1 2 3 4 5 6 7 8 9 10


ᠡᠽᠷᠠ ᠨᠠᠢ᠌ᠮᠠ
 ᠬᠠᠮᠲᠤ ᠪᠤᠴᠠᠭᠰᠠᠨ ᠠᠢᠮᠠᠭ ᠤᠨ ᠲᠡᠷᠢᠭᠦᠳ

1 ᠠᠷᠲ᠋ᠠᠱᠠᠰᠲ᠋ᠠ ᠬᠠᠭᠠᠨ ᠤ ᠬᠠᠭᠠᠨᠴᠢᠯᠠᠯ ᠤᠨ ᠦᠶ᠎ᠡ ᠳᠦ ᠨᠠᠳᠠ ᠲᠠᠢ ᠬᠠᠮᠲᠤ ᠪᠠᠪᠢᠯᠣᠨ ᠠᠴᠠ ᠶᠠᠪᠤᠭᠰᠠᠨ ᠠᠢᠮᠠᠭ ᠤᠨ ᠲᠡᠷᠢᠭᠦᠳ ᠪᠣᠯᠣᠨ ᠲᠡᠳᠡᠨ ᠦ ᠭᠡᠷ ᠦᠨ ᠴᠠᠳᠢᠭ᠄ 2 ᠹᠢᠨᠧᠬᠠᠰ ᠤᠨ ᠦᠷ᠎ᠡ ᠤᠳᠤᠮ ᠠᠴᠠ ᠭᠧᠷᠱᠣᠮ᠂ ᠢᠲ᠋ᠠᠮᠠᠷ ᠤᠨ ᠦᠷ᠎ᠡ ᠤᠳᠤᠮ ᠠᠴᠠ ᠳ᠋ᠠᠨᠢᠶᠧᠯ᠂ ᠳ᠋ᠠᠸᠢᠳ᠋ ᠤᠨ ᠦᠷ᠎ᠡ ᠤᠳᠤᠮ ᠠᠴᠠ ᠬᠠᠲ᠋ᠦ᠋ᠱ᠂ 3 ᠱᠧᠺᠠᠨᠢᠶ᠎ᠠ ᠶᠢᠨ ᠦᠷ᠎ᠡ ᠤᠳᠤᠮ᠂ ᠲᠤᠬᠠᠢᠯᠠᠪᠠᠯ ᠫᠠᠷᠣᠱ ᠤᠨ ᠦᠷ᠎ᠡ ᠤᠳᠤᠮ ᠠᠴᠠ ᠽᠧᠺᠠᠷᠢᠶ᠎ᠠ ᠪᠣᠯᠣᠨ ᠲᠡᠭᠦᠨ ᠲᠡᠢ ᠬᠠᠮᠲᠤ ᠭᠡᠷ ᠦᠨ ᠴᠠᠳᠢᠭ ᠲᠤ ᠪᠦᠷᠢᠳᠬᠡᠭᠦᠯᠦᠭᠰᠡᠨ ᠵᠠᠭᠤ ᠲᠠᠪᠢᠨ ᠡᠷ᠎ᠡ᠂ 4 ᠫᠠᠬᠠᠲ ᠮᠣᠶᠠᠪ ᠤᠨ ᠦᠷ᠎ᠡ ᠤᠳᠤᠮ ᠠᠴᠠ ᠽᠧᠷᠠᠾᠢᠶ᠎ᠠ ᠶᠢᠨ ᠬᠦᠦ ᠡᠯᠢᠶᠧᠬᠣᠶᠧᠨᠠᠢ ᠪᠣᠯᠣᠨ ᠲᠡᠭᠦᠨ ᠦ ᠬᠠᠷᠢᠶ᠎ᠠ ᠬᠣᠶᠠᠷ ᠵᠠᠭᠤᠨ ᠡᠷ᠎ᠡ᠂ 5 ᠽᠠᠲ᠋ᠦ᠋ ᠶᠢᠨ ᠦᠷ᠎ᠡ ᠤᠳᠤᠮ ᠠᠴᠠ ᠶᠠᠬᠠᠽᠢᠶᠧᠯ ᠤᠨ ᠬᠦᠦ ᠱᠧᠺᠠᠨᠢᠶ᠎ᠠ ᠪᠣᠯᠣᠨ ᠲᠡᠭᠦᠨ ᠦ ᠬᠠᠷᠢᠶ᠎ᠠ ᠭᠤᠷᠪᠠᠨ ᠵᠠᠭᠤᠨ ᠡᠷ᠎ᠡ᠂ 6 ᠠᠳᠢᠨ ᠤ ᠦᠷ᠎ᠡ ᠤᠳᠤᠮ ᠠᠴᠠ ᠶᠣᠨᠠᠲ᠋ᠠᠨ ᠤ ᠬᠦᠦ ᠡᠪᠧᠳ᠋ ᠪᠣᠯᠣᠨ ᠲᠡᠭᠦᠨ ᠦ ᠬᠠᠷᠢᠶ᠎ᠠ ᠲᠠᠪᠢᠨ ᠡᠷ᠎ᠡ᠂ 7 ᠡᠯᠠᠮ ᠤᠨ ᠦᠷ᠎ᠡ ᠤᠳᠤᠮ ᠠᠴᠠ ᠠᠲ᠋ᠠᠯᠢᠶ᠎ᠠ ᠶᠢᠨ ᠬᠦᠦ ᠶᠧᠱᠠᠢᠶ᠎ᠠ ᠪᠣᠯᠣᠨ ᠲᠡᠭᠦᠨ ᠦ ᠬᠠᠷᠢᠶ᠎ᠠ ᠳᠠᠯᠠᠨ ᠡᠷ᠎ᠡ᠂ 8 ᠱᠧᠹᠠᠲ᠋ᠢᠶ᠎ᠠ ᠶᠢᠨ ᠦᠷ᠎ᠡ ᠤᠳᠤᠮ ᠠᠴᠠ ᠮᠢᠺᠠᠶᠧᠯ ᠤᠨ ᠬᠦᠦ ᠽᠧᠪᠠᠳᠢᠶ᠎ᠠ ᠪᠣᠯᠣᠨ ᠲᠡᠭᠦᠨ ᠦ ᠬᠠᠷᠢᠶ᠎ᠠ ᠨᠠᠶᠠᠨ ᠡᠷ᠎ᠡ᠂ 9 ᠶᠣᠶᠠᠪ ᠤᠨ ᠦᠷ᠎ᠡ ᠤᠳᠤᠮ ᠠᠴᠠ ᠶᠧᠾᠢᠶᠧᠯ ᠤᠨ ᠬᠦᠦ ᠣᠪᠠᠳᠢᠶ᠎ᠠ ᠪᠣᠯᠣᠨ ᠲᠡᠭᠦᠨ ᠦ ᠬᠠᠷᠢᠶ᠎ᠠ ᠬᠣᠶᠠᠷ ᠵᠠᠭᠤ ᠠᠷᠪᠠᠨ ᠨᠠᠢ᠌ᠮᠠᠨ ᠡᠷ᠎ᠡ᠂ 10 ᠱᠧᠯᠣᠮᠢᠲ ᠤᠨ ᠦᠷ᠎ᠡ ᠤᠳᠤᠮ ᠠᠴᠠ ᠶᠣᠰᠢᠹᠢᠶ᠎ᠠ ᠶᠢᠨ ᠬᠦᠦ ᠪᠣᠯᠣᠨ ᠲᠡᠭᠦᠨ ᠦ ᠬᠠᠷᠢᠶ᠎ᠠ ᠵᠠᠭᠤ ᠵᠢᠷᠠᠨ ᠡᠷ᠎ᠡ᠂ 11 ᠪᠧᠪᠠᠢ ᠶᠢᠨ ᠦᠷ᠎ᠡ ᠤᠳᠤᠮ ᠠᠴᠠ ᠪᠧᠪᠠᠢ ᠶᠢᠨ ᠬᠦᠦ ᠽᠧᠺᠠᠷᠢᠶ᠎ᠠ ᠪᠣᠯᠣᠨ ᠲᠡᠭᠦᠨ ᠦ ᠬᠠᠷᠢᠶ᠎ᠠ ᠬᠣᠷᠢᠨ ᠨᠠᠢ᠌ᠮᠠᠨ ᠡᠷ᠎ᠡ᠂ 12 ᠠᠽᠭᠠᠳ᠋ ᠤᠨ ᠦᠷ᠎ᠡ ᠤᠳᠤᠮ ᠠᠴᠠ ᠬᠠᠺᠠᠲ᠋ᠠᠨ ᠤ ᠬᠦᠦ ᠶᠣᠬᠠᠨᠠᠨ ᠪᠣᠯᠣᠨ ᠲᠡᠭᠦᠨ ᠦ ᠬᠠᠷᠢᠶ᠎ᠠ ᠵᠠᠭᠤ ᠠᠷᠪᠠᠨ ᠡᠷ᠎ᠡ᠂ 13 ᠠᠳᠣᠨᠢᠺᠠᠮ ᠤᠨ ᠦᠷ᠎ᠡ ᠤᠳᠤᠮ ᠠᠴᠠ ᠰᠡᠭᠦᠯ ᠳᠦ ᠢᠷᠡᠭᠰᠡᠨ 6 ᠡᠯᠢᠹᠧᠯᠧᠲ᠂ ᠶᠧᠣᠶᠧᠯ᠂ ᠱᠧᠮᠠᠢᠶ᠎ᠠ ᠪᠣᠯᠣᠨ ᠲᠡᠳᠡᠨ ᠦ ᠬᠠᠷᠢᠶ᠎ᠠ ᠵᠢᠷᠠᠨ ᠡᠷ᠎ᠡ᠂ 14 ᠪᠢᠭᠸᠠᠢ ᠶᠢᠨ ᠦᠷ᠎ᠡ ᠤᠳᠤᠮ ᠠᠴᠠ ᠦᠲ᠋ᠠᠢ᠂ ᠽᠠᠪᠦ᠋ᠳ᠋ ᠪᠣᠯᠣᠨ ᠲᠡᠳᠡᠨ ᠦ ᠬᠠᠷᠢᠶ᠎ᠠ ᠳᠠᠯᠠᠨ ᠡᠷ᠎ᠡ ᠶᠤᠮ᠃
 ᠶᠧᠷᠦ᠋ᠰᠠᠯᠧᠮ ᠳᠤ ᠪᠤᠴᠠᠭᠰᠠᠨ ᠠᠶᠠᠨ

15 ᠪᠢ ᠲᠡᠳᠡᠨ ᠢ ᠠᠬᠠᠸᠠ ᠤᠷᠤᠭᠤ ᠤᠷᠤᠰᠳᠠᠭ ᠭᠣᠣᠯ ᠤᠨ ᠳᠡᠷᠭᠡᠳᠡ ᠴᠤᠭᠯᠠᠭᠤᠯᠵᠤ᠂ ᠲᠡᠨᠳᠡ ᠪᠢᠳᠡ ᠭᠤᠷᠪᠠ ᠬᠣᠨᠣᠭ ᠪᠠᠭᠤᠳᠠᠯᠯᠠᠪᠠ᠃ ᠪᠢ ᠠᠷᠠᠳ ᠲᠦᠮᠡᠨ ᠪᠣᠯᠣᠨ ᠲᠠᠬᠢᠯᠴᠢᠳ ᠢ ᠪᠦᠷᠢᠳᠬᠡᠵᠦ ᠦᠵᠡᠬᠦ ᠳᠦ᠂ ᠲᠡᠨᠳᠡ ᠨᠢᠭᠡ ᠴᠤ ᠯᠧᠸᠢ ᠬᠥᠮᠦᠨ ᠪᠠᠢᠭᠰᠠᠨ ᠦᠭᠡᠢ᠃ 16 ᠲᠡᠢᠮᠦ ᠡᠴᠡ ᠪᠢ ᠡᠯᠢᠶᠧᠽᠧᠷ᠂ ᠠᠷᠢᠶᠧᠯ᠂ ᠱᠧᠮᠠᠢᠶ᠎ᠠ᠂ ᠡᠯᠨᠠᠲ᠋ᠠᠨ᠂ ᠶᠠᠷᠢᠪ᠂ ᠡᠯᠨᠠᠲ᠋ᠠᠨ᠂ ᠨᠠᠲ᠋ᠠᠨ᠂ ᠽᠧᠺᠠᠷᠢᠶ᠎ᠠ᠂ ᠮᠧᠱᠦ᠋ᠯᠠᠮ ᠵᠡᠷᠭᠡ ᠤᠳᠤᠷᠢᠳᠤᠭᠴᠢᠳ ᠢ᠂ ᠮᠥᠨ ᠶᠣᠶᠠᠷᠢᠪ᠂ ᠡᠯᠨᠠᠲ᠋ᠠᠨ ᠵᠡᠷᠭᠡ ᠮᠡᠷᠭᠡᠨ ᠬᠥᠮᠦᠰ ᠢ ᠳᠠᠭᠤᠳᠠᠵᠤ᠂ 17 ᠲᠡᠳᠡᠨ ᠢ ᠺᠠᠰᠢᠪᠢᠶ᠎ᠠ ᠭᠠᠵᠠᠷ ᠤᠨ ᠤᠳᠤᠷᠢᠳᠤᠭᠴᠢ ᠢᠳᠣ᠋ ᠤᠷᠤᠭᠤ ᠢᠯᠡᠭᠡᠵᠡᠢ᠃ ᠪᠢ ᠲᠡᠳᠡᠨ ᠳᠦ ᠪᠤᠷᠬᠠᠨ ᠤ ᠥᠷᠭᠥᠭᠡᠨ ᠳᠦ ᠦᠢᠯᠡᠴᠢᠯᠡᠬᠦ ᠬᠥᠮᠦᠰ ᠢ ᠠᠪᠴᠢᠷᠠᠬᠤ ᠲᠠᠯ᠎ᠠ ᠪᠠᠷ ᠢᠳᠣ᠋ ᠪᠣᠯᠣᠨ ᠲᠡᠭᠦᠨ ᠦ ᠠᠬ᠎ᠠ ᠳᠡᠭᠦᠦᠰ᠂ ᠮᠥᠨ ᠺᠠᠰᠢᠪᠢᠶ᠎ᠠ ᠨᠤᠲᠤᠭ ᠲᠤ ᠰᠠᠭᠤᠳᠠᠭ ᠥᠷᠭᠥᠭᠡᠨ ᠦ ᠵᠠᠷᠤᠴᠠ ᠨᠠᠷ ᠲᠤ ᠶᠠᠭᠤ ᠶᠠᠷᠢᠬᠤ ᠶᠣᠰᠣᠲᠠᠢ ᠶᠢ ᠨᠢ ᠵᠢᠭᠠᠭᠰᠠᠨ ᠶᠤᠮ᠃ 18 ᠪᠢᠳᠡᠨ ᠦ ᠪᠤᠷᠬᠠᠨ ᠤ ᠰᠠᠢᠨ ᠮᠤᠲᠤᠷ ᠪᠢᠳᠡᠨ ᠦ ᠳᠡᠭᠡᠷ᠎ᠡ ᠪᠠᠢᠭᠰᠠᠨ ᠤᠴᠢᠷ ᠠᠴᠠ ᠲᠡᠳᠡ ᠱᠧᠷᠧᠪᠢᠶ᠎ᠠ ᠭᠡᠳᠡᠭ ᠴᠢᠳᠠᠪᠤᠷᠢ ᠲᠠᠢ ᠬᠥᠮᠦᠨ ᠢ ᠲᠡᠭᠦᠨ ᠦ ᠬᠥᠪᠡᠭᠦᠳ᠂ ᠠᠬ᠎ᠠ ᠳᠡᠭᠦᠦᠰ ᠲᠡᠢ ᠨᠢ ᠪᠦᠭᠦᠳᠡ ᠠᠷᠪᠠᠨ ᠨᠠᠢ᠌ᠮᠠᠨ ᠬᠥᠮᠦᠨ ᠢ ᠪᠢᠳᠡᠨ ᠳᠦ ᠠᠪᠴᠢᠷᠠᠭᠰᠠᠨ ᠪᠢᠯᠡ᠃ ᠱᠧᠷᠧᠪᠢᠶ᠎ᠠ ᠪᠣᠯ ᠢᠰᠷᠧᠯ ᠤᠨ ᠠᠴᠢ ᠯᠧᠸᠢ ᠶᠢᠨ ᠬᠦᠦ ᠮᠠᠯᠢ ᠶᠢᠨ ᠦᠷ᠎ᠡ ᠤᠳᠤᠮ ᠶᠤᠮ᠃ 19 ᠪᠠᠰᠠ ᠬᠠᠱᠠᠪᠢᠶ᠎ᠠ ᠶᠢ᠂ ᠮᠥᠨ ᠮᠧᠷᠠᠷᠢ ᠶᠢᠨ ᠦᠷ᠎ᠡ ᠤᠳᠤᠮ ᠠᠴᠠ ᠶᠧᠱᠠᠢᠶ᠎ᠠ ᠶᠢ᠂ ᠲᠡᠭᠦᠨ ᠦ ᠠᠬ᠎ᠠ ᠳᠡᠭᠦᠦᠰ ᠪᠣᠯᠣᠨ ᠲᠡᠳᠡᠨ ᠦ ᠬᠥᠪᠡᠭᠦᠳ ᠲᠡᠢ ᠬᠠᠮᠲᠤ ᠪᠦᠭᠦᠳᠡ ᠬᠣᠷᠢᠨ ᠬᠥᠮᠦᠨ ᠢ ᠠᠪᠴᠢᠷᠠᠵᠤ᠂ 20 ᠮᠥᠨ ᠥᠷᠭᠥᠭᠡᠨ ᠦ ᠵᠠᠷᠤᠴᠠ ᠨᠠᠷ (ᠤᠤᠯ ᠨᠢ ᠳ᠋ᠠᠸᠢᠳ᠋ ᠪᠣᠯᠣᠨ ᠲᠦᠰᠢᠮᠡᠳ ᠨᠢ ᠡᠨᠡ ᠪᠦᠯᠦᠭ ᠬᠥᠮᠦᠰ ᠢ ᠯᠧᠸᠢᠴᠦᠳ ᠲᠦ ᠲᠤᠰᠠᠯᠠᠭᠤᠯᠬᠤ ᠪᠠᠷ ᠲᠤᠰᠠᠭᠠᠷᠯᠠᠭᠰᠠᠨ ᠠᠵᠢ᠃) ᠡᠴᠡ ᠬᠣᠶᠠᠷ ᠵᠠᠭᠤ ᠬᠣᠷᠢᠨ ᠬᠥᠮᠦᠨ ᠢ ᠠᠪᠴᠢᠷᠠᠪᠠ᠃ ᠲᠡᠳᠡ ᠪᠦᠭᠦᠳᠡ ᠨᠡᠷ᠎ᠡ ᠪᠡᠨ ᠪᠦᠷᠢᠳᠬᠡᠭᠦᠯᠦᠭᠰᠡᠨ ᠪᠠᠢᠨ᠎ᠠ᠃

21 ᠪᠢ ᠠᠬᠠᠸᠠ ᠭᠣᠣᠯ ᠤᠨ ᠳᠡᠷᠭᠡᠳᠡ ᠪᠠᠴᠠᠭ ᠪᠠᠷᠢᠯᠲᠠ ᠶᠢ ᠵᠠᠷᠯᠠᠪᠠ᠃ ᠲᠡᠢᠨ ᠬᠦ ᠪᠢᠳᠡ ᠪᠤᠷᠬᠠᠨ ᠤ ᠪᠠᠨ ᠡᠮᠦᠨ᠎ᠡ ᠥᠪᠡᠷᠰᠡᠳ ᠢ ᠪᠠᠨ ᠳᠠᠷᠤᠤ ᠪᠣᠯᠭᠠᠨ ᠥᠪᠡᠷᠰᠡᠳ ᠦᠨ ᠢᠶᠠᠨ ᠲᠥᠯᠥᠭᠡ ᠮᠥᠨ ᠪᠠᠭᠠᠴᠤᠳ᠂ ᠪᠦᠬᠦ ᠡᠳ᠋ ᠬᠥᠷᠥᠩᠭᠡ ᠶᠢᠨ ᠢᠶᠠᠨ ᠲᠥᠯᠥᠭᠡ ᠠᠶᠤᠯ ᠦᠭᠡᠢ ᠠᠶᠠᠨ ᠵᠠᠮ ᠢ ᠭᠤᠶᠤᠭᠰᠠᠨ ᠪᠢᠯᠡ᠃ 22 ᠪᠢᠳᠡ ᠬᠠᠭᠠᠨ ᠳᠤ᠄ 《ᠪᠤᠷᠬᠠᠨ ᠤ ᠮᠢᠨᠢ ᠮᠤᠲᠤᠷ ᠥᠪᠡᠷ ᠢ ᠨᠢ ᠬᠠᠢᠳᠠᠭ ᠪᠦᠬᠦᠨ ᠳᠦ ᠰᠠᠢᠨ᠂ ᠬᠦᠴᠦ ᠴᠢᠳᠠᠯ᠂ ᠠᠭᠤᠷ ᠬᠢᠯᠢᠩ ᠨᠢ ᠥᠪᠡᠷ ᠢ ᠨᠢ ᠣᠷᠬᠢᠳᠠᠭ ᠪᠦᠬᠦᠨ ᠦ ᠡᠰᠡᠷᠭᠦ ᠪᠠᠢᠳᠠᠭ》 ᠭᠡᠵᠦ ᠬᠡᠯᠡᠭᠡᠳ ᠪᠠᠢᠭᠰᠠᠨ ᠤᠴᠢᠷ ᠠᠴᠠ᠂ ᠠᠶᠠᠨ ᠵᠠᠮ ᠳᠤ ᠥᠪᠡᠷᠰᠡᠳ ᠢ ᠪᠠᠨ ᠳᠠᠢᠰᠤᠨ ᠠᠴᠠ ᠬᠠᠮᠠᠭᠠᠯᠠᠭᠤᠯᠬᠤ ᠴᠡᠷᠢᠭ ᠮᠣᠷᠢᠲᠠᠳ ᠢ ᠬᠠᠭᠠᠨ ᠠᠴᠠ ᠭᠤᠶᠤᠬᠤ ᠠᠴᠠ ᠪᠠᠨ ᠪᠢ ᠢᠴᠢᠭᠰᠡᠨ ᠶᠤᠮ᠃ 23 ᠲᠡᠢᠨ ᠬᠦ ᠪᠢᠳᠡ ᠪᠠᠴᠠᠭ ᠪᠠᠷᠢᠵᠤ᠂ ᠡᠨᠡ ᠠᠰᠠᠭᠤᠳᠠᠯ ᠤᠨ ᠲᠠᠯ᠎ᠠ ᠪᠠᠷ ᠪᠤᠷᠬᠠᠨ ᠠᠴᠠ ᠭᠤᠶᠤᠬᠤ ᠳᠤ᠂ ᠲᠡᠷᠡ ᠪᠢᠳᠡᠨ ᠦ ᠬᠢ ᠶᠢ ᠰᠣᠨᠣᠰᠴᠠᠢ᠃

24 ᠪᠢ ᠱᠧᠷᠧᠪᠢᠶ᠎ᠠ᠂ ᠬᠠᠱᠠᠪᠢᠶ᠎ᠠ ᠪᠣᠯᠣᠨ ᠲᠡᠳᠡᠨ ᠦ ᠠᠷᠪᠠᠨ ᠠᠬ᠎ᠠ ᠳᠡᠭᠦᠦ ᠶᠢ ᠠᠷᠪᠠᠨ ᠬᠣᠶᠠᠷ ᠤᠳᠤᠷᠢᠳᠬᠤ ᠲᠠᠬᠢᠯᠴᠢ ᠪᠠᠷ ᠲᠣᠮᠢᠯᠠᠵᠤ᠂ ᠲᠡᠳᠡᠨ ᠳᠦ 25 ᠬᠠᠭᠠᠨ ᠪᠣᠯᠣᠨ ᠲᠡᠭᠦᠨ ᠦ ᠵᠥᠪᠯᠡᠭᠴᠢᠣᠨ᠂ ᠨᠣᠶᠠᠳ ᠪᠣᠯᠣᠨ ᠲᠡᠨᠳᠡᠬᠢ ᠶᠢᠨ ᠢᠰᠷᠧᠯᠴᠦᠳ ᠪᠦᠭᠦᠳᠡ ᠶᠢᠨ ᠮᠠᠨ ᠤ ᠪᠤᠷᠬᠠᠨ ᠤ ᠥᠷᠭᠥᠭᠡᠨ ᠦ ᠲᠥᠯᠥᠭᠡ ᠬᠠᠨᠳᠢᠪᠯᠠᠭᠰᠠᠨ ᠮᠥᠩᠭᠥ᠂ ᠠᠯᠲᠠ᠂ ᠰᠠᠪᠠ ᠰᠠᠭᠤᠯᠠᠭ᠎ᠠ ᠨᠤᠭᠤᠳ ᠢ ᠵᠢᠩᠯᠡᠵᠦ ᠥᠭᠪᠡ᠃ 26 ᠡᠢᠨ ᠬᠦ ᠪᠢ ᠲᠡᠳᠡᠨ ᠦ ᠭᠠᠷ ᠲᠤ ᠵᠢᠷᠭᠤᠭᠠᠨ ᠵᠠᠭᠤ ᠲᠠᠪᠢᠨ ᠲᠠᠯᠠᠨᠲ 7 ᠮᠥᠩᠭᠥ᠂ ᠵᠠᠭᠤᠨ ᠲᠠᠯᠠᠨᠲ 8 ᠮᠥᠩᠭᠥᠨ ᠰᠠᠪᠠ ᠰᠠᠭᠤᠯᠠᠭ᠎ᠠ᠂ ᠵᠠᠭᠤᠨ ᠲᠠᠯᠠᠨᠲ ᠠᠯᠲᠠ᠂ 27 ᠮᠢᠩ᠋ᠭᠠᠨ ᠳ᠋ᠠᠷᠢᠺ ᠤᠨ ᠦᠨ᠎ᠡ ᠲᠠᠢ ᠬᠣᠷᠢᠨ ᠠᠯᠲᠠᠨ ᠠᠶᠠᠭ᠎ᠠ᠂ ᠦᠨᠡᠲᠦ ᠠᠯᠲᠠ ᠮᠡᠲᠦ ᠭᠢᠯᠠᠯᠵᠠᠳᠠᠭ ᠬᠣᠶᠠᠷ ᠰᠠᠢᠬᠠᠨ ᠬᠦᠷᠡᠯ ᠰᠠᠪᠠ ᠶᠢ ᠵᠢᠩᠯᠡᠵᠦ ᠥᠭᠪᠡ᠃ 28 ᠪᠢ ᠲᠡᠳᠡᠨ ᠳᠦ᠄ 《ᠲᠠ ᠨᠠᠷ ᠴᠤ᠂ ᠰᠠᠪᠠ ᠰᠠᠭᠤᠯᠠᠭ᠎ᠠ ᠨᠤᠭᠤᠳ ᠴᠤ ᠶᠣᠬᠣᠸᠠ ᠳᠤ ᠠᠷᠢᠭᠤᠨ ᠢᠶᠠᠷ ᠵᠣᠷᠢᠭᠤᠯᠤᠭᠳᠠᠭᠰᠠᠨ᠃ ᠡᠳᠡᠭᠡᠷ ᠠᠯᠲᠠ ᠮᠥᠩᠭᠥ ᠴᠤ ᠲᠠ ᠨᠠᠷ ᠤᠨ ᠡᠴᠢᠭᠡ ᠡᠪᠦᠭᠡᠳ ᠦᠨ ᠪᠤᠷᠬᠠᠨ ᠶᠣᠬᠣᠸᠠ ᠳᠤ ᠰᠠᠢᠨ ᠳᠤᠷ᠎ᠠ ᠪᠠᠷ ᠡᠷᠭᠦᠭᠰᠡᠨ ᠡᠷᠭᠦᠯ ᠪᠣᠯᠬᠣᠷ 29 ᠲᠠ ᠨᠠᠷ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡᠨ ᠦ ᠥᠷᠥᠭᠡ ᠨᠦᠭᠦᠳ ᠲᠦ ᠬᠦᠷᠴᠦ᠂ ᠡᠳᠡᠭᠡᠷ ᠢ ᠤᠳᠤᠷᠢᠳᠬᠤ ᠲᠠᠬᠢᠯᠴᠢᠳ᠂ ᠯᠧᠸᠢᠴᠦᠳ᠂ ᠢᠰᠷᠧᠯ ᠤᠨ ᠠᠢᠮᠠᠭ ᠤᠨ ᠲᠡᠷᠢᠭᠦᠳ ᠦᠨ ᠡᠮᠦᠨ᠎ᠡ ᠵᠢᠩᠯᠡᠵᠦ ᠥᠭᠬᠦ ᠪᠣᠯᠲᠠᠯ᠎ᠠ ᠪᠣᠯᠭᠣᠮᠵᠢᠲᠠᠢ ᠬᠠᠳᠠᠭᠠᠯᠠᠭᠲᠤᠨ》 ᠭᠡᠪᠡ᠃ 30 ᠲᠡᠭᠡᠭᠡᠳ ᠲᠠᠬᠢᠯᠴᠢᠳ ᠪᠣᠯᠣᠨ ᠯᠧᠸᠢᠴᠦᠳ ᠶᠧᠷᠦ᠋ᠰᠠᠯᠧᠮ ᠳᠠᠬᠢ ᠪᠢᠳᠡᠨ ᠦ ᠪᠤᠷᠬᠠᠨ ᠤ ᠥᠷᠭᠥᠭᠡᠨ ᠳᠦ ᠠᠪᠠᠴᠢᠬᠤ ᠪᠠᠷ ᠵᠢᠩᠯᠡᠭᠰᠡᠨ ᠮᠥᠩᠭᠥ᠂ ᠠᠯᠲᠠ ᠪᠠ ᠰᠠᠪᠠ ᠰᠠᠭᠤᠯᠠᠭ᠎ᠠ ᠨᠤᠭᠤᠳ ᠢ ᠬᠦᠯᠢᠶᠡᠨ ᠠᠪᠤᠭᠰᠠᠨ ᠪᠠᠢᠨ᠎ᠠ᠃

31 ᠨᠢᠭᠡᠳᠦᠭᠡᠷ ᠰᠠᠷ᠎ᠠ ᠶᠢᠨ ᠠᠷᠪᠠᠨ ᠬᠣᠶᠠᠷ ᠲᠤ᠂ ᠪᠢᠳᠡ ᠶᠧᠷᠦ᠋ᠰᠠᠯᠧᠮ ᠤᠷᠤᠭᠤ ᠶᠠᠪᠤᠬᠤ ᠪᠠᠷ ᠠᠬᠠᠸᠠ ᠭᠣᠣᠯ ᠠᠴᠠ ᠬᠥᠳᠡᠯᠪᠡ᠃ ᠪᠢᠳᠡᠨ ᠦ ᠪᠤᠷᠬᠠᠨ ᠤ ᠮᠤᠲᠤᠷ ᠪᠢᠳᠡᠨ ᠦ ᠳᠡᠭᠡᠷ᠎ᠡ ᠪᠠᠢᠵᠤ᠂ ᠠᠶᠠᠨ ᠵᠠᠮ ᠳᠠᠬᠢ ᠳᠠᠢᠰᠤᠨ ᠨᠤᠭᠤᠳ ᠪᠣᠯᠣᠨ ᠳᠡᠭᠡᠷᠡᠮᠴᠢᠳ ᠤᠨ ᠭᠠᠷ ᠠᠴᠠ ᠠᠪᠤᠷᠠᠪᠠ᠃ 32 ᠢᠩᠭᠢᠭᠡᠳ ᠪᠢᠳᠡ ᠶᠧᠷᠦ᠋ᠰᠠᠯᠧᠮ ᠳᠤ ᠬᠦᠷᠴᠦ᠂ ᠲᠡᠨᠳᠡ ᠭᠤᠷᠪᠠ ᠬᠣᠨᠣᠭ ᠠᠮᠠᠷᠠᠭᠰᠠᠨ ᠤ ᠳᠠᠷᠠᠭ᠎ᠠ᠂ 33 ᠳᠥᠷᠪᠡᠳᠡᠬᠢ ᠡᠳᠦᠷ ᠨᠢ ᠮᠥᠩᠭᠥ᠂ ᠠᠯᠲᠠ ᠪᠠ ᠰᠠᠪᠠ ᠰᠠᠭᠤᠯᠠᠭ᠎ᠠ ᠨᠤᠭᠤᠳ ᠢ ᠪᠢᠳᠡᠨ ᠦ ᠪᠤᠷᠬᠠᠨ ᠤ ᠥᠷᠭᠥᠭᠡᠨ ᠳᠦ ᠲᠠᠬᠢᠯᠴᠢ ᠦᠷᠢᠶᠠ ᠶᠢᠨ ᠬᠦᠦ ᠮᠧᠷᠧᠮᠣᠲ ᠤᠨ ᠭᠠᠷ ᠲᠤ ᠵᠢᠩᠯᠡᠵᠦ ᠥᠭᠪᠡ᠃ ᠲᠡᠭᠦᠨ ᠲᠡᠢ ᠬᠠᠮᠲᠤ ᠹᠢᠨᠧᠬᠠᠰ ᠤᠨ ᠬᠦᠦ ᠡᠯᠧᠶᠠᠽᠠᠷ ᠪᠠᠢᠭᠰᠠᠨ ᠪᠥᠭᠡᠳ ᠶᠧᠱᠦ᠋ᠶ᠎ᠠ ᠶᠢᠨ ᠬᠦᠦ ᠶᠣᠽᠠᠪᠠᠳ᠋ ᠪᠠ ᠪᠢᠨᠣᠢ ᠶᠢᠨ ᠬᠦᠦ ᠨᠣᠶᠠᠳᠢᠶ᠎ᠠ ᠵᠡᠷᠭᠡ ᠯᠧᠸᠢᠴᠦᠳ ᠴᠤ ᠪᠠᠢᠯ᠎ᠠ᠃ 34 ᠲᠡᠷᠡ ᠦᠶ᠎ᠡ ᠳᠦ ᠡᠨᠡ ᠪᠦᠬᠦᠨ ᠢ ᠲᠣᠭᠠᠯᠠᠵᠤ ᠵᠢᠩᠯᠡᠭᠡᠳ᠂ ᠨᠡᠢᠲᠡ ᠵᠢᠩ ᠤᠨ ᠬᠡᠮᠵᠢᠶ᠎ᠡ ᠶᠢ ᠲᠡᠮᠳᠡᠭᠯᠡᠵᠦ ᠠᠪᠤᠪᠠ᠃

35 ᠴᠥᠯᠡᠭᠳᠡᠭᠰᠡᠳ ᠦᠨ ᠦᠷ᠎ᠡ ᠤᠳᠤᠮ ᠤᠨ ᠳᠤᠮᠳᠠ ᠠᠴᠠ ᠪᠤᠴᠠᠵᠤ ᠢᠷᠡᠭᠰᠡᠨ ᠬᠥᠮᠦᠰ ᠢᠰᠷᠧᠯ ᠤᠨ ᠪᠤᠷᠬᠠᠨ ᠳᠤ ᠰᠢᠲᠠᠭᠠᠯᠭᠠᠲᠤ ᠲᠠᠬᠢᠯ ᠡᠷᠭᠦᠪᠡ᠃ ᠪᠦᠬᠦ ᠢᠰᠷᠧᠯ ᠤᠨ ᠲᠥᠯᠥᠭᠡ ᠠᠷᠪᠠᠨ ᠬᠣᠶᠠᠷ ᠪᠤᠬ᠎ᠠ᠂ ᠶᠡᠷᠡᠨ ᠵᠢᠷᠭᠤᠭᠠᠨ ᠬᠤᠴᠠ᠂ ᠳᠠᠯᠠᠨ ᠳᠣᠯᠣᠭᠠᠨ ᠬᠤᠷᠠᠭ᠎ᠠ᠂ ᠨᠢᠭᠦᠯ ᠦᠨ ᠲᠠᠬᠢᠯ ᠤᠨ ᠠᠷᠪᠠᠨ ᠬᠣᠶᠠᠷ ᠤᠬᠤᠨ᠎ᠠ ᠵᠡᠷᠭᠡ ᠶᠢ ᠪᠦᠭᠦᠳᠡ ᠶᠢ ᠶᠣᠬᠣᠸᠠ ᠳᠤ ᠰᠢᠲᠠᠭᠠᠯᠭᠠᠲᠤ ᠲᠠᠬᠢᠯ ᠪᠣᠯᠭᠠᠨ ᠡᠷᠭᠦᠪᠡ᠃ 36 ᠲᠡᠳᠡ ᠪᠠᠰᠠ ᠬᠠᠭᠠᠨ ᠤ ᠵᠠᠷᠯᠢᠭ ᠢ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠵᠠᠬᠢᠷᠤᠭᠴᠢᠳ ᠪᠠ ᠬᠠᠭᠠᠨ ᠤ ᠠᠬᠠᠯᠠᠭᠴᠢ ᠨᠣᠶᠠᠳ ᠲᠤ ᠤᠯᠠᠮᠵᠢᠯᠠᠭᠰᠠᠨ ᠳᠤ᠂ ᠲᠡᠳᠡ ᠪᠢᠳᠡᠨ ᠦ ᠠᠷᠠᠳ ᠲᠦᠮᠡᠨ ᠪᠠ ᠪᠤᠷᠬᠠᠨ ᠤ ᠥᠷᠭᠥᠭᠡ ᠶᠢ ᠳᠡᠮᠵᠢᠭᠰᠡᠨ ᠪᠠᠢᠯ᠎ᠠ᠃