣᠯᠬᠤ ᠯᠧᠸᠢᠴᠦᠳ ᠴᠠᠩ ᠪᠠᠷᠢᠵᠤ᠂ ᠢᠰᠷᠧᠯ ᠤᠨ ᠬᠠᠭᠠᠨ ᠳ᠋ᠠᠸᠢᠳ᠋ ᠤᠨ ᠵᠢᠭᠠᠪᠤᠷᠢᠯᠠᠭᠰᠠᠨ ᠶᠣᠰᠣᠭᠠᠷ ᠶᠣᠬᠣᠸᠠ ᠶᠢ ᠮᠠᠭᠲᠠᠬᠤ ᠪᠠᠷ ᠵᠣᠭᠰᠣᠵᠠᠭᠠᠪᠠ᠃ 11 ᠲᠡᠳᠡ ᠶᠣᠬᠣᠸᠠ ᠳᠤ ᠮᠠᠭᠲᠠᠭᠠᠯ ᠲᠠᠯᠠᠷᠬᠠᠯ ᠡᠷᠭᠦᠵᠦ᠄ 《ᠲᠡᠷᠡ ᠰᠠᠢᠨ᠂ ᠢᠰᠷᠧᠯ ᠳᠤ ᠲᠡᠭᠦᠨ ᠦ ᠦᠨᠡᠨ ᠬᠠᠢᠷ᠎ᠠ ᠡᠭᠦᠷᠢᠳᠡ ᠶᠢᠨ ᠬᠢ》 ᠭᠡᠵᠦ ᠳᠠᠭᠤᠯᠠᠵᠠᠭᠠᠬᠤ ᠳᠤ᠂ ᠠᠷᠠᠳ ᠣᠯᠠᠨ ᠶᠣᠬᠣᠸᠠ ᠶᠢᠨ ᠥᠷᠭᠥᠭᠡᠨ ᠦ ᠰᠠᠭᠤᠷᠢ ᠲᠠᠯᠪᠢᠭᠳᠠᠭᠰᠠᠨ ᠢ ᠬᠠᠷᠠᠭᠠᠳ ᠪᠦᠭᠦᠳᠡᠭᠡᠷ ᠢᠶᠡᠨ ᠶᠣᠬᠣᠸᠠ ᠶᠢ ᠮᠠᠭᠲᠠᠨ ᠴᠢᠩᠭ᠍᠎ᠠ ᠳᠠᠭᠤ ᠪᠠᠷ ᠤᠤᠬᠠᠢᠯᠠᠵᠠᠭᠠᠪᠠ᠃ 12 ᠬᠠᠷᠢᠨ ᠲᠠᠬᠢᠯᠴᠢᠳ᠂ ᠯᠧᠸᠢᠴᠦᠳ ᠪᠣᠯᠣᠨ ᠠᠢᠮᠠᠭ ᠤᠳ ᠤᠨ ᠲᠡᠷᠢᠭᠦᠳ ᠦᠨ ᠣᠯᠠᠩᠬᠢ ᠨᠢ ᠤᠤᠯ ᠤᠨ ᠥᠷᠭᠥᠭᠡ ᠶᠢ ᠦᠵᠡᠵᠦ ᠪᠠᠢᠭᠰᠠᠨ ᠨᠠᠰᠤᠲᠠᠢ ᠬᠥᠮᠦᠰ ᠪᠠᠢᠭᠰᠠᠨ ᠢᠶᠠᠷ ᠡᠨᠡ ᠥᠷᠭᠥᠭᠡᠨ ᠦ ᠰᠠᠭᠤᠷᠢ ᠲᠠᠯᠪᠢᠭᠳᠠᠭᠰᠠᠨ ᠢ ᠦᠵᠡᠭᠡᠳ ᠴᠢᠩᠭ᠍᠎ᠠ ᠳᠠᠭᠤ ᠪᠠᠷ ᠤᠬᠢᠯᠠᠵᠤ ᠪᠠᠢᠬᠤ ᠳᠤ᠂ ᠪᠤᠰᠤᠳ ᠣᠯᠠᠨ ᠬᠥᠮᠦᠰ ᠥᠨᠳᠥᠷ ᠳᠠᠭᠤ ᠪᠠᠷ ᠪᠠᠶᠠᠷᠯᠠᠨ ᠤᠤᠬᠠᠢᠯᠠᠵᠤ ᠪᠠᠢᠯ᠎ᠠ᠃ 13 ᠠᠷᠠᠳ ᠣᠯᠠᠨ ᠤ ᠴᠢᠩᠭ᠍᠎ᠠ ᠳᠠᠭᠤ ᠪᠠᠷ ᠤᠤᠬᠠᠢᠯᠠᠬᠤ ᠴᠢᠮᠡᠭᠡ ᠠᠯᠤᠰ ᠲᠤ ᠰᠣᠨᠣᠰᠳᠠᠬᠤ ᠳᠤ᠂ ᠬᠥᠮᠦᠰ ᠪᠠᠶᠠᠷ ᠤᠨ ᠤᠤᠬᠠᠢ᠂ ᠤᠬᠢᠯᠠᠬᠤ ᠳᠠᠭᠤᠨ ᠤ ᠠᠯᠢ ᠨᠢ ᠪᠣᠯᠬᠤ ᠶᠢ ᠢᠯᠭᠠᠵᠤ ᠴᠢᠳᠠᠬᠤ ᠦᠭᠡᠢ ᠪᠠᠢᠪᠠ᠃