ᠨᠢᠭᠡᠳᠦᠭᠡᠷ ᠶᠣᠬᠠᠨ ᠲᠠᠪᠤ
ᠶᠢᠷᠲᠢᠨᠴᠦ ᠶᠢ ᠢᠯᠠᠭᠴᠢ ᠨᠢ ᠢᠲᠡᠭᠡᠯ
1 ᠢᠰᠦ᠋ᠰ ᠪᠣᠯ ᠾᠷᠢᠰᠲ᠋ᠣᠰ ᠮᠥᠨ ᠭᠡᠵᠦ ᠢᠲᠡᠭᠡᠭᠴᠢ ᠪᠦᠬᠦᠨ ᠪᠤᠷᠬᠠᠨ ᠠᠴᠠ ᠲᠥᠷᠥᠭᠰᠡᠨ᠃ ᠥᠪᠡᠷ ᠢ ᠨᠢ ᠲᠥᠷᠥᠭᠦᠯᠦᠭᠰᠡᠨ ᠨᠢᠭᠡᠨ ᠢ ᠬᠠᠢᠷᠠᠯᠠᠭᠴᠢ ᠪᠣᠯᠭᠠᠨ ᠲᠡᠭᠦᠨ ᠡᠴᠡ ᠲᠥᠷᠥᠭᠰᠡᠳ ᠢ ᠴᠤ ᠬᠠᠢᠷᠠᠯᠠᠨ᠎ᠠ᠃ 2 ᠪᠢᠳᠡ ᠪᠤᠷᠬᠠᠨ ᠢ ᠬᠠᠢᠷᠠᠯᠠᠵᠤ᠂ ᠲᠡᠭᠦᠨ ᠦ ᠵᠠᠷᠯᠢᠭ ᠤᠳ ᠢ ᠰᠠᠬᠢᠭᠰᠠᠨ ᠢᠶᠠᠷ ᠢᠶᠠᠨ ᠪᠤᠷᠬᠠᠨ ᠤ ᠬᠡᠦᠬᠡᠳ ᠤᠳ ᠢ ᠬᠠᠢᠷᠠᠯᠠᠵᠤ ᠪᠠᠢᠭ᠎ᠠ ᠪᠠᠨ ᠮᠡᠳᠡᠨ᠎ᠡ᠃ 3 ᠪᠤᠷᠬᠠᠨ ᠢ ᠬᠠᠢᠷᠠᠯᠠᠬᠤ ᠭᠡᠳᠡᠭ ᠨᠢ ᠲᠡᠭᠦᠨ ᠦ ᠵᠠᠷᠯᠢᠭ ᠢ ᠰᠠᠬᠢᠬᠤ ᠶᠢ ᠬᠡᠯᠡᠨ᠎ᠡ᠃ ᠲᠡᠭᠦᠨ ᠦ ᠵᠠᠷᠯᠢᠭ ᠤᠳ ᠳᠠᠷᠤᠭᠠᠰᠤ ᠪᠢᠰᠢ᠂ 4 ᠤᠴᠢᠷ ᠨᠢ᠂ ᠪᠤᠷᠬᠠᠨ ᠠᠴᠠ ᠲᠥᠷᠥᠭᠰᠡᠨ ᠪᠦᠬᠦᠨ ᠶᠢᠷᠲᠢᠨᠴᠦ ᠶᠢ ᠢᠯᠠᠳᠠᠭ᠃ ᠶᠢᠷᠲᠢᠨᠴᠦ ᠶᠢ ᠢᠯᠠᠭᠰᠠᠨ ᠢᠯᠠᠯᠲᠠ ᠪᠣᠯ ᠪᠢᠳᠡᠨ ᠦ ᠢᠲᠡᠭᠡᠯ ᠶᠤᠮ᠃ 5 ᠢᠰᠦ᠋ᠰ ᠪᠣᠯ ᠪᠤᠷᠬᠠᠨ ᠤ ᠬᠦᠦ ᠭᠡᠵᠦ ᠢᠲᠡᠭᠡᠭᠴᠢ ᠡᠴᠡ ᠥᠭᠡᠷ᠎ᠡ ᠶᠢᠷᠲᠢᠨᠴᠦ ᠶᠢ ᠢᠯᠠᠭᠴᠢ ᠨᠢ ᠬᠡᠨ ᠪᠤᠢ︖
ᠠᠪᠤᠷᠠᠯ ᠤᠨ ᠪᠠᠲᠤᠯᠠᠭ᠎ᠠ
6 ᠤᠰᠤ ᠪᠠ ᠴᠢᠰᠤ ᠪᠠᠷ ᠢᠷᠡᠭᠰᠡᠨ ᠨᠢᠭᠡᠨ ᠨᠢ ᠢᠰᠦ᠋ᠰ ᠾᠷᠢᠰᠲ᠋ᠣᠰ ᠶᠤᠮ᠃ ᠲᠡᠷᠡ ᠵᠥᠪᠬᠡᠨ ᠤᠰᠤ ᠪᠠᠷ ᠪᠢᠰᠢ᠂ ᠤᠰᠤ ᠪᠠ ᠴᠢᠰᠤ ᠪᠠᠷ ᠢᠷᠡᠭᠰᠡᠨ᠃ ᠭᠡᠷᠡᠴᠢᠯᠡᠭᠴᠢ ᠨᠢ ᠠᠷᠢᠭᠤᠨ ᠰᠦᠨᠡᠰᠦ ᠪᠢᠯᠡ᠂ ᠠᠷᠢᠭᠤᠨ ᠰᠦᠨᠡᠰᠦ ᠪᠣᠯ ᠦᠨᠡᠨ᠃ 7 ᠭᠡᠷᠡᠴᠢᠯᠡᠭᠴᠢ ᠨᠢ ᠭᠤᠷᠪᠠ ᠪᠤᠢ᠃ 8 ᠲᠡᠳᠡᠭᠡᠷ ᠨᠢ ᠠᠷᠢᠭᠤᠨ ᠰᠦᠨᠡᠰᠦ᠂ ᠤᠰᠤ ᠪᠣᠯᠣᠨ ᠴᠢᠰᠤ ᠶᠤᠮ᠃ ᠡᠨᠡ ᠭᠤᠷᠪᠠ ᠨᠢ ᠨᠢᠭᠡ ᠪᠢᠯᠡ᠃ 9 ᠪᠢᠳᠡ ᠬᠥᠮᠦᠨ ᠦ ᠭᠡᠷᠡᠴᠢᠯᠡᠯ ᠢ ᠬᠦᠯᠢᠶᠡᠨ ᠠᠪᠳᠠᠭ᠂ ᠬᠠᠷᠢᠨ ᠪᠤᠷᠬᠠᠨ ᠤ ᠭᠡᠷᠡᠴᠢᠯᠡᠯ ᠨᠢ ᠲᠡᠭᠦᠨ ᠡᠴᠡ ᠠᠭᠤᠤ ᠶᠤᠮ᠃ ᠤᠴᠢᠷ ᠨᠢ᠂ ᠡᠨᠡ ᠪᠣᠯ ᠥᠪᠡᠷ ᠦᠨ ᠢᠶᠠᠨ ᠬᠦᠦ ᠶᠢᠨ ᠲᠤᠬᠠᠢ ᠭᠡᠷᠡᠴᠢᠯᠡᠭᠰᠡᠨ ᠪᠤᠷᠬᠠᠨ ᠤ ᠭᠡᠷᠡᠴᠢᠯᠡᠯ ᠶᠤᠮ᠃ 10 ᠪᠤᠷᠬᠠᠨ ᠤ ᠬᠦᠦ ᠶᠢ ᠢᠲᠡᠭᠡᠭᠴᠢ ᠶᠢᠨ ᠰᠡᠳᠬᠢᠯ ᠳᠤ ᠲᠡᠷᠡ ᠬᠦ ᠭᠡᠷᠡᠴᠢᠯᠡᠯ ᠪᠤᠢ᠃ ᠪᠤᠷᠬᠠᠨ ᠢ ᠦᠯᠦ ᠢᠲᠡᠭᠡᠭᠴᠢᠳ ᠨᠢ ᠬᠦᠦ ᠶᠢᠨ ᠢᠶᠠᠨ ᠲᠤᠬᠠᠢ ᠭᠡᠷᠡᠴᠢᠯᠡᠭᠰᠡᠨ ᠭᠡᠷᠡᠴᠢᠯᠡᠯ ᠢ ᠦᠯᠦ ᠢᠲᠡᠭᠡᠭᠰᠡᠨ ᠢᠶᠡᠷ ᠢᠶᠠᠨ ᠪᠤᠷᠬᠠᠨ ᠢ ᠬᠤᠳᠠᠯᠴᠢ ᠪᠣᠯᠭᠠᠭᠰᠠᠨ᠃ 11 ᠭᠡᠷᠡᠴᠢᠯᠡᠯ ᠨᠢ ᠡᠨᠡ ᠪᠠᠢᠨ᠎ᠠ᠄ ᠪᠤᠷᠬᠠᠨ ᠪᠢᠳᠡᠨ ᠳᠦ ᠮᠥᠩᠬᠡ ᠠᠮᠢ ᠶᠢ ᠰᠣᠶᠣᠷᠬᠠᠭᠰᠠᠨ ᠪᠥᠭᠡᠳ ᠲᠡᠷᠡ ᠠᠮᠢ ᠨᠢ ᠲᠡᠭᠦᠨ ᠦ ᠬᠦᠦ ᠳᠦ ᠪᠠᠢᠨ᠎ᠠ᠃ 12 ᠪᠤᠷᠬᠠᠨ ᠤ ᠬᠦᠦ ᠪᠠᠢᠳᠠᠭ ᠬᠥᠮᠦᠨ ᠳᠦ ᠠᠮᠢ ᠪᠤᠢ᠂ ᠪᠤᠷᠬᠠᠨ ᠤ ᠬᠦᠦ ᠪᠠᠢᠬᠤ ᠦᠭᠡᠢ ᠬᠥᠮᠦᠨ ᠳᠦ ᠠᠮᠢ ᠪᠠᠢᠬᠤ ᠦᠭᠡᠢ᠃
ᠢᠲᠡᠭᠡᠨ ᠭᠤᠶᠤᠬᠤ ᠪᠠ ᠵᠠᠭᠤᠴᠢᠯᠠᠨ ᠭᠤᠶᠤᠬᠤ
13 ᠪᠤᠷᠬᠠᠨ ᠤ ᠬᠦᠦ ᠶᠢᠨ ᠨᠡᠷ᠎ᠡ ᠶᠢ ᠢᠲᠡᠭᠡᠳᠡᠭ ᠲᠠ ᠨᠠᠷ ᠲᠤ ᠮᠥᠩᠬᠡ ᠠᠮᠢ ᠲᠠᠢ ᠭᠡᠳᠡᠭ ᠢ ᠮᠡᠳᠡᠭᠦᠯᠬᠦ ᠶᠢᠨ ᠲᠤᠯᠠᠳᠠ ᠪᠢ ᠡᠳᠡᠭᠡᠷ ᠢ ᠪᠢᠴᠢᠯ᠎ᠡ᠃
14 ᠪᠤᠷᠬᠠᠨ ᠤ ᠡᠮᠦᠨ᠎ᠡ ᠪᠢᠳᠡᠨ ᠳᠦ ᠡᠢᠮᠦ ᠵᠣᠷᠢᠭ ᠪᠤᠢ᠄ ᠪᠢᠳᠡ ᠪᠤᠷᠬᠠᠨ ᠤ ᠰᠠᠨᠠᠭ᠎ᠠ ᠪᠠᠷ ᠶᠠᠭᠤ ᠭᠤᠶᠤᠭᠰᠠᠨ ᠴᠤ ᠲᠡᠷᠡ ᠰᠣᠨᠣᠰᠣᠨ᠎ᠠ᠃ 15 ᠪᠢᠳᠡ ᠶᠠᠭᠤ ᠭᠤᠶᠤᠭᠰᠠᠨ ᠴᠤ ᠲᠡᠷᠡ ᠰᠣᠨᠣᠰᠣᠨ᠎ᠠ ᠭᠡᠳᠡᠭ ᠢ ᠮᠡᠳᠡᠪᠡᠯ ᠲᠡᠭᠦᠨ ᠡᠴᠡ ᠭᠤᠶᠤᠭᠰᠠᠨ ᠵᠦᠢᠯᠡᠰ ᠢᠶᠡᠨ ᠬᠦᠷᠲᠡᠳᠡᠭ ᠢᠶᠡᠨ ᠴᠤ ᠮᠡᠳᠡᠨ᠎ᠡ᠃ 16 ᠦᠬᠦᠯ ᠳᠦ ᠬᠦᠷᠬᠦ ᠦᠭᠡᠢ ᠨᠢᠭᠦᠯ ᠦᠢᠯᠡᠳᠴᠦ ᠪᠠᠢᠭ᠎ᠠ ᠠᠬ᠎ᠠ ᠳᠡᠭᠦᠦ ᠪᠡᠨ ᠣᠯᠵᠤ ᠦᠵᠡᠪᠡᠯ ᠳᠠᠭᠠᠳᠬᠠᠨ ᠭᠤᠶᠤᠭᠠᠷᠠᠢ᠃ ᠲᠡᠭᠡᠪᠡᠯ ᠦᠬᠦᠯ ᠳᠦ ᠬᠦᠷᠬᠦ ᠦᠭᠡᠢ ᠨᠢᠭᠦᠯ ᠦᠢᠯᠡᠳᠦᠭᠰᠡᠨ ᠲᠡᠷᠡ ᠬᠥᠮᠦᠨ ᠳᠦ ᠪᠤᠷᠬᠠᠨ ᠠᠮᠢ ᠥᠭᠭᠥᠨ᠎ᠡ᠃ ᠦᠬᠦᠯ ᠳᠦ ᠬᠦᠷᠬᠦ ᠨᠢᠭᠦᠯ ᠭᠡᠵᠦ ᠪᠤᠢ᠂ ᠡᠭᠦᠨ ᠦ ᠲᠥᠯᠥᠭᠡ ᠳᠠᠭᠠᠳᠬ᠎ᠠ ᠭᠡᠵᠦ ᠪᠢ ᠬᠡᠯᠡᠬᠦ ᠦᠭᠡᠢ᠃ 17 ᠵᠥᠪ ᠪᠤᠰᠤ ᠶᠠᠪᠤᠳᠠᠯ ᠪᠣᠯᠭᠠᠨ ᠨᠢᠭᠦᠯ ᠮᠥᠨ᠂ ᠭᠡᠪᠡᠴᠦ ᠦᠬᠦᠯ ᠳᠦ ᠬᠦᠷᠬᠦ ᠦᠭᠡᠢ ᠨᠢᠭᠦᠯ ᠴᠤ ᠪᠤᠢ᠃
ᠪᠤᠷᠬᠠᠨ ᠤ ᠬᠠᠮᠠᠭᠠᠯᠠᠯᠲᠠ
18 ᠪᠤᠷᠬᠠᠨ ᠠᠴᠠ ᠲᠥᠷᠥᠭᠰᠡᠨ ᠬᠡᠨ ᠨᠢ ᠴᠤ ᠨᠢᠭᠦᠯ ᠦᠢᠯᠡᠳᠦᠭᠡᠳ ᠪᠠᠢᠳᠠᠭ ᠦᠭᠡᠢ ᠶᠢ ᠪᠢᠳᠡ ᠮᠡᠳᠡᠨ᠎ᠡ᠃ ᠲᠡᠭᠦᠨ ᠢ ᠪᠤᠷᠬᠠᠨ ᠠᠴᠠ ᠲᠥᠷᠥᠭᠰᠡᠨ ᠨᠢᠭᠡᠨ ᠨᠢ ᠬᠠᠮᠠᠭᠠᠯᠠᠳᠠᠭ ᠤᠴᠢᠷ ᠠᠴᠠ ᠮᠠᠭᠤ ᠨᠢᠭᠡᠨ ᠨᠢ ᠲᠡᠭᠦᠨ ᠳᠦ ᠬᠠᠯᠳᠠᠵᠤ ᠴᠢᠳᠠᠬᠤ ᠦᠭᠡᠢ᠃ 19 ᠪᠢᠳᠡ ᠪᠣᠯ ᠪᠤᠷᠬᠠᠨ ᠤ ᠬᠢ᠂ ᠪᠦᠬᠦ ᠶᠢᠷᠲᠢᠨᠴᠦ ᠪᠣᠯ ᠮᠠᠭᠤ ᠨᠢᠭᠡᠨ ᠦ ᠮᠡᠳᠡᠯ ᠳᠦ ᠪᠠᠢᠭ᠎ᠠ ᠶᠢ ᠪᠢᠳᠡ ᠮᠡᠳᠡᠨ᠎ᠡ᠃ 20 ᠪᠤᠷᠬᠠᠨ ᠤ ᠬᠦᠦ ᠢᠷᠡᠭᠡᠳ ᠪᠢᠳᠡᠨ ᠳᠦ ᠥᠪᠡᠷ ᠦᠨ ᠢᠶᠠᠨ ᠦᠨᠡᠨ ᠭᠡᠳᠡᠭ ᠢ ᠮᠡᠳᠡᠭᠦᠯᠬᠦ ᠶᠢᠨ ᠲᠤᠯᠠᠳᠠ ᠣᠢ ᠤᠬᠠᠭᠠᠨ ᠰᠣᠶᠣᠷᠬᠠᠭᠰᠠᠨ ᠢ ᠪᠢᠳᠡ ᠮᠡᠳᠡᠨ᠎ᠡ᠃ ᠪᠢᠳᠡ ᠲᠡᠷᠡ ᠬᠦ ᠦᠨᠡᠨ᠂ ᠲᠤᠬᠠᠢᠯᠠᠪᠠᠯ ᠲᠡᠭᠦᠨ ᠦ ᠬᠦᠦ ᠢᠰᠦ᠋ᠰ ᠾᠷᠢᠰᠲ᠋ᠣᠰ ᠤᠨ ᠳᠣᠲᠣᠷ᠎ᠠ ᠪᠠᠢᠳᠠᠭ᠃ ᠲᠡᠷᠡ ᠪᠣᠯ ᠦᠨᠡᠨ ᠪᠤᠷᠬᠠᠨ᠂ ᠪᠠᠰᠠ ᠮᠥᠩᠬᠡ ᠠᠮᠢ ᠪᠢᠯᠡ᠃
21 ᠬᠡᠦᠬᠡᠳ ᠤᠳ ᠡ᠂ ᠰᠢᠲᠦᠭᠡᠨ ᠨᠦᠭᠦᠳ ᠡᠴᠡ ᠬᠣᠯᠠ ᠪᠠᠢ᠃