ᠳᠡᠳ᠋ ᠬᠠᠤᠯᠢ ᠬᠣᠷᠢᠨ ᠬᠣᠶᠠᠷ
1 ᠬᠥᠷᠰᠢ ᠶᠢᠨ ᠴᠢᠨᠢ ᠦᠬᠡᠷ᠂ ᠬᠣᠨᠢ ᠠᠯᠳᠠᠭᠤᠯ ᠶᠠᠪᠤᠭ᠎ᠠ ᠶᠢ ᠬᠠᠷᠠᠪᠠᠯ᠂ ᠴᠢ ᠬᠠᠢᠬᠤᠷᠤᠯ ᠦᠭᠡᠢ ᠪᠦᠦ ᠥᠩᠭᠡᠷᠡᠭᠡ᠃ ᠬᠠᠷᠢᠨ ᠬᠥᠷᠰᠢ ᠳᠡᠭᠡᠨ ᠵᠠᠪᠠᠯ ᠬᠦᠷᠭᠡᠵᠦ ᠥᠭ᠃ 2 ᠬᠡᠷᠪᠡ ᠡᠵᠡᠨ ᠨᠢ ᠴᠢᠮ᠎ᠠ ᠠᠴᠠ ᠬᠣᠯᠠ᠂ ᠡᠰᠡᠪᠡᠯ ᠬᠡᠨ ᠦ ᠬᠢ ᠪᠣᠯᠬᠤ ᠶᠢ ᠨᠢ ᠮᠡᠳᠡᠬᠦ ᠦᠭᠡᠢ ᠪᠠᠢᠪᠠᠯ᠂ ᠴᠢ ᠲᠡᠷᠡ ᠮᠠᠯ ᠢ ᠭᠡᠷ ᠲᠡᠭᠡᠨ ᠠᠪᠴᠢᠷᠠᠨ᠂ ᠥᠪᠡᠷ ᠲᠡᠭᠡᠨ ᠪᠠᠢᠯᠭᠠᠵᠤ ᠪᠠᠢᠭᠠᠳ ᠡᠵᠡᠨ ᠨᠢ ᠬᠠᠢᠵᠤ ᠢᠷᠡᠪᠡᠯ᠂ ᠪᠤᠴᠠᠭᠠᠵᠤ ᠥᠭ᠃ 3 ᠡᠯᠵᠢᠭᠡ ᠶᠢ ᠴᠤ᠂ ᠬᠤᠪᠴᠠᠰᠤ ᠬᠤᠨᠠᠷ ᠢ ᠴᠤ ᠪᠤᠴᠠᠭᠠᠵᠤ ᠥᠭ᠃ ᠬᠥᠷᠰᠢ ᠶᠢᠨ ᠢᠶᠠᠨ ᠠᠯᠳᠠᠭᠳᠠᠭᠰᠠᠨ ᠶᠠᠮᠠᠷ ᠵᠦᠢᠯ ᠢ ᠣᠯᠣᠭᠰᠠᠨ ᠴᠤ ᠲᠡᠢᠨ ᠬᠦ ᠪᠤᠴᠠᠭ᠎ᠠ᠃ ᠬᠠᠢᠬᠤᠷᠤᠯ ᠦᠭᠡᠢ ᠪᠦᠦ ᠥᠩᠭᠡᠷᠡᠭᠡ᠃
4 ᠬᠥᠷᠰᠢ ᠶᠢᠨ ᠴᠢᠨᠢ ᠡᠯᠵᠢᠭᠡ᠂ ᠡᠰᠡᠪᠡᠯ ᠦᠬᠡᠷ ᠵᠠᠮ ᠳᠤ ᠥᠶᠥᠭᠡᠳᠦᠭᠰᠡᠨ ᠪᠠᠢᠬᠤ ᠶᠢ ᠬᠠᠷᠠᠪᠠᠯ᠂ ᠬᠠᠢᠬᠤᠷᠤᠯ ᠦᠭᠡᠢ ᠪᠦᠦ ᠥᠩᠭᠡᠷᠡ᠃ ᠲᠡᠭᠦᠨ ᠢ ᠲᠦᠰᠢᠵᠦ ᠪᠣᠰᠬᠠᠬᠤ ᠳᠤᠨᠢ ᠵᠠᠪᠠᠯ ᠲᠤᠰᠠᠯᠠ᠃
5 ᠡᠮᠡᠭᠲᠡᠢ ᠬᠥᠮᠦᠨ ᠡᠷᠡᠭᠲᠡᠢ ᠬᠥᠮᠦᠨ ᠦ ᠬᠤᠪᠴᠠᠰᠤ ᠶᠢ ᠪᠦᠦ ᠡᠮᠦᠰ᠂ ᠡᠷᠡᠭᠲᠡᠢ ᠬᠥᠮᠦᠨ ᠴᠤ ᠡᠮᠡᠭᠲᠡᠢ ᠬᠥᠮᠦᠨ ᠦ ᠬᠤᠪᠴᠠᠰᠤ ᠶᠢ ᠪᠦᠦ ᠡᠮᠦᠰ᠃ ᠲᠡᠭᠡᠬᠦ ᠬᠥᠮᠦᠨ ᠪᠣᠯᠭᠠᠨ ᠶᠣᠬᠣᠸᠠ ᠪᠤᠷᠬᠠᠨ ᠳᠤ ᠴᠢᠨᠢ ᠵᠢᠭᠰᠢᠭᠦᠷᠢ ᠪᠣᠯᠣᠨ᠎ᠠ᠃
6 ᠴᠢ ᠵᠠᠮ ᠶᠠᠪᠤᠬᠤ ᠳᠠᠭᠠᠨ ᠮᠣᠳᠣ᠂ ᠡᠰᠡᠪᠡᠯ ᠭᠠᠵᠠᠷ ᠳᠡᠭᠡᠷ᠎ᠡ ᠠᠩ᠋ᠭᠠᠬᠠᠢ ᠪᠤᠶᠤ ᠥᠨᠳᠡᠭᠡ ᠲᠠᠢ ᠰᠢᠪᠠᠭᠤᠨ ᠤ ᠡᠭᠦᠷ ᠳᠠᠭᠠᠷᠢᠯᠳᠤᠬᠤ ᠳᠤ᠂ ᠡᠬᠡ ᠰᠢᠪᠠᠭᠤ ᠨᠢ ᠠᠩ᠋ᠭᠠᠬᠠᠢ᠂ ᠡᠰᠡᠪᠡᠯ ᠥᠨᠳᠡᠭᠡ ᠪᠡᠨ ᠳᠠᠷᠤᠵᠤ ᠪᠠᠢᠪᠠᠯ᠂ ᠡᠬᠡ ᠪᠣᠯᠣᠨ ᠠᠩ᠋ᠭᠠᠬᠠᠢ ᠶᠢ ᠬᠠᠮᠲᠤ ᠳᠤᠨᠢ ᠪᠦᠦ ᠠᠪ︕ 7 ᠠᠩ᠋ᠭᠠᠬᠠᠢ ᠶᠢ ᠨᠢ ᠥᠪᠡᠷ ᠲᠡᠭᠡᠨ ᠠᠪᠴᠤ ᠪᠣᠯᠣᠨ᠎ᠠ᠃ ᠭᠡᠪᠡᠴᠦ ᠡᠬᠡ ᠶᠢ ᠨᠢ ᠵᠠᠪᠠᠯ ᠶᠠᠪᠤᠭᠤᠯ᠃ ᠲᠡᠭᠡᠪᠡᠯ ᠴᠢ ᠰᠠᠢᠨ ᠰᠠᠢᠬᠠᠨ ᠢ ᠠᠮᠰᠠᠨ ᠤᠷᠲᠤ ᠨᠠᠰᠤᠯᠠᠨ᠎ᠠ᠃
8 ᠴᠢ ᠰᠢᠨ᠎ᠡ ᠪᠠᠢᠰᠢᠩ ᠪᠠᠷᠢᠬᠤ ᠳᠠᠭᠠᠨ ᠳᠡᠭᠡᠪᠦᠷ ᠳᠡᠭᠡᠷ᠎ᠡ ᠪᠡᠨ ᠬᠠᠰᠢᠯᠭ᠎ᠠ ᠬᠢ᠃ ᠬᠡᠨ ᠨᠢᠭᠡᠨ ᠨᠢ ᠲᠡᠭᠦᠨ ᠳᠡᠭᠡᠷ᠎ᠡ ᠡᠴᠡ ᠤᠨᠠᠭᠰᠠᠨ ᠢᠶᠠᠷ ᠴᠢ ᠭᠡᠷ ᠲᠡᠭᠡᠨ ᠴᠢᠰᠤ ᠤᠷᠤᠰᠬᠠᠭᠰᠠᠨ ᠭᠡᠮ ᠢ ᠤᠨᠤᠭᠠᠭᠤᠵᠠᠢ᠃
9 ᠦᠵᠦᠮ ᠦᠨ ᠴᠡᠴᠡᠷᠯᠢᠭ ᠲᠡᠭᠡᠨ ᠬᠣᠶᠠᠷ ᠥᠭᠡᠷ᠎ᠡ ᠲᠥᠷᠥᠯ ᠦᠨ ᠦᠷ᠎ᠡ ᠪᠦᠦ ᠲᠠᠷᠢ᠃ ᠡᠰᠡ ᠲᠡᠭᠡᠪᠡᠯ ᠴᠢᠨᠦ ᠲᠠᠷᠢᠭᠰᠠᠨ ᠦᠷ᠎ᠡ ᠡᠴᠡ ᠤᠷᠭᠤᠭᠰᠠᠨ ᠵᠢᠮᠢᠰ᠂ ᠦᠵᠦᠮ ᠦᠨ ᠴᠡᠴᠡᠷᠯᠢᠭ ᠤᠨ ᠤᠷᠭᠤᠴᠠ ᠴᠤ ᠪᠦᠭᠦᠳᠡ ᠪᠣᠬᠢᠷᠲᠤᠨᠠ᠃
10 ᠱᠠᠷ᠂ ᠡᠯᠵᠢᠭᠡ ᠬᠣᠶᠠᠷ ᠢ ᠬᠠᠮᠲᠤᠷᠠᠭᠤᠯᠤᠨ ᠭᠠᠵᠠᠷ ᠪᠦᠦ ᠬᠠᠭᠠᠯ᠃
11 ᠨᠣᠣᠰᠣ ᠮᠠᠭᠠᠯᠢᠩ᠋ᠭᠤ ᠬᠣᠶᠠᠷ ᠢ ᠬᠣᠯᠢᠵᠤ ᠨᠡᠬᠡᠭᠰᠡᠨ ᠬᠤᠪᠴᠠᠰᠤ ᠪᠦᠦ ᠡᠮᠦᠰ᠃
12 ᠡᠮᠦᠰᠳᠡᠭ ᠭᠠᠳᠠᠭᠤᠷ ᠬᠤᠪᠴᠠᠰᠤᠨ ᠤ ᠪᠠᠨ ᠳᠥᠷᠪᠡᠨ ᠥᠨᠴᠥᠭ ᠲᠤᠨᠢ ᠰᠠᠴᠤᠭ ᠬᠢ᠃
ᠠᠷᠢᠭᠤᠨ ᠭᠡᠷᠯᠡᠯᠲᠡ ᠶᠢ ᠵᠥᠷᠢᠴᠡᠭᠰᠡᠨ ᠲᠣᠬᠢᠶᠠᠯᠳᠤᠯ ᠳᠤ
13 ᠬᠡᠷᠪᠡ ᠬᠥᠮᠦᠨ ᠡᠬᠡᠨᠡᠷ ᠠᠪᠴᠤ ᠲᠡᠭᠦᠨ ᠲᠡᠢ ᠤᠨᠲᠠᠭᠰᠠᠨ ᠤ ᠳᠠᠷᠠᠭ᠎ᠠ᠂ ᠲᠡᠭᠦᠨ ᠳᠦ ᠳᠤᠷ᠎ᠠ ᠦᠭᠡᠢ ᠪᠣᠯᠵᠤ᠂ 14 《ᠪᠢ ᠡᠨᠡ ᠡᠮᠡᠭᠲᠡᠢ ᠲᠡᠢ ᠭᠡᠷᠯᠡᠭᠡᠳ ᠲᠡᠭᠦᠨ ᠲᠡᠢ ᠣᠢᠷᠠᠲᠤᠵᠤ ᠦᠵᠡᠬᠦ ᠳᠦ᠂ ᠲᠡᠷᠡ ᠣᠩ᠋ᠭᠣᠨ ᠪᠢᠰᠢ ᠪᠠᠢᠯ᠎ᠠ》 ᠭᠡᠵᠦ ᠭᠦᠳᠬᠡᠨ᠂ ᠲᠡᠭᠦᠨ ᠦ ᠨᠡᠷ᠎ᠡ ᠶᠢ ᠭᠤᠲᠤᠭᠠᠪᠠᠯ᠂ 15 ᠲᠡᠷᠡ ᠪᠦᠰᠡᠭᠦᠢ ᠶᠢᠨ ᠡᠴᠢᠭᠡ ᠡᠬᠡ ᠪᠦᠰᠡᠭᠦᠢ ᠶᠢᠨ ᠣᠩ᠋ᠭᠣᠨ ᠪᠠᠢᠭᠰᠠᠨ ᠤ ᠪᠠᠷᠢᠮᠲᠠ ᠶᠢ ᠬᠣᠲᠠ ᠶᠢᠨ ᠬᠠᠭᠠᠯᠭᠠᠨ ᠳᠡᠷᠭᠡᠳᠡᠬᠢ ᠠᠬᠠᠮᠠᠳ ᠤᠳ ᠲᠤ ᠠᠪᠴᠢᠷᠠᠬᠤ ᠬᠡᠷᠡᠭᠲᠡᠢ᠃ 16 ᠪᠦᠰᠡᠭᠦᠢ ᠶᠢᠨ ᠡᠴᠢᠭᠡ ᠠᠬᠠᠮᠠᠳ ᠤᠳ ᠲᠤ᠄ 《ᠪᠢ ᠥᠬᠢᠨ ᠢᠶᠠᠨ ᠡᠨᠡ ᠬᠥᠮᠦᠨ ᠲᠡᠢ ᠭᠡᠷᠯᠡᠭᠦᠯᠦᠭᠰᠡᠨ ᠪᠣᠯᠪᠠᠴᠤ ᠥᠬᠢᠨ ᠳᠤ ᠮᠢᠨᠢ ᠲᠡᠷᠡ ᠳᠤᠷ᠎ᠠ ᠦᠭᠡᠢ ᠪᠣᠯᠵᠤ᠂ 17 ᠮᠢᠨᠦ ᠥᠬᠢᠨ ᠢ ᠣᠩ᠋ᠭᠣᠨ ᠪᠢᠰᠢ ᠪᠠᠢᠭᠰᠠᠨ ᠭᠡᠵᠦ ᠭᠦᠳᠬᠡᠭᠰᠡᠨ︕ ᠭᠡᠪᠡᠴᠦ ᠮᠢᠨᠦ ᠥᠬᠢᠨ ᠣᠩ᠋ᠭᠣᠨ ᠪᠠᠢᠭᠰᠠᠨ ᠤ ᠪᠠᠷᠢᠮᠲᠠ ᠡᠨᠡ ᠪᠠᠢᠨ᠎ᠠ》 ᠭᠡᠵᠦ ᠬᠡᠯᠡᠭᠡᠳ ᠡᠴᠢᠭᠡ ᠡᠬᠡ ᠨᠢ ᠬᠣᠲᠠ ᠶᠢᠨ ᠠᠬᠠᠮᠠᠳ ᠤᠳ ᠤᠨ ᠡᠮᠦᠨ᠎ᠡ ᠥᠨᠥᠬᠢ ᠪᠥᠰ ᠢ ᠳᠡᠯᠭᠡᠨ ᠦᠵᠡᠭᠦᠯᠦᠨ᠎ᠡ᠃ 18 ᠲᠡᠭᠡᠪᠡᠯ ᠬᠣᠲᠠ ᠶᠢᠨ ᠠᠬᠠᠮᠠᠳ ᠤᠳ ᠨᠥᠬᠥᠷ ᠢ ᠨᠢ ᠪᠠᠷᠢᠵᠤ ᠰᠢᠳᠬᠡᠬᠦ ᠪᠥᠭᠡᠳ 19 ᠢᠰᠷᠧᠯ ᠤᠨ ᠣᠩ᠋ᠭᠣᠨ ᠪᠦᠰᠡᠭᠦᠢ ᠶᠢᠨ ᠨᠡᠷ᠎ᠡ ᠶᠢ ᠭᠤᠲᠤᠭᠠᠭᠰᠠᠨ ᠤ ᠤᠯᠠᠮ ᠢᠶᠠᠷ ᠲᠡᠭᠦᠨ ᠢ ᠵᠠᠭᠤᠨ ᠮᠥᠩᠭᠥᠨ ᠱᠧᠺᠧᠯ 9 ᠢᠶᠠᠷ ᠲᠣᠷᠭᠠᠵᠤ᠂ ᠮᠥᠩᠭᠥ ᠶᠢ ᠪᠦᠰᠡᠭᠦᠢ ᠶᠢᠨ ᠡᠴᠢᠭᠡ ᠳᠦ ᠥᠭᠬᠦ ᠪᠣᠯᠣᠨ᠎ᠠ᠃ ᠥᠨᠥᠬᠢ ᠪᠦᠰᠡᠭᠦᠢ ᠲᠡᠭᠦᠨ ᠦ ᠡᠬᠡᠨᠡᠷ ᠬᠡᠪ ᠢᠶᠡᠷ ᠢᠶᠠᠨ ᠦᠯᠡᠳᠡᠵᠦ᠂ ᠲᠡᠷᠡ ᠡᠷ᠎ᠡ ᠨᠠᠰᠤᠨ ᠲᠤᠷᠰᠢ ᠳᠠᠭᠠᠨ ᠲᠡᠭᠦᠨ ᠢ ᠬᠥᠭᠡᠭᠡᠨ ᠶᠠᠪᠤᠭᠤᠯᠵᠤ ᠪᠣᠯᠬᠤ ᠦᠭᠡᠢ᠃
20 ᠭᠡᠪᠡᠴᠦ ᠨᠥᠬᠥᠷ ᠦᠨ ᠬᠢᠨᠢ ᠦᠭᠡ ᠨᠢ ᠦᠨᠡᠨ ᠪᠥᠭᠡᠳ ᠪᠦᠰᠡᠭᠦᠢ ᠶᠢᠨ ᠣᠩ᠋ᠭᠣᠨ ᠪᠠᠢᠭᠰᠠᠨ ᠤ ᠪᠠᠷᠢᠮᠲᠠ ᠨᠢ ᠣᠯᠳᠠᠬᠤ ᠦᠭᠡᠢ ᠪᠠᠢᠪᠠᠯ᠂ 21 ᠪᠦᠰᠡᠭᠦᠢ ᠶᠢ ᠡᠴᠢᠭᠡ ᠶᠢᠨ ᠬᠢᠨᠢ ᠭᠡᠷ ᠦᠨ ᠡᠭᠦᠳᠡᠨ ᠳᠡᠭᠡᠷ᠎ᠡ ᠠᠪᠠᠴᠢᠵᠤ᠂ ᠬᠣᠲᠠ ᠶᠢᠨ ᠬᠢᠨ ᠨᠢ ᠲᠡᠭᠦᠨ ᠤᠷᠤᠭᠤ ᠴᠢᠯᠠᠭᠤ ᠰᠢᠳᠡᠨ ᠠᠯᠠᠬᠤ ᠶᠣᠰᠣᠲᠠᠢ᠃ ᠲᠡᠷᠡ ᠪᠦᠰᠡᠭᠦᠢ ᠡᠴᠢᠭᠡ ᠶᠢᠨ ᠢᠶᠠᠨ ᠭᠡᠷ ᠲᠦ ᠪᠠᠢᠬᠤ ᠳᠠᠭᠠᠨ ᠵᠠᠪᠬᠠᠢᠷᠠᠵᠤ ᠢᠰᠷᠧᠯ ᠳᠤ ᠰᠢᠪᠰᠢᠭ ᠲᠠᠷᠢᠭᠰᠠᠨ᠃ ᠲᠠ ᠨᠠᠷ ᠲᠡᠷᠡ ᠬᠦ ᠮᠠᠭᠤ ᠶᠠᠪᠤᠳᠠᠯ ᠢ ᠳᠤᠮᠳᠠ ᠠᠴᠠ ᠪᠠᠨ ᠵᠠᠢᠯᠠᠭᠤᠯ᠃
22 ᠡᠷ᠎ᠡ ᠬᠥᠮᠦᠨ ᠭᠡᠷᠯᠡᠭᠰᠡᠨ ᠡᠮᠡᠭᠲᠡᠢ ᠲᠡᠢ ᠤᠨᠲᠠᠵᠤ ᠪᠠᠢᠭᠠᠳ ᠪᠠᠷᠢᠭᠳᠠᠭᠰᠠᠨ ᠲᠣᠬᠢᠶᠠᠯᠳᠤᠯ ᠳᠤ᠂ ᠡᠮᠡᠭᠲᠡᠢ ᠲᠡᠢ ᠤᠨᠲᠠᠭᠰᠠᠨ ᠲᠡᠷᠡ ᠡᠷ᠎ᠡ ᠪᠣᠯᠣᠨ ᠥᠨᠥᠬᠢ ᠡᠮᠡᠭᠲᠡᠢ ᠬᠣᠶᠠᠭᠤᠯᠠ ᠪᠠᠨ ᠦᠬᠦᠬᠦ ᠶᠣᠰᠣᠲᠠᠢ᠃ ᠲᠠ ᠨᠠᠷ ᠲᠡᠷᠡ ᠬᠦ ᠮᠠᠭᠤ ᠶᠠᠪᠤᠳᠠᠯ ᠢ ᠢᠰᠷᠧᠯ ᠡᠴᠡ ᠵᠠᠢᠯᠠᠭᠤᠯ᠃
23 ᠬᠥᠮᠦᠨ ᠲᠡᠢ ᠰᠦᠢ ᠲᠠᠯᠪᠢᠭᠰᠠᠨ ᠣᠩ᠋ᠭᠣᠨ ᠪᠦᠰᠡᠭᠦᠢ ᠶᠢ ᠥᠭᠡᠷ᠎ᠡ ᠡᠷᠡᠭᠲᠡᠢ ᠬᠥᠮᠦᠨ ᠬᠣᠲᠠ ᠶᠢᠨ ᠳᠣᠲᠣᠷ᠎ᠠ ᠣᠯᠵᠤ ᠬᠠᠷᠠᠭᠠᠳ ᠲᠡᠭᠦᠨ ᠲᠡᠢ ᠬᠠᠮᠲᠤ ᠤᠨᠲᠠᠭᠰᠠᠨ ᠲᠣᠬᠢᠶᠠᠯᠳᠤᠯ ᠳᠤ᠂ 24 ᠲᠠ ᠨᠠᠷ ᠲᠡᠷᠡ ᠬᠣᠶᠠᠷ ᠢ ᠬᠣᠲᠠ ᠶᠢᠨ ᠬᠠᠭᠠᠯᠭᠠᠨ ᠤ ᠭᠠᠳᠠᠨ᠎ᠠ ᠭᠠᠷᠭᠠᠵᠤ᠂ ᠲᠡᠳᠡᠨ ᠤᠷᠤᠭᠤ ᠴᠢᠯᠠᠭᠤ ᠰᠢᠳᠡᠵᠦ ᠠᠯᠠᠬᠤ ᠶᠣᠰᠣᠲᠠᠢ᠃ ᠤᠴᠢᠷ ᠨᠢ ᠲᠡᠷᠡ ᠪᠦᠰᠡᠭᠦᠢ ᠬᠣᠲᠠ ᠶᠢᠨ ᠳᠣᠲᠣᠷ᠎ᠠ ᠪᠠᠢᠭᠰᠠᠨ ᠴᠤ ᠬᠠᠰᠬᠢᠷᠤᠭ᠎ᠠ ᠦᠭᠡᠢ ᠪᠥᠭᠡᠳ ᠲᠡᠷᠡ ᠡᠷ᠎ᠡ ᠬᠥᠷᠰᠢ ᠶᠢᠨ ᠢᠶᠠᠨ ᠡᠬᠡᠨᠡᠷ ᠢ ᠪᠤᠵᠠᠷᠯᠠᠭᠰᠠᠨ ᠠᠵᠢ᠃ ᠲᠠ ᠨᠠᠷ ᠳᠤᠮᠳᠠ ᠠᠴᠠ ᠪᠠᠨ ᠲᠡᠷᠡ ᠬᠦ ᠮᠠᠭᠤ ᠶᠠᠪᠤᠳᠠᠯ ᠢ ᠵᠠᠢᠯᠠᠭᠤᠯ᠃
25 ᠬᠥᠮᠦᠨ ᠲᠡᠢ ᠰᠦᠢ ᠲᠠᠯᠪᠢᠭᠰᠠᠨ ᠪᠦᠰᠡᠭᠦᠢ ᠶᠢ ᠥᠭᠡᠷ᠎ᠡ ᠡᠷᠡᠭᠲᠡᠢ ᠬᠥᠮᠦᠨ ᠬᠡᠭᠡᠷ᠎ᠡ ᠲᠠᠯ᠎ᠠ ᠳᠤ ᠣᠯᠵᠤ ᠬᠠᠷᠠᠭᠠᠳ ᠬᠦᠴᠦᠷᠬᠡᠭᠯᠡᠭᠰᠡᠨ ᠲᠣᠬᠢᠶᠠᠯᠳᠤᠯ ᠳᠤ᠂ ᠬᠦᠴᠦᠷᠬᠡᠭᠯᠡᠭᠴᠢ ᠡᠷ᠎ᠡ ᠯᠠ ᠦᠬᠦᠬᠦ ᠶᠣᠰᠣᠲᠠᠢ᠃ 26 ᠲᠡᠷᠡ ᠪᠦᠰᠡᠭᠦᠢ ᠳᠦ ᠶᠠᠭᠤ ᠴᠤ ᠪᠦᠦ ᠬᠢ᠃ ᠲᠡᠷᠡ ᠪᠦᠰᠡᠭᠦᠢ ᠦᠬᠦᠬᠦ ᠶᠣᠰᠣᠲᠠᠢ ᠨᠢᠭᠦᠯ ᠦᠢᠯᠡᠳᠦᠭᠰᠡᠨ ᠪᠢᠰᠢ᠃ ᠡᠢᠮᠦᠷᠬᠦ ᠬᠡᠷᠡᠭ ᠨᠢ ᠬᠥᠮᠦᠨ ᠬᠥᠷᠰᠢ ᠤᠷᠤᠭᠤ ᠪᠠᠨ ᠳᠠᠭᠠᠷᠢᠨ ᠠᠮᠢ ᠶᠢ ᠨᠢ ᠬᠣᠷᠣᠭᠠᠭᠰᠠᠨ ᠲᠠᠢ ᠠᠳᠠᠯᠢ ᠶᠤᠮ᠃ 27 ᠬᠡᠭᠡᠷ᠎ᠡ ᠲᠠᠯ᠎ᠠ ᠳᠤ ᠲᠠᠭᠠᠷᠠᠯᠳᠤᠭᠰᠠᠨ ᠤᠴᠢᠷ ᠠᠴᠠ ᠲᠡᠷᠡ ᠰᠦᠢᠲᠦ ᠪᠦᠰᠡᠭᠦᠢ ᠬᠠᠰᠬᠢᠷᠤᠭᠰᠠᠨ ᠴᠤ ᠲᠡᠭᠦᠨ ᠢ ᠠᠪᠤᠷᠠᠬᠤ ᠬᠥᠮᠦᠨ ᠠᠯᠠᠭ᠎ᠠ᠃
28 ᠡᠷ᠎ᠡ ᠬᠥᠮᠦᠨ ᠰᠦᠢ ᠲᠠᠯᠪᠢᠭ᠎ᠠ ᠦᠭᠡᠢ ᠣᠩ᠋ᠭᠣᠨ ᠥᠬᠢᠨ ᠢ ᠣᠯᠵᠤ ᠬᠠᠷᠠᠭᠠᠳ ᠲᠡᠭᠦᠨ ᠢ ᠪᠠᠷᠢᠵᠤ᠂ ᠲᠡᠭᠦᠨ ᠲᠡᠢ ᠬᠠᠮᠲᠤ ᠤᠨᠲᠠᠵᠤ ᠪᠠᠢᠬᠤ ᠳᠠᠭᠠᠨ ᠪᠠᠷᠢᠭᠳᠠᠪᠠᠯ᠂ 29 ᠲᠡᠷᠡ ᠡᠷ᠎ᠡ ᠪᠦᠰᠡᠭᠦᠢ ᠶᠢᠨ ᠡᠴᠢᠭᠡ ᠳᠦ ᠲᠠᠪᠢᠨ ᠮᠥᠩᠭᠥᠨ ᠱᠧᠺᠧᠯ 10 ᠥᠭᠬᠦ ᠪᠥᠭᠡᠳ ᠲᠡᠷᠡ ᠡᠮᠡᠭᠲᠡᠢ ᠲᠡᠭᠦᠨ ᠦ ᠡᠬᠡᠨᠡᠷ ᠪᠣᠯᠣᠨ᠎ᠠ᠃ ᠤᠴᠢᠷ ᠨᠢ ᠲᠡᠷᠡ ᠡᠮᠡᠭᠲᠡᠢ ᠪᠤᠵᠠᠷᠯᠠᠭᠳᠠᠭᠰᠠᠨ ᠶᠤᠮ᠃ ᠲᠡᠷᠡ ᠪᠡᠷ ᠥᠨᠥᠬᠢ ᠡᠮᠡᠭᠲᠡᠢ ᠶᠢ ᠨᠠᠰᠤᠨ ᠲᠤᠷᠰᠢ ᠳᠤᠨᠢ ᠬᠥᠭᠡᠭᠡᠨ ᠶᠠᠪᠤᠭᠤᠯᠵᠤ ᠪᠣᠯᠬᠤ ᠦᠭᠡᠢ᠃
30 ᠬᠥᠮᠦᠨ ᠡᠴᠢᠭᠡ ᠶᠢᠨ ᠢᠶᠠᠨ ᠡᠬᠡᠨᠡᠷ ᠢ ᠠᠪᠴᠤ᠂ ᠡᠴᠢᠭᠡ ᠶᠢᠨ ᠢᠶᠠᠨ ᠬᠣᠷᠮᠣᠢ ᠶᠢ ᠰᠡᠬᠦᠵᠦ ᠪᠣᠯᠬᠤ ᠦᠭᠡᠢ᠃