1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠠᠷᠪᠠᠨ ᠨᠠᠢ᠌ᠮᠠ
 ᠯᠧᠸᠢᠴᠦᠳ ᠦᠨ ᠬᠦᠷᠲᠡᠬᠦ ᠬᠤᠪᠢ

1 ᠯᠧᠸᠢ ᠶᠢᠨ ᠲᠠᠬᠢᠯᠴᠢᠳ᠂ ᠪᠦᠬᠦ ᠯᠧᠸᠢ ᠣᠪᠣᠭ ᠤᠨ ᠬᠢᠨ ᠢᠰᠷᠧᠯ ᠤᠨ ᠳᠤᠮᠳᠠ ᠥᠪ᠂ ᠬᠤᠪᠢ ᠦᠭᠡᠢ᠃ ᠲᠡᠳᠡ ᠶᠣᠬᠣᠸᠠ ᠶᠢᠨ ᠬᠤᠪᠢ᠂ ᠲᠤᠬᠠᠢᠯᠠᠪᠠᠯ ᠲᠡᠭᠦᠨ ᠳᠦ ᠡᠷᠭᠦᠭᠰᠡᠨ ᠲᠠᠬᠢᠯ ᠢᠶᠠᠷ ᠠᠮᠢᠳᠤᠷᠠᠬᠤ ᠪᠣᠯᠣᠨ᠎ᠠ᠃ 2 ᠲᠡᠳᠡ ᠠᠬ᠎ᠠ ᠳᠡᠭᠦᠦᠰ ᠦᠨ ᠢᠶᠠᠨ ᠳᠤᠮᠳᠠ ᠥᠪ ᠦᠭᠡᠢ ᠪᠠᠢᠬᠤ ᠨᠢ ᠶᠣᠬᠣᠸᠠ ᠲᠡᠳᠡᠨ ᠢ ᠥᠪᠡᠷ ᠦᠨ ᠢᠶᠠᠨ ᠥᠪ ᠪᠣᠯᠭᠠᠭᠰᠠᠨ ᠤ ᠤᠴᠢᠷ ᠠᠴᠠ ᠶᠤᠮ᠃ ᠡᠨᠡ ᠨᠢ ᠶᠣᠬᠣᠸᠠ ᠶᠢᠨ ᠲᠡᠳᠡᠨ ᠳᠦ ᠠᠢᠯᠠᠳᠤᠭᠰᠠᠨ ᠶᠣᠰᠣᠭᠠᠷ ᠪᠢᠯᠡ᠃

3 ᠦᠬᠡᠷ᠂ ᠬᠣᠨᠢ ᠪᠠᠷ ᠲᠠᠬᠢᠯ ᠡᠷᠭᠦᠭᠰᠡᠨ ᠠᠷᠠᠳ ᠣᠯᠠᠨ ᠠᠴᠠ ᠲᠠᠬᠢᠯᠴᠢᠳ ᠤᠨ ᠬᠦᠷᠲᠡᠬᠦ ᠬᠤᠪᠢ ᠭᠡᠪᠡᠯ᠂ ᠲᠠᠬᠢᠯ ᠤᠨ ᠬᠠ᠂ ᠡᠷᠡᠦ ᠪᠣᠯᠣᠨ ᠭᠡᠳᠡᠰᠦ ᠳᠣᠲᠣᠷ ᠪᠣᠯᠣᠨ᠎ᠠ᠃ 4 ᠡᠭᠦᠨ ᠡᠴᠡ ᠭᠠᠳᠠᠨ᠎ᠠ ᠴᠢ ᠲᠡᠳᠡᠨ ᠳᠦ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣᠨ ᠤ ᠳᠡᠭᠡᠵᠢ᠂ ᠬᠣᠨᠢᠨ ᠨᠣᠣᠰᠣᠨ ᠤ ᠪᠠᠨ ᠠᠩ᠋ᠬᠠᠨ ᠤ ᠬᠢ ᠶᠢ ᠥᠭᠬᠦ ᠶᠣᠰᠣᠲᠠᠢ᠃ 5 ᠤᠴᠢᠷ ᠨᠢ ᠴᠢᠨᠦ ᠪᠤᠷᠬᠠᠨ ᠶᠣᠬᠣᠸᠠ ᠥᠪᠡᠷ ᠦᠨ ᠢᠶᠠᠨ ᠡᠮᠦᠨ᠎ᠡ ᠵᠣᠭᠰᠣᠭᠠᠵᠤ᠂ ᠶᠣᠬᠣᠸᠠ ᠶᠢᠨ ᠨᠡᠷ᠎ᠡ ᠪᠡᠷ ᠪᠠᠢᠩ᠋ᠭᠤ ᠦᠢᠯᠡᠴᠢᠯᠡᠭᠦᠯᠬᠦ ᠶᠢᠨ ᠲᠤᠯᠠᠳᠠ ᠲᠠᠨ ᠤ ᠪᠦᠬᠦ ᠣᠪᠣᠭ ᠤᠨ ᠳᠤᠮᠳᠠ ᠠᠴᠠ ᠲᠡᠳᠡᠨ ᠢ ᠯᠠ ᠦᠷ᠎ᠡ ᠤᠳᠤᠮ ᠤᠨ ᠬᠢᠨᠢ ᠬᠠᠮᠲᠤ ᠰᠢᠯᠢᠨ ᠠᠪᠤᠭᠰᠠᠨ ᠶᠤᠮ᠃

6 ᠬᠡᠷᠪᠡ ᠢᠰᠷᠧᠯ ᠤᠨ ᠨᠤᠲᠤᠭ ᠳᠠᠶᠠᠭᠠᠷ ᠤᠨ ᠠᠯᠢ ᠨᠢᠭᠡ ᠬᠣᠲᠠ ᠲᠣᠰᠬᠣᠨ ᠳᠤ ᠰᠠᠭᠤᠳᠠᠭ ᠯᠧᠸᠢ ᠬᠥᠮᠦᠨ ᠲᠡᠨᠳᠡ ᠡᠴᠡ ᠪᠡᠨ ᠨᠡᠭᠦᠵᠦ᠂ ᠶᠣᠬᠣᠸᠠ ᠶᠢᠨ ᠰᠢᠯᠢᠭᠰᠡᠨ ᠭᠠᠵᠠᠷ ᠲᠤ ᠬᠦᠰᠡᠭᠰᠡᠨ ᠶᠣᠰᠣᠭᠠᠷ ᠢᠶᠠᠨ ᠬᠦᠷᠴᠦ ᠢᠷᠡᠪᠡᠯ᠂ 7 ᠲᠡᠷᠡ ᠪᠡᠷ ᠶᠣᠬᠣᠸᠠ ᠶᠢᠨ ᠡᠮᠦᠨ᠎ᠡ ᠦᠢᠯᠡᠴᠢᠯᠡᠵᠦ ᠪᠠᠢᠭ᠎ᠠ ᠪᠤᠰᠤᠳ ᠯᠧᠸᠢ ᠠᠬ᠎ᠠ ᠳᠡᠭᠦᠦᠰ ᠦᠨ ᠢᠶᠠᠨ ᠨᠢᠭᠡᠨ ᠠᠳᠠᠯᠢ ᠶᠣᠬᠣᠸᠠ ᠪᠤᠷᠬᠠᠨ ᠤ ᠪᠠᠨ ᠨᠡᠷ᠎ᠡ ᠪᠡᠷ ᠦᠢᠯᠡᠴᠢᠯᠡᠬᠦ ᠪᠣᠯᠣᠨ᠎ᠠ᠃ 8 ᠲᠡᠷᠡ ᠬᠥᠮᠦᠨ ᠡᠴᠢᠭᠡ ᠡᠴᠡ ᠪᠡᠨ ᠥᠪᠯᠡᠭᠰᠡᠨ ᠢᠶᠡᠨ ᠬᠤᠳᠠᠯᠳᠤᠵᠤ ᠣᠯᠣᠭᠰᠠᠨ ᠮᠥᠩᠭᠥ ᠡᠴᠡ ᠭᠠᠳᠠᠨ᠎ᠠ᠂ ᠲᠡᠳᠡᠨ ᠦ ᠨᠢᠭᠡᠨ ᠠᠳᠠᠯᠢ ᠬᠤᠪᠢ ᠶᠢᠨ ᠬᠦᠨᠡᠰᠦ ᠶᠢ ᠬᠦᠷᠲᠡᠵᠦ ᠪᠣᠯᠣᠨ᠎ᠠ᠃
 ᠭᠠᠵᠢᠭᠤ ᠤᠪᠠᠳᠢᠰ ᠬᠢᠭᠡᠳ ᠡᠰᠢ ᠦᠵᠡᠭᠦᠯᠦᠯᠭᠡ

9 ᠴᠢ ᠪᠤᠷᠬᠠᠨ ᠶᠣᠬᠣᠸᠠ ᠶᠢᠨ ᠢᠶᠠᠨ ᠥᠭᠬᠦ ᠭᠡᠵᠦ ᠪᠤᠢ ᠲᠡᠷᠡ ᠨᠤᠲᠤᠭ ᠲᠤ ᠣᠷᠣᠪᠠᠯ᠂ ᠲᠡᠨᠳᠡᠬᠢ ᠶᠢᠨ ᠦᠨᠳᠦᠰᠦᠲᠡᠨ ᠨᠦᠭᠦᠳ ᠦᠨ ᠵᠢᠭᠰᠢᠭᠦᠷᠢᠲᠦ ᠶᠠᠪᠤᠳᠠᠯ ᠢ ᠪᠦᠦ ᠳᠠᠭᠤᠷᠢᠶᠠᠭᠲᠤᠨ᠃ 10 ᠲᠠ ᠨᠠᠷ ᠤᠨ ᠳᠤᠮᠳᠠ ᠬᠦᠦ ᠥᠬᠢᠨ ᠢᠶᠠᠨ ᠭᠠᠯ ᠤᠨ ᠳᠤᠮᠳᠠᠭᠤᠷ ᠭᠠᠷᠭᠠᠭᠴᠢ᠂ ᠮᠡᠷᠭᠡ ᠲᠥᠯᠭᠡᠴᠢ᠂ ᠰᠤᠪᠢᠩ ᠲᠠᠢᠯᠤᠭᠴᠢ᠂ ᠷᠢᠳᠢ ᠰᠢᠳᠢᠲᠡᠨ᠂ ᠪᠥᠭᠡ ᠢᠳᠤᠭᠠᠨ᠂ 11 ᠬᠠᠷᠢᠶᠠᠯᠴᠢ᠂ ᠰᠦᠨᠡᠰᠦ ᠵᠠᠭᠤᠴᠢᠯᠠᠭᠴᠢ᠂ ᠬᠠᠷ᠎ᠠ ᠳᠣᠮᠴᠢ᠂ ᠦᠬᠦᠭᠰᠡᠳ ᠢ ᠳᠠᠭᠤᠳᠠᠭᠴᠢ ᠪᠦᠦ ᠪᠠᠢᠭ᠃ 12 ᠡᠳᠡᠭᠡᠷ ᠢ ᠦᠢᠯᠡᠳᠦᠭᠴᠢ ᠪᠣᠯᠭᠠᠨ ᠶᠣᠬᠣᠸᠠ ᠳᠤ ᠵᠢᠭᠰᠢᠭᠦᠷᠢ ᠲᠠᠢ ᠶᠤᠮ᠃ ᠡᠳᠡᠭᠡᠷ ᠵᠢᠭᠰᠢᠭᠦᠷᠢᠲᠦ ᠬᠡᠷᠡᠭ ᠡᠴᠡ ᠪᠣᠯᠵᠤ ᠴᠢᠨᠦ ᠪᠤᠷᠬᠠᠨ ᠶᠣᠬᠣᠸᠠ ᠲᠡᠳᠡᠨ ᠢ ᠴᠢᠨᠦ ᠡᠮᠦᠨ᠎ᠡ ᠡᠴᠡ ᠬᠥᠭᠡᠭᠡᠨ ᠭᠠᠷᠭᠠᠨ᠎ᠠ᠃ 13 ᠴᠢ ᠶᠣᠬᠣᠸᠠ ᠪᠤᠷᠬᠠᠨ ᠤ ᠪᠠᠨ ᠡᠮᠦᠨ᠎ᠡ ᠥ ᠰᠡᠪ ᠦᠭᠡᠢ ᠪᠠᠢ᠃ 14 ᠴᠢᠨᠦ ᠬᠥᠭᠡᠭᠡᠨ ᠭᠠᠷᠭᠠᠬᠤ ᠡᠳᠡᠭᠡᠷ ᠦᠨᠳᠦᠰᠦᠲᠡᠨ ᠰᠤᠪᠢᠩ ᠲᠠᠢᠯᠤᠭᠴᠢ᠂ ᠮᠡᠷᠭᠡ ᠲᠥᠯᠭᠡᠴᠢᠳ ᠤᠨ ᠬᠢ ᠶᠢ ᠰᠣᠨᠣᠰᠳᠠᠭ᠃ ᠬᠠᠷᠢᠨ ᠴᠢᠨᠦ ᠬᠤᠪᠢ ᠳᠤ᠂ ᠴᠢᠨᠦ ᠪᠤᠷᠬᠠᠨ ᠶᠣᠬᠣᠸᠠ ᠲᠡᠭᠡᠬᠦ ᠶᠢ ᠴᠢᠮ᠎ᠠ ᠳᠤ ᠵᠥᠪᠰᠢᠶᠡᠷᠡᠳᠡᠭ᠌ ᠦᠭᠡᠢ᠃

15 ᠴᠢᠨᠦ ᠪᠤᠷᠬᠠᠨ ᠶᠣᠬᠣᠸᠠ ᠴᠢᠨᠦ ᠲᠥᠯᠥᠭᠡ ᠨᠠᠳᠠ ᠰᠢᠭ᠋ ᠨᠢᠭᠡᠨ ᠡᠰᠢ ᠦᠵᠡᠭᠦᠯᠦᠭᠴᠢ ᠶᠢ ᠲᠠ ᠨᠠᠷ ᠤᠨ ᠳᠤᠮᠳᠠ ᠠᠴᠠ᠂ ᠠᠬ᠎ᠠ ᠳᠡᠭᠦᠦᠰ ᠦᠨ ᠴᠢᠨᠢ ᠳᠣᠲᠣᠷ᠎ᠠ ᠠᠴᠠ ᠪᠣᠰᠬᠠᠨ᠎ᠠ᠃ ᠲᠠ ᠨᠠᠷ ᠲᠡᠭᠦᠨ ᠦ ᠬᠢ ᠶᠢ ᠰᠣᠨᠣᠰᠬᠤ ᠶᠣᠰᠣᠲᠠᠢ᠃ 16 ᠬᠣᠷᠧᠪ ᠠᠭᠤᠯᠠᠨ ᠳᠤ ᠨᠡᠢᠲᠡ ᠴᠢᠭᠤᠯᠭᠠᠨ ᠬᠢᠭᠰᠡᠨ ᠲᠡᠷᠡ ᠡᠳᠦᠷ ᠴᠢ 《ᠶᠣᠬᠣᠸᠠ ᠪᠤᠷᠬᠠᠨ ᠤ ᠮᠢᠨᠢ ᠳᠠᠭᠤ ᠬᠣᠭᠣᠯᠠᠢ ᠶᠢ ᠨᠠᠳᠠ ᠳᠤ ᠳᠠᠬᠢᠨ ᠪᠦᠦ ᠰᠣᠨᠣᠰᠬᠠᠭᠠᠴᠢ᠃ ᠡᠨᠡ ᠶᠡᠬᠡ ᠭᠠᠯ ᠢ ᠨᠠᠳᠠ ᠳᠤ ᠳᠠᠬᠢᠨ ᠪᠦᠦ ᠬᠠᠷᠠᠭᠤᠯᠤᠭᠠᠴᠢ᠂ ᠪᠢ ᠦᠬᠦᠬᠦ ᠨᠢ ᠡ》 ᠬᠡᠮᠡᠨ ᠬᠡᠯᠡᠭᠰᠡᠨ ᠢᠶᠡᠷ ᠢᠶᠠᠨ ᠶᠣᠬᠣᠸᠠ ᠪᠤᠷᠬᠠᠨ ᠠᠴᠠ ᠪᠠᠨ ᠲᠡᠷᠡ ᠡᠰᠢ ᠦᠵᠡᠭᠦᠯᠦᠭᠴᠢ ᠶᠢ ᠭᠤᠶᠤᠭᠰᠠᠨ ᠪᠢᠯᠡ᠃ 17 ᠲᠡᠷᠡ ᠦᠶ᠎ᠡ ᠳᠦ ᠶᠣᠬᠣᠸᠠ ᠨᠠᠳᠠ ᠳᠤ᠄ 《ᠲᠡᠳᠡᠨ ᠦ ᠬᠡᠯᠡᠭᠰᠡᠨ ᠦᠭᠡ ᠵᠥᠪ ᠪᠠᠢᠨ᠎ᠠ᠃ 18 ᠪᠢ ᠲᠡᠳᠡᠨ ᠦ ᠲᠥᠯᠥᠭᠡ ᠨᠢᠭᠡᠨ ᠡᠰᠢ ᠦᠵᠡᠭᠦᠯᠦᠭᠴᠢ ᠶᠢ ᠠᠬ᠎ᠠ ᠳᠡᠭᠦᠦ ᠨᠠᠷ ᠤᠨ ᠬᠢᠨᠢ ᠳᠤᠮᠳᠠ ᠠᠴᠠ ᠪᠣᠰᠬᠠᠵᠤ᠂ ᠲᠡᠭᠦᠨ ᠦ ᠠᠮᠠᠨ ᠳᠤ ᠦᠭᠡ ᠪᠡᠨ ᠥᠭᠭᠥᠨ᠎ᠡ᠃ ᠮᠢᠨᠦ ᠲᠡᠭᠦᠨ ᠳᠦ ᠲᠤᠰᠢᠶᠠᠬᠤ ᠪᠦᠬᠦᠨ ᠢ ᠲᠡᠷᠡ ᠲᠡᠳᠡᠨ ᠳᠦ ᠬᠡᠯᠡᠨ᠎ᠡ᠃ 19 ᠲᠡᠷᠡ ᠡᠰᠢ ᠦᠵᠡᠭᠦᠯᠦᠭᠴᠢ ᠶᠢᠨ ᠮᠢᠨᠦ ᠨᠡᠷ᠎ᠡ ᠪᠡᠷ ᠬᠡᠯᠡᠬᠦ ᠮᠢᠨᠦ ᠦᠭᠡ ᠶᠢ ᠰᠣᠨᠣᠰᠬᠤ ᠦᠭᠡᠢ ᠬᠥᠮᠦᠨ ᠪᠠᠢᠪᠠᠯ᠂ ᠪᠢ ᠥᠪᠡᠷ ᠢᠶᠡᠨ ᠲᠡᠭᠦᠨ ᠳᠦ ᠪᠤᠷᠤᠭᠤ ᠶᠢ ᠨᠢ ᠡᠭᠦᠷᠦᠭᠦᠯᠦᠨ᠎ᠡ᠃ 20 ᠭᠡᠪᠡᠴᠦ ᠮᠢᠨᠦ ᠲᠤᠰᠢᠶᠠᠭ᠎ᠠ ᠦᠭᠡᠢ ᠦᠭᠡ ᠶᠢ ᠮᠢᠨᠦ ᠨᠡᠷ᠎ᠡ ᠪᠡᠷ ᠪᠠᠷᠳᠠᠮᠨᠠᠨ ᠶᠠᠷᠢᠬᠤ ᠡᠰᠢ ᠦᠵᠡᠭᠦᠯᠦᠭᠴᠢ ᠪᠤᠶᠤ ᠥᠭᠡᠷ᠎ᠡ ᠪᠤᠷᠬᠠᠳ ᠤᠨ ᠨᠡᠷ᠎ᠡ ᠪᠡᠷ ᠶᠠᠷᠢᠬᠤ ᠡᠰᠢ ᠦᠵᠡᠭᠦᠯᠦᠭᠴᠢ ᠨᠢ ᠦᠬᠦᠬᠦ ᠶᠣᠰᠣᠲᠠᠢ》 ᠭᠡᠰᠡᠨ᠃ 21 ᠴᠢ ᠳᠣᠲᠣᠷ᠎ᠠ ᠪᠠᠨ᠄ 《ᠶᠣᠬᠣᠸᠠ ᠲᠡᠷᠡ ᠦᠭᠡ ᠶᠢ ᠠᠢᠯᠠᠳᠤᠭ᠎ᠠ ᠦᠭᠡᠢ ᠭᠡᠳᠡᠭ ᠢ ᠨᠢ ᠶᠠᠭᠠᠬᠢᠨ ᠮᠡᠳᠡᠬᠦ ᠪᠢᠯᠡ︖》 ᠭᠡᠵᠦ ᠪᠣᠳᠣᠵᠤ ᠮᠠᠭᠠᠳ ᠦᠭᠡᠢ᠃ 22 ᠡᠰᠢ ᠦᠵᠡᠭᠦᠯᠦᠭᠴᠢ ᠶᠣᠬᠣᠸᠠ ᠶᠢᠨ ᠨᠡᠷ᠎ᠡ ᠪᠡᠷ ᠲᠤᠩ᠋ᠬᠠᠭᠯᠠᠭᠰᠠᠨ ᠳᠤ᠂ ᠲᠡᠭᠦᠨ ᠦ ᠬᠡᠯᠡᠭᠰᠡᠨ ᠶᠠᠪᠤᠳᠠᠯ ᠲᠣᠬᠢᠶᠠᠯᠳᠤᠬᠤ ᠴᠤ ᠦᠭᠡᠢ᠂ ᠪᠡᠶᠡᠯᠡᠬᠦ ᠴᠤ ᠦᠭᠡᠢ ᠪᠠᠢᠪᠠᠯ ᠶᠣᠬᠣᠸᠠ ᠡᠭᠦᠨ ᠢ ᠠᠢᠯᠠᠳᠤᠭᠰᠠᠨ ᠪᠢᠰᠢ᠃ ᠡᠰᠢ ᠦᠵᠡᠭᠦᠯᠦᠭᠴᠢ ᠡᠭᠦᠨ ᠢ ᠪᠠᠷᠳᠠᠮᠨᠠᠨ ᠬᠡᠯᠡᠭᠰᠡᠨ ᠲᠡᠳᠦᠢ ᠪᠣᠯᠬᠣᠷ ᠲᠡᠭᠦᠨ ᠡᠴᠡ ᠪᠦᠦ ᠠᠶᠤ᠃