ᠲᠢᠲ ᠬᠣᠶᠠᠷ
ᠴᠢᠭᠤᠯᠭᠠᠨ ᠤ ᠬᠢᠨ ᠢ ᠬᠥᠮᠦᠵᠢᠭᠦᠯᠬᠦ ᠨᠢ
1 ᠬᠠᠷᠢᠨ ᠴᠢ ᠡᠷᠡᠭᠦᠯ ᠰᠤᠷᠭᠠᠯ ᠳᠤ ᠲᠣᠬᠢᠷᠠᠬᠤ ᠵᠦᠢᠯᠡᠰ ᠢ ᠰᠤᠷᠭ᠎ᠠ᠃ 2 ᠡᠪᠦᠭᠡᠳ ᠲᠤᠨᠢ ᠪᠡᠶ᠎ᠡ ᠪᠡᠨ ᠪᠠᠷᠢᠬᠤ ᠪᠠ ᠬᠦᠨᠳᠦᠳᠬᠡᠭᠦᠰᠢᠲᠡᠢ᠂ ᠡᠷᠡᠭᠦᠯ ᠤᠬᠠᠭᠠᠨ ᠲᠠᠢ᠂ ᠮᠥᠨ ᠢᠲᠡᠭᠡᠯ ᠢᠶᠡᠷ᠂ ᠬᠠᠢᠷ᠎ᠠ ᠪᠠᠷ᠂ ᠲᠡᠪᠴᠢᠶᠡᠷᠢ ᠪᠠᠷ ᠲᠡᠭᠦᠯᠳᠡᠷ ᠪᠠᠢᠬᠤ ᠶᠢ᠂
3 ᠡᠭᠦᠨ ᠲᠡᠢ ᠠᠳᠠᠯᠢ ᠪᠠᠷ᠂ ᠡᠮᠡᠭᠡᠳ ᠲᠤᠨᠢ ᠦᠢᠯᠡ ᠶᠠᠪᠤᠳᠠᠯ ᠳᠠᠭᠠᠨ ᠠᠷᠢᠭᠤᠨ᠂ ᠬᠣᠪ ᠵᠢᠪ ᠶᠠᠷᠢᠬᠤ ᠦᠭᠡᠢ᠂ ᠶᠡᠬᠡ ᠳᠠᠷᠠᠰᠤᠨ ᠤ ᠪᠣᠭᠣᠯ ᠪᠣᠯᠬᠤ ᠦᠭᠡᠢ᠂ ᠰᠠᠢᠨ ᠢ ᠵᠢᠭᠠᠳᠠᠭ ᠪᠠᠢᠬᠤ ᠶᠢ ᠰᠤᠷᠭ᠎ᠠ᠃ 4 ᠲᠡᠭᠡᠭᠰᠡᠨ ᠢᠶᠡᠷ ᠡᠮᠡᠭᠡᠳ ᠨᠢ ᠵᠠᠯᠠᠭᠤ ᠡᠮᠡᠭᠲᠡᠢᠴᠦᠳ ᠲᠦ ᠨᠥᠬᠥᠷ ᠲᠡᠭᠡᠨ ᠬᠠᠢᠷᠠᠲᠠᠢ᠂ ᠬᠡᠦᠬᠡᠳ ᠤᠳ ᠲᠡᠭᠡᠨ ᠬᠠᠢᠷᠠᠲᠠᠢ᠂ 5 ᠮᠥᠨ ᠡᠷᠡᠭᠦᠯ ᠤᠬᠠᠭᠠᠨ ᠲᠠᠢ᠂ ᠠᠷᠢᠭᠤᠨ ᠰᠢᠳᠤᠷᠭᠤ᠂ ᠭᠡᠷ ᠦᠨ ᠠᠵᠢᠯ ᠳᠤ ᠰᠠᠢᠨ᠂ ᠨᠥᠬᠥᠷ ᠲᠡᠭᠡᠨ ᠳᠤᠭᠤᠯᠭᠠᠪᠤᠷᠢᠲᠠᠢ ᠪᠠᠢᠬᠤ ᠶᠢ ᠰᠠᠨᠠᠭᠤᠯᠤᠭ᠃ ᠲᠡᠢᠨ ᠬᠦ ᠪᠤᠷᠬᠠᠨ ᠤ ᠦᠭᠡ ᠳᠣᠷᠣᠮᠵᠢᠯᠠᠭᠳᠠᠰᠢ ᠦᠭᠡᠢ ᠪᠠᠢᠭ᠃
6 ᠡᠭᠦᠨ ᠲᠡᠢ ᠠᠳᠠᠯᠢ ᠪᠠᠷ ᠴᠢ ᠵᠠᠯᠠᠭᠤ ᠡᠷᠡᠭᠲᠡᠢᠴᠦᠳ ᠲᠦ ᠡᠷᠡᠭᠦᠯ ᠤᠬᠠᠭᠠᠨ ᠲᠠᠢ ᠪᠠᠢᠬᠤ ᠶᠢ ᠢᠳᠬ᠎ᠠ᠂ 7 ᠥᠪᠡᠷ ᠢᠶᠡᠨ ᠪᠦᠬᠦ ᠲᠠᠯ᠎ᠠ ᠪᠠᠷ ᠰᠠᠢᠨ ᠦᠢᠯᠡᠰ ᠦᠨ ᠵᠢᠱᠢᠶ᠎ᠡ ᠦᠵᠡᠭᠦᠯᠬᠦ ᠪᠠ ᠰᠤᠷᠭᠠᠬᠤ ᠳᠠᠭᠠᠨ ᠴᠢᠬᠡᠴᠢ᠂ ᠲᠥᠪ ᠬᠢᠴᠢᠶᠡᠩᠭᠦᠢ ᠪᠠᠢᠵᠤ᠂ 8 ᠥᠭᠡᠯᠡᠭᠦᠯᠦᠰᠢ ᠦᠭᠡᠢ ᠦᠭᠡ ᠶᠠᠷᠢ᠃ ᠲᠡᠭᠡᠭᠰᠡᠨ ᠢᠶᠡᠷ ᠡᠰᠡᠷᠭᠦᠴᠡᠭᠴᠢ ᠨᠢ ᠪᠢᠳᠡᠨ ᠢ ᠮᠠᠭᠤᠰᠢᠶᠠᠬᠤ ᠶᠠᠭᠤᠮ᠎ᠠ ᠣᠯᠬᠤ ᠦᠭᠡᠢ ᠢᠴᠢᠭ᠃
9 ᠪᠣᠭᠣᠯᠴᠤᠳ ᠲᠤᠨᠢ ᠡᠵᠡᠨ ᠳᠡᠭᠡᠨ ᠪᠦᠬᠦ ᠲᠠᠯ᠎ᠠ ᠪᠠᠷ ᠳᠤᠭᠤᠯᠭᠠᠪᠤᠷᠢᠲᠠᠢ᠂ ᠲᠠᠭᠠᠯᠠᠯ ᠳᠤᠨᠢ ᠨᠡᠢᠴᠡᠭᠦᠯᠦᠨ ᠡᠰᠡᠷᠭᠦᠴᠡᠬᠦ ᠦᠭᠡ ᠶᠠᠷᠢᠬᠤ ᠦᠭᠡᠢ ᠪᠠᠢᠬᠤ᠂ 10 ᠬᠤᠯᠠᠭᠠᠢᠯᠠᠬᠤ ᠦᠭᠡᠢ ᠪᠠᠢᠬᠤ᠂ ᠲᠡᠭᠦᠰ ᠦᠨᠡᠨᠴᠢ ᠪᠠᠢᠳᠠᠯ ᠢᠶᠠᠨ ᠬᠠᠷᠠᠭᠤᠯᠬᠤ ᠶᠢ ᠢᠳᠬ᠎ᠠ᠂ ᠡᠢᠨ ᠬᠦ ᠪᠢᠳᠡᠨ ᠦ ᠠᠪᠤᠷᠠᠭᠴᠢ ᠪᠤᠷᠬᠠᠨ ᠤ ᠰᠤᠷᠭᠠᠯ ᠪᠦᠬᠦ ᠲᠠᠯ᠎ᠠ ᠪᠠᠷ ᠬᠦᠨᠳᠦᠯᠡᠭᠳᠡᠬᠦ ᠪᠣᠯᠣᠨ᠎ᠠ᠃
ᠬᠥᠮᠦᠵᠢᠯ ᠤᠨ ᠦᠨᠳᠦᠰᠦ
11 ᠪᠤᠷᠬᠠᠨ ᠤ ᠠᠪᠤᠷᠠᠯ ᠤᠨ ᠢᠪᠡᠭᠡᠯ ᠬᠠᠮᠤᠭ ᠬᠥᠮᠦᠨ ᠳᠦ ᠢᠯᠡᠷᠡᠭᠰᠡᠨ᠂ 12 ᠲᠡᠷᠡ ᠨᠢ ᠪᠢᠳᠡᠨ ᠢ ᠬᠥᠮᠦᠵᠢᠭᠦᠯᠵᠦ᠂ ᠰᠦᠰᠦᠭ ᠦᠭᠡᠢ ᠠᠮᠢᠳᠤᠷᠠᠯ ᠪᠣᠯᠣᠨ ᠶᠢᠷᠲᠢᠨᠴᠦ ᠶᠢᠨ ᠰᠢᠨᠤᠯ ᠲᠠᠴᠢᠶᠠᠯ ᠢ ᠣᠷᠬᠢᠨ᠂ ᠥᠨᠥ ᠦᠶ᠎ᠡ ᠳᠦ ᠡᠷᠡᠭᠦᠯ ᠤᠬᠠᠭᠠᠨ ᠲᠠᠢ᠂ ᠵᠥᠪ᠂ ᠰᠦᠰᠦᠭ ᠲᠡᠢ ᠠᠮᠢᠳᠤᠷᠠᠬᠤ ᠪᠠ 13 ᠢᠷᠥᠭᠡᠯᠳᠦ ᠨᠠᠢᠳᠠᠪᠤᠷᠢ᠂ ᠪᠢᠳᠡᠨ ᠦ ᠠᠭᠤᠤ ᠪᠤᠷᠬᠠᠨ ᠪᠠ ᠠᠪᠤᠷᠠᠭᠴᠢ ᠢᠰᠦ᠋ᠰ ᠾᠷᠢᠰᠲ᠋ᠣᠰ ᠤᠨ ᠰᠦᠷ ᠵᠢᠪᠬᠤᠯᠠᠩ ᠲᠠᠢ ᠢᠯᠡᠷᠡᠯᠲᠡ ᠶᠢ ᠬᠦᠯᠢᠶᠡᠬᠦ ᠪᠣᠯᠭᠠᠳᠠᠭ᠃ 14 ᠢᠰᠦ᠋ᠰ ᠪᠢᠳᠡᠨ ᠢ ᠬᠠᠤᠯᠢ ᠪᠤᠰᠤ ᠬᠠᠮᠤᠭ ᠶᠠᠪᠤᠳᠠᠯ ᠠᠴᠠ ᠵᠣᠯᠢᠶᠠᠰᠤᠯᠠᠨ ᠠᠪᠴᠤ ᠴᠡᠪᠡᠷᠯᠡᠭᠡᠳ ᠥᠪᠡᠷ ᠦᠨ ᠢᠶᠠᠨ ᠣᠨᠴᠠᠭᠠᠢ ᠠᠷᠠᠳ᠂ ᠲᠤᠬᠠᠢᠯᠠᠪᠠᠯ ᠰᠠᠢᠨ ᠦᠢᠯᠡᠰ ᠦᠨ ᠵᠢᠳᠬᠦᠯᠲᠡᠳ ᠪᠣᠯᠭᠠᠬᠤ ᠶᠢᠨ ᠲᠤᠯᠠᠳᠠ ᠪᠢᠳᠡᠨ ᠦ ᠲᠥᠯᠥᠭᠡ ᠥᠪᠡᠷ ᠢ ᠪᠠᠨ ᠵᠣᠷᠢᠭᠤᠯᠤᠭᠰᠠᠨ ᠶᠤᠮ᠃ 15 ᠴᠢ ᠡᠳᠡᠭᠡᠷ ᠢ ᠰᠤᠷᠭ᠎ᠠ᠃ ᠪᠦᠬᠦ ᠡᠷᠬᠡ ᠮᠡᠳᠡᠯ ᠲᠡᠢ ᠪᠠᠷ ᠵᠣᠷᠢᠭᠵᠢᠭᠤᠯ᠂ ᠵᠢᠮᠡᠯᠡ᠂ ᠬᠡᠨ ᠴᠤ ᠴᠢᠮᠠᠶᠢ ᠪᠦᠦ ᠪᠠᠰᠤᠮᠵᠢᠯᠠᠭ᠃