ᠡᠽᠷᠠ ᠶᠢᠰᠦ
ᠵᠣᠬᠢᠰ ᠦᠭᠡᠢ ᠭᠡᠷᠯᠡᠯᠲᠡ ᠶᠢᠨ ᠲᠥᠯᠥᠭᠡᠬᠢ ᠭᠡᠮᠰᠢᠯ
1 ᠡᠳᠡᠭᠡᠷ ᠶᠠᠪᠤᠳᠠᠯ ᠤᠨ ᠳᠠᠷᠠᠭ᠎ᠠ᠂ ᠨᠣᠶᠠᠳ ᠨᠠᠳᠠ ᠳᠤ ᠢᠷᠡᠵᠦ᠄ 《ᠢᠰᠷᠧᠯ ᠤᠨ ᠠᠷᠠᠳ ᠲᠦᠮᠡᠨ᠂ ᠲᠠᠬᠢᠯᠴᠢᠳ ᠪᠣᠯᠣᠨ ᠯᠧᠸᠢᠴᠦᠳ ᠬᠦᠷᠲᠡᠯ᠎ᠡ ᠺᠠᠨᠠᠨᠴᠤᠳ᠂ ᠾᠢᠲ᠋ᠴᠦᠳ᠂ ᠫᠧᠷᠢᠽᠴᠦᠳ᠂ ᠶᠧᠪᠦ᠋ᠰᠴᠦᠳ᠂ ᠠᠮᠣᠨᠴᠤᠳ᠂ ᠮᠣᠶᠠᠪᠴᠤᠳ᠂ ᠶᠧᠵᠢᠫᠲ᠋ᠴᠦᠳ ᠪᠠ ᠠᠮᠣᠷᠢᠴᠤᠳ ᠵᠡᠷᠭᠡ ᠡᠨᠡ ᠨᠤᠲᠤᠭ ᠤᠨ ᠦᠨᠳᠦᠰᠦᠲᠡᠨ ᠨᠦᠭᠦᠳ ᠡᠴᠡ ᠥᠪᠡᠷᠰᠡᠳ ᠢ ᠪᠠᠨ ᠲᠤᠰᠠᠭᠠᠷᠯᠠᠯ ᠦᠭᠡᠢ᠂ ᠲᠡᠳᠡᠨ ᠦ ᠵᠢᠭᠰᠢᠭᠦᠷᠢᠲᠦ ᠶᠠᠪᠤᠳᠠᠯ ᠤᠳ ᠢ ᠳᠠᠭᠠᠵᠤ᠂ 2 ᠲᠡᠳᠡᠨ ᠦ ᠥᠬᠢᠳ ᠢ ᠥᠪᠡᠷᠰᠡᠳ ᠲᠡᠭᠡᠨ ᠪᠣᠯᠣᠨ ᠬᠥᠪᠡᠭᠦᠳ ᠲᠡᠭᠡᠨ ᠡᠬᠡᠨᠡᠷ ᠪᠣᠯᠭᠠᠨ ᠠᠪᠤᠭᠰᠠᠨ ᠢᠶᠠᠷ ᠠᠷᠢᠭᠤᠨ ᠦᠨᠳᠦᠰᠦᠲᠡᠨ ᠦ ᠦᠷ᠎ᠡ ᠬᠡᠦᠬᠡᠳ ᠡᠷᠭᠢᠨ ᠲᠣᠭᠣᠷᠢᠨ ᠤ ᠦᠨᠳᠦᠰᠦᠲᠡᠨ ᠨᠦᠭᠦᠳ ᠲᠡᠢ ᠬᠣᠯᠢᠯᠳᠤᠵᠤ ᠪᠠᠢᠨ᠎ᠠ᠃ ᠨᠣᠶᠠᠳ ᠲᠦᠰᠢᠮᠡᠳ ᠨᠢ ᠡᠨᠡ ᠬᠦ ᠢᠲᠡᠭᠡᠯ ᠦᠭᠡᠢ ᠶᠠᠪᠤᠳᠠᠯ ᠤᠨ ᠲᠣᠯᠣᠭᠠᠢᠯᠠᠭᠴᠢ ᠪᠣᠯᠵᠠᠢ》 ᠭᠡᠪᠡ᠃ 3 ᠪᠢ ᠡᠨᠡ ᠶᠠᠪᠤᠳᠠᠯ ᠢ ᠰᠣᠨᠣᠰᠣᠭᠠᠳ ᠬᠤᠪᠴᠠᠰᠤ ᠨᠥᠮᠥᠷᠭᠡ ᠪᠡᠨ ᠤᠷᠠᠵᠤ᠂ ᠲᠣᠯᠣᠭᠠᠢ᠂ ᠰᠠᠬᠠᠯ ᠤᠨ ᠢᠶᠠᠨ ᠦᠰᠦ ᠶᠢ ᠵᠤᠯᠭᠠᠭᠠᠨ ᠪᠡᠭᠲᠡᠷᠡᠨ ᠰᠠᠭᠤᠪᠠ᠃ 4 ᠲᠡᠭᠡᠬᠦ ᠳᠦ ᠴᠥᠯᠡᠯᠭᠡ ᠡᠴᠡ ᠢᠷᠡᠭᠰᠡᠳ ᠦᠨ ᠢᠲᠡᠭᠡᠯ ᠦᠭᠡᠢ ᠶᠠᠪᠤᠳᠠᠯ ᠤᠨ ᠤᠯᠠᠮ ᠢᠶᠠᠷ ᠢᠰᠷᠧᠯ ᠤᠨ ᠪᠤᠷᠬᠠᠨ ᠤ ᠦᠭᠡᠰ ᠡᠴᠡ ᠠᠶᠤᠨ ᠴᠡᠴᠡᠷᠡᠭᠰᠡᠨ ᠬᠥᠮᠦᠨ ᠪᠦᠷᠢ ᠨᠠᠳᠠ ᠳᠡᠭᠡᠷ᠎ᠡ ᠴᠤᠭᠯᠠᠷᠠᠪᠠ᠂ ᠬᠠᠷᠢᠨ ᠪᠢ ᠣᠷᠣᠢ ᠶᠢᠨ ᠲᠠᠬᠢᠯ ᠬᠦᠷᠲᠡᠯ᠎ᠡ ᠪᠡᠭᠲᠡᠷᠡᠭᠰᠡᠨ ᠬᠡᠪ ᠢᠶᠡᠷ ᠢᠶᠠᠨ ᠰᠠᠭᠤᠵᠤ ᠪᠠᠢᠯ᠎ᠠ᠃
5 ᠣᠷᠣᠢ ᠶᠢᠨ ᠲᠠᠬᠢᠯ ᠤᠨ ᠦᠶ᠎ᠡ ᠳᠦ ᠪᠢ ᠳᠣᠣᠷᠠᠳᠤ ᠪᠠᠢᠳᠠᠯ ᠠᠴᠠ ᠪᠠᠨ ᠪᠣᠰᠴᠤ᠂ ᠤᠷᠠᠭᠳᠠᠭᠰᠠᠨ ᠬᠤᠪᠴᠠᠰᠤ᠂ ᠨᠥᠮᠥᠷᠭᠡ ᠲᠠᠢ ᠴᠢᠭ ᠢᠶᠠᠷ ᠢᠶᠠᠨ ᠡᠪᠦᠳᠦᠭ ᠰᠥᠭᠥᠳᠥᠨ ᠶᠣᠬᠣᠸᠠ ᠪᠤᠷᠬᠠᠨ ᠥᠭᠡᠳᠡ ᠪᠡᠨ ᠭᠠᠷ ᠢᠶᠠᠨ ᠰᠤᠩ᠋ᠭᠠᠨ 6 ᠳᠠᠭᠠᠳᠬᠠᠵᠤ᠄ 《ᠪᠤᠷᠬᠠᠨ ᠮᠢᠨᠢ︕ ᠪᠢ ᠪᠤᠷᠬᠠᠨ ᠲᠠᠨ ᠤᠷᠤᠭᠤ ᠨᠢᠭᠤᠷ ᠢᠶᠠᠨ ᠡᠷᠭᠦᠬᠦ ᠡᠴᠡ ᠢᠴᠢᠨ ᠵᠣᠪᠠᠵᠤ ᠪᠠᠢᠨ᠎ᠠ᠃ ᠦᠨᠡᠬᠡᠷ ᠪᠢᠳᠡᠨ ᠦ ᠨᠢᠭᠦᠯ ᠣᠯᠠᠰᠢᠷᠠᠭᠠᠳ ᠲᠣᠯᠣᠭᠠᠢ ᠠᠴᠠ ᠮᠠᠨᠢ ᠳᠠᠪᠠᠵᠤ᠂ ᠪᠢᠳᠡᠨ ᠦ ᠪᠤᠷᠤᠭᠤ ᠶᠡᠬᠡᠰᠦᠭᠡᠳ ᠲᠩᠷᠢ ᠲᠤᠯᠤᠭᠰᠠᠨ ᠪᠠᠢᠨ᠎ᠠ᠃ 7 ᠡᠴᠢᠭᠡ ᠡᠪᠦᠭᠡᠳ ᠦᠨ ᠮᠢᠨᠢ ᠡᠳᠦᠷ ᠤᠳ ᠠᠴᠠ ᠥᠨᠥᠳᠥᠷ ᠬᠦᠷᠲᠡᠯ᠎ᠡ ᠪᠢᠳᠡᠨ ᠦ ᠪᠤᠷᠤᠭᠤ ᠦᠯᠡᠮᠵᠢ᠃ ᠪᠢᠳᠡᠨ ᠦ ᠭᠡᠮ ᠨᠢᠭᠦᠯ ᠦᠨ ᠤᠯᠠᠮ ᠠᠴᠠ ᠪᠢᠳᠡ ᠪᠣᠯᠣᠨ ᠪᠢᠳᠡᠨ ᠦ ᠬᠠᠭᠠᠳ᠂ ᠲᠠᠬᠢᠯᠴᠢᠳ ᠬᠠᠷᠢ ᠶᠢᠨ ᠬᠠᠭᠠᠳ ᠤᠨ ᠭᠠᠷ ᠲᠤ ᠣᠷᠣᠵᠤ᠂ ᠰᠡᠯᠡᠮ᠎ᠡ᠂ ᠴᠥᠯᠡᠯᠭᠡ᠂ ᠲᠣᠨᠣᠭᠤᠯ ᠳᠤ ᠥᠷᠲᠥᠵᠦ ᠥᠨᠥᠳᠥᠷ ᠦᠨ ᠬᠢ ᠰᠢᠭ ᠭᠤᠲᠤᠮᠰᠢᠭ ᠪᠣᠯᠣᠭᠰᠠᠨ ᠪᠠᠢᠨ᠎ᠠ᠃ 8 ᠭᠡᠪᠡᠴᠦ ᠣᠳᠣ ᠪᠢᠳᠡᠨ ᠦ ᠪᠤᠷᠬᠠᠨ ᠶᠣᠬᠣᠸᠠ ᠲᠦᠷ ᠵᠠᠭᠤᠷ᠎ᠠ ᠨᠢᠭᠦᠯᠡᠰᠦᠯ ᠢᠶᠡᠨ ᠦᠵᠡᠭᠦᠯᠵᠦ᠂ ᠪᠢᠳᠡᠨ ᠳᠦ ᠬᠡᠰᠡᠭ ᠬᠥᠮᠦᠰ ᠢ ᠦᠯᠡᠳᠡᠭᠡᠨ᠂ ᠥᠪᠡᠷ ᠦᠨ ᠢᠶᠠᠨ ᠠᠷᠢᠭᠤᠨ ᠭᠠᠵᠠᠷ ᠲᠤ ᠪᠢᠳᠡᠨ ᠳᠦ ᠭᠠᠳᠠᠰᠤ ᠥᠭᠭᠥᠭᠰᠡᠨ᠃ ᠲᠡᠢᠨ ᠬᠦ ᠪᠢᠳᠡᠨ ᠦ ᠪᠤᠷᠬᠠᠨ ᠨᠢᠳᠦ ᠶᠢ ᠮᠢᠨᠢ ᠭᠡᠭᠡᠷᠡᠭᠦᠯᠦᠨ᠂ ᠪᠣᠭᠣᠯᠴᠢᠯᠠᠯ ᠳᠤ ᠪᠠᠢᠬᠤ ᠳᠤ ᠮᠠᠨᠢ ᠵᠢᠭᠠᠬᠠᠨ ᠰᠡᠷᠭᠦᠯᠲᠡ ᠶᠢ ᠰᠣᠶᠣᠷᠬᠠᠭᠰᠠᠨ ᠶᠤᠮ᠃ 9 ᠪᠢᠳᠡ ᠪᠣᠭᠣᠯ ᠮᠥᠨ᠂ ᠭᠡᠪᠡᠴᠦ ᠪᠢᠳᠡᠨ ᠦ ᠪᠤᠷᠬᠠᠨ ᠪᠢᠳᠡᠨ ᠢ ᠪᠣᠭᠣᠯᠴᠢᠯᠠᠯ ᠳᠤ ᠣᠷᠬᠢᠭᠰᠠᠨ ᠦᠭᠡᠢ᠂ ᠬᠠᠷᠢᠨ ᠫᠧᠷᠰ ᠤᠨ ᠬᠠᠭᠠᠳ ᠤᠨ ᠡᠮᠦᠨ᠎ᠡ ᠪᠢᠳᠡᠨ ᠳᠦ ᠬᠠᠢᠷ᠎ᠠ ᠡᠨᠡᠷᠢᠯ ᠢᠶᠠᠨ ᠦᠵᠡᠭᠦᠯᠵᠦ᠂ ᠪᠢᠳᠡᠨ ᠢ ᠰᠡᠷᠭᠦᠭᠡᠭᠰᠡᠨ ᠤᠴᠢᠷ ᠠᠴᠠ ᠪᠢᠳᠡ ᠪᠤᠷᠬᠠᠨ ᠤ ᠪᠠᠨ ᠥᠷᠭᠥᠭᠡ ᠶᠢ ᠪᠣᠰᠬᠠᠨ᠂ ᠨᠤᠷᠠᠩ᠋ᠬᠠᠢ ᠶᠢ ᠨᠢ ᠰᠡᠷᠭᠦᠭᠡᠵᠦ ᠴᠢᠳᠠᠭᠰᠠᠨ᠃ ᠲᠠ ᠪᠠᠰᠠ ᠶᠦᠳᠠ ᠪᠣᠯᠣᠨ ᠶᠧᠷᠦ᠋ᠰᠠᠯᠧᠮ ᠢ ᠬᠠᠮᠠᠭᠠᠯᠠᠯᠲᠠ ᠶᠢᠨ ᠬᠡᠷᠡᠮ ᠲᠡᠢ ᠪᠣᠯᠭᠠᠭᠰᠠᠨ ᠶᠤᠮ᠃
10 ᠪᠤᠷᠬᠠᠨ ᠮᠢᠨᠢ᠂ ᠬᠠᠷᠢᠨ ᠡᠢᠮᠦ ᠪᠣᠯᠣᠭᠰᠠᠨ ᠬᠣᠢᠨ᠎ᠠ ᠴᠤ ᠪᠢᠳᠡ ᠲᠠᠨ ᠤ ᠲᠤᠰᠢᠶᠠᠯ ᠢ ᠣᠭᠣᠷᠣᠭᠰᠠᠨ ᠲᠤᠯᠠ ᠡᠳᠦᠭᠡ ᠶᠠᠭᠤ ᠬᠡᠯᠡᠬᠦ ᠪᠢᠯᠡ︖ 11 ᠲᠠ ᠵᠠᠷᠤᠴᠠ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠨ ᠲᠤᠰᠢᠶᠠᠬᠤ ᠳᠠᠭᠠᠨ᠄ 〈ᠲᠠ ᠨᠠᠷ ᠤᠨ ᠣᠷᠣᠵᠤ ᠡᠵᠡᠮᠰᠢᠬᠦ ᠭᠠᠵᠠᠷ ᠨᠢ ᠰᠠᠭᠤᠭᠠᠯᠢᠴᠢᠳ ᠤᠨ ᠢᠶᠠᠨ ᠪᠤᠵᠠᠷ ᠶᠠᠪᠤᠳᠠᠯ ᠤᠳ ᠢᠶᠠᠷ ᠪᠤᠵᠠᠷᠲᠤᠭᠰᠠᠨ ᠭᠠᠵᠠᠷ ᠶᠤᠮ᠃ ᠲᠡᠳᠡ ᠵᠢᠭᠰᠢᠭᠦᠷᠢᠲᠦ ᠶᠠᠪᠤᠳᠠᠯ ᠤᠳ ᠢ ᠦᠢᠯᠡᠳᠦᠭᠰᠡᠭᠡᠷ ᠲᠡᠷᠡ ᠭᠠᠵᠠᠷ ᠢ ᠨᠢᠭᠡ ᠵᠠᠬ᠎ᠠ ᠠᠴᠠ ᠨᠢ ᠨᠥᠭᠥᠭᠡ ᠵᠠᠬ᠎ᠠ ᠳᠤᠨᠢ ᠬᠦᠷᠲᠡᠯ᠎ᠡ ᠪᠣᠬᠢᠷ ᠶᠠᠪᠤᠳᠠᠯ ᠤᠳ ᠢᠶᠠᠷ ᠳᠦᠭᠦᠷᠭᠡᠭᠰᠡᠨ᠃ 12 ᠲᠡᠢᠮᠦ ᠡᠴᠡ ᠥᠬᠢᠳ ᠢᠶᠠᠨ ᠲᠡᠳᠡᠨ ᠦ ᠬᠥᠪᠡᠭᠦᠳ ᠲᠦ ᠪᠦᠦ ᠥᠭ᠂ ᠲᠡᠳᠡᠨ ᠦ ᠥᠬᠢᠳ ᠢ ᠴᠤ ᠬᠥᠪᠡᠭᠦᠳ ᠲᠡᠭᠡᠨ ᠪᠦᠦ ᠠᠪ᠂ ᠲᠡᠳᠡᠨ ᠦ ᠠᠮᠤᠷ ᠠᠮᠤᠭᠤᠯᠠᠩ ᠪᠤᠶᠤ ᠰᠠᠢᠨ ᠰᠠᠢᠬᠠᠨ ᠢ ᠬᠡᠵᠢᠶ᠎ᠡ ᠴᠤ ᠪᠦᠦ ᠬᠦᠰᠡ︕ ᠲᠡᠭᠡᠪᠡᠯ ᠲᠠ ᠨᠠᠷ ᠬᠦᠴᠦᠷᠬᠡᠭ ᠪᠣᠯᠵᠤ᠂ ᠲᠡᠷᠡ ᠭᠠᠵᠠᠷ ᠤᠨ ᠰᠢᠮ᠎ᠡ ᠪᠡᠷ ᠬᠣᠭᠣᠯᠠᠯᠠᠵᠤ᠂ ᠲᠡᠷᠡ ᠭᠠᠵᠠᠷ ᠢ ᠦᠷ᠎ᠡ ᠬᠡᠦᠬᠡᠳ ᠤᠳ ᠲᠡᠭᠡᠨ ᠡᠭᠦᠷᠢᠳᠡ ᠥᠪᠯᠡᠭᠦᠯᠬᠦ ᠪᠣᠯᠣᠨ᠎ᠠ〉 ᠭᠡᠰᠡᠨ ᠪᠢᠯᠡ᠃ 13 ᠪᠢᠳᠡᠨ ᠦ ᠪᠤᠵᠠᠷ ᠮᠠᠭᠤ ᠦᠢᠯᠡᠰ ᠪᠣᠯᠣᠨ ᠠᠰᠤᠷᠤ ᠶᠡᠬᠡ ᠭᠡᠮ ᠨᠢᠭᠦᠯ ᠡᠴᠡ ᠪᠣᠯᠵᠤ ᠡᠨᠡ ᠪᠦᠭᠦᠳᠡ ᠲᠣᠬᠢᠶᠠᠯᠳᠤᠭᠰᠠᠨ ᠶᠤᠮ᠃ ᠭᠡᠪᠡᠴᠦ ᠪᠤᠷᠬᠠᠨ ᠮᠢᠨᠢ ᠲᠠ ᠪᠢᠳᠡᠨ ᠦ ᠭᠡᠮ ᠪᠤᠷᠤᠭᠤ ᠶᠢ ᠬᠠᠪᠢ ᠦᠭᠡᠢ ᠬᠥᠩᠭᠡᠨ ᠰᠢᠳᠬᠡᠵᠦ᠂ ᠪᠢᠳᠡᠨ ᠢ ᠡᠨᠡ ᠵᠡᠷᠭᠡ ᠠᠮᠢᠳᠤ ᠦᠯᠡᠳᠡᠭᠡᠭᠰᠡᠨ᠃ 14 ᠲᠡᠢᠮᠦ ᠪᠠᠢᠲᠠᠯ᠎ᠠ ᠪᠢᠳᠡ ᠳᠠᠬᠢᠨ ᠲᠠᠨ ᠤ ᠲᠤᠰᠢᠶᠠᠯ ᠢ ᠵᠥᠷᠢᠴᠡᠵᠦ᠂ ᠡᠳᠡᠭᠡᠷ ᠵᠢᠭᠰᠢᠭᠦᠷᠢ ᠪᠣᠯᠣᠭᠰᠠᠨ ᠦᠨᠳᠦᠰᠦᠲᠡᠨ ᠨᠦᠭᠦᠳ ᠲᠡᠢ ᠤᠷᠤᠭᠯᠠᠵᠤ ᠪᠣᠯᠣᠨ᠎ᠠ ᠭᠡᠵᠢ ᠤᠤ︖ ᠲᠠ ᠪᠢᠳᠡᠨ ᠢ ᠦᠯᠡᠳᠡᠬᠦ᠂ ᠵᠢᠭᠤᠲᠠᠬᠤ ᠬᠥᠮᠦᠨ ᠦᠭᠡᠢ ᠪᠣᠯᠲᠠᠯ᠎ᠠ ᠤᠰᠠᠳᠬᠠᠬᠤ ᠪᠠᠷ ᠠᠭᠤᠷᠯᠠᠬᠤ ᠦᠭᠡᠢ ᠭᠡᠵᠢ ᠤᠤ︖ 15 ᠢᠰᠷᠧᠯ ᠤᠨ ᠪᠤᠷᠬᠠᠨ ᠶᠣᠬᠣᠸᠠ᠂ ᠲᠠ ᠪᠣᠯ ᠵᠥᠪ ᠰᠢᠳᠤᠷᠭᠤ᠃ ᠥᠨᠥᠳᠥᠷ ᠪᠢᠳᠡ ᠠᠮᠢ ᠮᠤᠯᠲᠤᠷᠠᠵᠤ ᠦᠯᠡᠳᠡᠵᠡᠢ᠃ ᠦᠨᠡᠨ ᠳᠡᠭᠡᠨ ᠲᠠᠨ ᠤ ᠡᠮᠦᠨ᠎ᠡ ᠭᠡᠮ ᠪᠤᠷᠤᠭᠤ ᠲᠠᠢ ᠶᠢᠨ ᠤᠯᠠᠮ ᠢᠶᠠᠷ ᠪᠢᠳᠡᠨ ᠦ ᠬᠡᠨ ᠨᠢ ᠴᠤ ᠲᠠᠨ ᠤ ᠡᠮᠦᠨ᠎ᠡ ᠵᠣᠭᠰᠣᠵᠤ ᠴᠢᠳᠠᠬᠤ ᠦᠭᠡᠢ ᠶᠤᠮ》 ᠭᠡᠪᠡ᠃