1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠭᠤᠴᠢᠨ ᠬᠣᠶᠠᠷ

1 《ᠴᠢᠬᠢ ᠲᠠᠯᠪᠢ︕ ᠲᠩᠷᠢ ᠡ᠂ ᠶᠠᠷᠢᠬᠤ ᠦᠭᠡᠨ ᠳᠦ ᠮᠢᠨᠢ ᠴᠢᠮ᠎ᠠ ᠳᠤ ᠰᠣᠨᠣᠰᠬᠠᠶ᠎ᠠ︕ ᠭᠠᠵᠠᠷ ᠡ᠂ ᠠᠮᠠᠨ ᠠᠴᠠ ᠮᠢᠨᠢ ᠭᠠᠷᠬᠤ ᠦᠭᠡ ᠶᠢ
2 ᠰᠤᠷᠭᠠᠯ ᠮᠢᠨᠢ ᠪᠣᠷᠣᠭᠠᠨ ᠰᠢᠭ᠋ ᠣᠷᠣᠭ ᠦᠭᠡ ᠮᠢᠨᠢ ᠰᠢᠭᠦᠳᠡᠷᠢ ᠰᠢᠭ ᠪᠠᠭᠤᠭ ᠵᠦᠯᠭᠡᠨ ᠳᠡᠭᠡᠷᠡᠬᠢ ᠬᠤᠷ᠎ᠠ ᠰᠢᠭ᠋ ᠡᠪᠡᠰᠦᠨ ᠳᠡᠭᠡᠷᠡᠬᠢ ᠰᠢᠭᠦᠳᠡᠷᠢ ᠰᠢᠭ
3 ᠪᠢ ᠶᠣᠬᠣᠸᠠ ᠶᠢᠨ ᠨᠡᠷ᠎ᠡ ᠶᠢ ᠲᠤᠩ᠋ᠬᠠᠭᠯᠠᠨ᠎ᠠ ᠲᠠ ᠨᠠᠷ 《ᠪᠢᠳᠡᠨ ᠦ ᠪᠤᠷᠬᠠᠨ ᠠᠭᠤᠤ》 ᠭᠡᠭᠡᠷᠡᠢ᠃
4 ᠲᠡᠷᠡ ᠪᠣᠯ ᠬᠠᠳᠠ ᠴᠢᠯᠠᠭᠤ︕ ᠲᠡᠭᠦᠨ ᠦ ᠦᠢᠯᠡ ᠲᠡᠭᠦᠰ ᠲᠡᠭᠦᠨ ᠦ ᠪᠦᠬᠦ ᠵᠠᠮ ᠲᠥᠪ ᠰᠢᠯᠤᠭᠤᠨ ᠢᠲᠡᠭᠡᠮᠵᠢᠲᠦ ᠪᠤᠷᠬᠠᠨ︕ ᠬᠤᠳᠠᠯ ᠬᠠᠭᠤᠷᠮᠠᠭ ᠪᠠᠢᠬᠤ ᠦᠭᠡᠢ ᠲᠡᠷᠡ ᠪᠡᠷ ᠵᠥᠪᠲᠦ ᠪᠥᠭᠡᠳ ᠰᠢᠳᠤᠷᠭᠤ᠃
5 ᠬᠠᠷᠢᠨ ᠲᠡᠭᠦᠨ ᠦ ᠡᠮᠦᠨ᠎ᠡ ᠲᠡᠳᠡ ᠢᠯᠵᠠᠷᠠᠵᠠᠢ ᠥ ᠰᠡᠪ ᠲᠡᠢ ᠪᠣᠯᠬᠣᠷ ᠲᠡᠭᠦᠨ ᠦ ᠬᠡᠦᠬᠡᠳ ᠤᠳ ᠪᠢᠰᠢ ᠬᠠᠵᠠᠭᠠᠢ ᠮᠤᠰᠢᠭᠠᠢ ᠦᠶ᠎ᠡ ᠶᠢᠨ ᠬᠢᠨ ᠲᠡᠳᠦᠢ ᠶᠤᠮ
6 ᠬᠠᠷᠠᠩ᠋ᠭᠤᠢ ᠮᠤᠩ᠋ᠬᠠᠭ ᠬᠥᠮᠦᠰ ᠡ︕ ᠴᠢᠮᠠᠶᠢ ᠡᠭᠦᠰᠭᠡᠭᠰᠡᠨ ᠴᠢᠨᠦ ᠡᠴᠢᠭᠡ ᠲᠡᠷᠡ ᠪᠢᠰᠢ ᠤᠤ︖ ᠴᠢᠮᠠᠶᠢ ᠪᠦᠲᠦᠭᠡᠵᠦ ᠲᠣᠭᠲᠠᠭᠠᠭᠰᠠᠨ ᠨᠢ ᠲᠡᠷᠡ ᠠᠲᠠᠯ᠎ᠠ ᠲᠡᠭᠦᠨ ᠳᠦ ᠴᠢ ᠢᠩᠭᠢᠵᠦ ᠬᠠᠷᠢᠭᠤᠯᠬᠤ ᠨᠢ ᠤᠤ︖
7 ᠥᠨᠢ ᠡᠷᠲᠡᠨ ᠦ ᠡᠳᠦᠷ ᠤᠳ ᠢ ᠳᠤᠷᠠᠰᠴᠤ ᠦᠶ᠎ᠡ ᠦᠶ᠎ᠡ ᠶᠢᠨ ᠣᠨ ᠵᠢᠯ ᠤᠳ ᠢ ᠲᠤᠩ᠋ᠭᠠᠵᠠᠭ᠎ᠠ︕ ᠠᠪᠤ ᠠᠴᠠ ᠪᠠᠨ ᠠᠰᠠᠭᠤ᠂ ᠲᠡᠷᠡ ᠴᠢᠮ᠎ᠠ ᠳᠤ ᠳᠤᠭᠤᠯᠭᠠᠨ᠎ᠠ ᠠᠬᠠᠮᠠᠳ ᠠᠴᠠ ᠪᠠᠨ ᠠᠰᠠᠭᠤ᠂ ᠲᠡᠳᠡ ᠴᠢᠮ᠎ᠠ ᠳᠤ ᠰᠤᠷᠭᠠᠨ᠎ᠠ᠃
8 ᠬᠠᠮᠤᠭ ᠤᠨ ᠳᠡᠭᠡᠳᠦ ᠨᠢᠭᠡᠨ ᠨᠢ ᠦᠨᠳᠦᠰᠦᠲᠡᠨ ᠨᠦᠭᠦᠳ ᠲᠦ ᠥᠪ ᠥᠭᠬᠦ ᠪᠡᠷ ᠬᠠᠮᠤᠭ ᠬᠥᠮᠦᠨ ᠲᠥᠷᠥᠯᠬᠢᠲᠡᠨ ᠢ ᠬᠡᠰᠡᠭᠯᠡᠨ ᠬᠤᠪᠢᠶᠠᠬᠤ ᠳᠠᠭᠠᠨ ᠢᠰᠷᠧᠯ ᠤᠨ ᠬᠡᠦᠬᠡᠳ ᠤᠳ ᠤᠨ ᠲᠣᠭ᠎ᠠ ᠪᠠᠷ ᠶᠠᠰᠤᠲᠠᠨ ᠨᠤᠭᠤᠳ ᠤᠨ ᠬᠢᠯᠢ ᠶᠢ ᠲᠣᠭᠲᠠᠭᠠᠭᠰᠠᠨ ᠪᠢᠯᠡ᠃
9 ᠶᠣᠬᠣᠸᠠ ᠶᠢᠨ ᠬᠤᠪᠢ ᠨᠢ ᠥᠪᠡᠷ ᠦᠨ ᠬᠢᠨᠢ ᠠᠷᠠᠳ ᠲᠦᠮᠡᠨ ᠶᠠᠺᠣᠪ ᠪᠣᠯ ᠲᠡᠭᠦᠨ ᠦ ᠨᠣᠭᠳᠠᠯ ᠥᠪ
10 ᠵᠡᠯᠢᠭᠦᠳ ᠭᠠᠵᠠᠷ᠂ ᠠᠷᠢᠶᠠᠲᠠᠨ ᠠᠷᠬᠢᠷᠠᠳᠠᠭ ᠴᠥᠯ ᠡᠴᠡ ᠶᠣᠬᠣᠸᠠ ᠲᠡᠭᠦᠨ ᠢ ᠣᠯᠵᠤ ᠬᠠᠷᠠᠭᠠᠳ ᠡᠷᠭᠢᠭᠦᠯᠦᠨ ᠲᠣᠭᠣᠷᠢᠭᠤᠯᠵᠤ᠂ ᠬᠥᠮᠦᠵᠢᠭᠦᠯᠦᠨ ᠨᠢᠳᠦᠨ ᠦ ᠪᠠᠨ ᠴᠡᠴᠡᠭᠡᠢ ᠮᠡᠲᠦ ᠬᠠᠮᠠᠭᠠᠯᠠᠭᠰᠠᠨ᠂
11 ᠪᠦᠷᠭᠦᠳ ᠡᠭᠦᠷ ᠢᠶᠡᠨ ᠰᠠᠨᠳᠠᠭᠠᠨ ᠳᠡᠭᠳᠡᠭᠡᠬᠡᠢ ᠳᠡᠭᠡᠭᠦᠷ ᠢᠶᠡᠨ ᠬᠠᠯᠢᠭᠰᠠᠨ ᠢᠶᠠᠨ ᠳᠠᠯᠠᠪᠴᠢ ᠪᠠᠨ ᠳᠡᠯᠭᠡᠨ ᠳᠡᠪᠢᠵᠦ ᠳᠡᠭᠳᠡᠭᠡᠬᠡᠢ ᠪᠡᠨ ᠲᠡᠭᠦᠨ ᠳᠡᠭᠡᠷ᠎ᠡ ᠪᠡᠨ ᠠᠪᠴᠤ ᠵᠥᠭᠡᠭᠡᠳᠡᠭ ᠮᠡᠲᠦ᠃
12 ᠭᠠᠭᠴᠠ ᠬᠦ ᠶᠣᠬᠣᠸᠠ ᠯᠠ ᠠᠷᠠᠳ ᠲᠦᠮᠡᠨ ᠢᠶᠡᠨ ᠬᠥᠲᠥᠯᠥᠭᠰᠡᠨ ᠬᠠᠷᠢ ᠶᠢᠨ ᠪᠤᠷᠬᠠᠳ ᠲᠡᠭᠦᠨ ᠲᠡᠢ ᠬᠠᠮᠲᠤ ᠪᠠᠢᠭᠰᠠᠨ ᠪᠢᠰᠢ᠃
13 ᠶᠣᠬᠣᠸᠠ ᠲᠡᠭᠦᠨ ᠢ ᠳᠡᠯᠡᠬᠡᠢ ᠶᠢᠨ ᠥᠨᠳᠥᠷᠯᠢᠭ ᠤᠳ ᠳᠡᠭᠡᠷ᠎ᠡ ᠬᠥᠯᠥᠭᠯᠡᠭᠦᠯᠦᠭᠰᠡᠨ᠂ ᠭᠠᠵᠠᠷ ᠲᠠᠯᠠᠪᠠᠢ ᠶᠢᠨ ᠤᠷᠭᠤᠴᠠ ᠪᠠᠷ ᠬᠣᠭᠣᠯᠠᠯᠠᠭᠤᠯᠵᠤ ᠬᠠᠳᠠᠨ ᠠᠴᠠ ᠪᠠᠯ᠂ ᠬᠠᠲᠠᠭᠤ ᠴᠢᠯᠠᠭᠤᠨ ᠠᠴᠠ ᠲᠣᠰᠣ ᠣᠯᠵᠤ
14 ᠦᠨᠢᠶᠡᠨ ᠰᠦ᠋ ᠶᠢᠨ ᠠᠢᠷᠠᠭ᠂ ᠬᠣᠨᠢᠨ ᠰᠦ᠋ ᠬᠤᠷᠠᠭᠠᠨ ᠤ ᠥᠭᠡᠬᠦ ᠲᠠᠢ ᠬᠠᠮᠲᠤ ᠪᠠᠱᠠᠨ ᠤ ᠬᠤᠴᠠ ᠪᠠ ᠢᠮᠠᠭᠠᠨ ᠮᠢᠬ᠎ᠠ ᠶᠢ ᠪᠤᠭᠤᠳᠠᠢ ᠶᠢᠨ ᠰᠢᠯᠢᠮᠡᠯ ᠲᠡᠢ ᠬᠠᠮᠲᠤ ᠢᠳᠡᠭᠦᠯᠵᠦ ᠦᠵᠦᠮ ᠦᠨ ᠤᠯᠠᠭᠠᠨ ᠳᠠᠷᠠᠰᠤ ᠤᠤᠭᠤᠯᠭᠠᠭᠰᠠᠨ᠃
15 ᠶᠧᠱᠦ᠋ᠷᠣᠨ 15 ᠥᠭᠡᠬᠦᠯᠡᠩ᠋ᠡᠳ ᠢᠰᠭᠦᠯᠦᠯ᠎ᠡ ᠴᠢ ᠴᠠᠳᠲᠠᠯ᠎ᠠ ᠪᠠᠨ ᠢᠳᠡᠭᠡᠳ ᠥᠭᠡᠬᠦᠯᠡᠨᠨ ᠵᠤᠵᠠᠭᠠᠷᠠᠵᠤ ᠥᠪᠡᠷ ᠢ ᠨᠢ ᠪᠦᠲᠦᠭᠡᠭᠰᠡᠨ ᠪᠤᠷᠬᠠᠨ ᠢ ᠣᠷᠬᠢᠵᠤ ᠥᠪᠡᠷ ᠢ ᠨᠢ ᠠᠪᠤᠷᠠᠭᠴᠢ ᠬᠠᠳᠠ ᠶᠢ ᠪᠠᠰᠤᠭᠰᠠᠨ
16 ᠬᠠᠷᠢ ᠶᠢᠨ ᠪᠤᠷᠬᠠᠳ ᠢᠶᠠᠷ ᠲᠡᠭᠦᠨ ᠦ ᠬᠠᠷᠠᠳᠠᠯᠲᠠ ᠶᠢ ᠥᠳᠥᠭᠡᠵᠦ ᠵᠢᠪᠡᠭᠦᠴᠡᠮᠡᠷ ᠵᠦᠢᠯᠡᠰ ᠢᠶᠡᠷ ᠲᠡᠭᠦᠨ ᠢ ᠠᠭᠤᠷᠯᠠᠭᠤᠯᠤᠭᠰᠠᠨ᠃
17 ᠦᠨᠡᠨ ᠪᠤᠷᠬᠠᠨ ᠳᠤ ᠪᠢᠰᠢ᠂ ᠬᠠᠷᠢᠨ ᠴᠢᠳᠬᠥᠷ ᠤᠳ ᠲᠤ ᠡᠪᠦᠭᠡ ᠳᠡᠭᠡᠳᠦᠰ ᠦᠨ ᠴᠢᠨᠢ ᠡᠮᠢᠶᠡᠳᠡᠭ ᠦᠭᠡᠢ ᠪᠠᠢᠭᠰᠠᠨ ᠪᠤᠷᠬᠠᠳ ᠥᠪᠡᠷᠰᠡᠳ ᠦᠨ ᠴᠢᠨᠢ ᠴᠤ ᠮᠡᠳᠡᠭᠰᠡᠨ ᠦᠭᠡᠢ ᠰᠢᠨ᠎ᠡ ᠪᠡᠷ ᠭᠠᠷᠴᠤ ᠢᠷᠡᠭᠰᠡᠨ ᠪᠤᠷᠬᠠᠳ ᠲᠤ ᠡᠷᠭᠦᠯ ᠡᠷᠭᠦᠭᠰᠡᠨ᠃
18 ᠥᠪᠡᠷ ᠢ ᠴᠢᠨᠢ ᠲᠥᠷᠥᠭᠦᠯᠦᠭᠰᠡᠨ ᠬᠠᠳᠠ ᠶᠢ ᠣᠷᠬᠢᠵᠤ ᠥᠪᠡᠷ ᠢ ᠴᠢᠨᠢ ᠡᠭᠦᠰᠭᠡᠭᠰᠡᠨ ᠪᠤᠷᠬᠠᠨ ᠢ ᠴᠢ ᠤᠮᠠᠷᠲᠠᠵᠠᠢ᠃
19 ᠡᠭᠦᠨ ᠢ ᠶᠣᠬᠣᠸᠠ ᠦᠵᠡᠭᠡᠳ ᠭᠣᠯᠣᠭᠰᠠᠨ᠂ ᠥᠪᠡᠷ ᠦᠨ ᠬᠢᠨᠢ ᠬᠥᠪᠡᠭᠦᠳ ᠥᠬᠢᠳ ᠲᠡᠭᠦᠨ ᠢ ᠠᠭᠤᠷᠯᠠᠭᠤᠯᠤᠭᠰᠠᠨ ᠢᠶᠠᠷ
20 〈ᠲᠡᠳᠡᠨ ᠡᠴᠡ ᠪᠢ ᠨᠢᠭᠤᠷ ᠢᠶᠠᠨ ᠪᠤᠷᠤᠭᠤᠯᠠᠨ᠎ᠠ ᠲᠡᠷᠰᠯᠡᠭᠦᠦ ᠦᠶ᠎ᠡ ᠶᠢᠨ ᠬᠢᠨ᠂ ᠢᠲᠡᠭᠡᠮᠵᠢ ᠦᠭᠡᠢ ᠬᠡᠦᠬᠡᠳ ᠤᠳ ᠲᠡᠳᠡᠨ ᠦ ᠬᠣᠵᠢᠮ ᠨᠢ ᠶᠠᠮᠠᠷ ᠪᠠᠢᠬᠤ ᠶᠢ ᠪᠢ ᠬᠠᠷᠠᠨ᠎ᠠ
21 ᠲᠡᠳᠡ ᠪᠤᠷᠬᠠᠨ ᠪᠤᠰᠤ ᠵᠦᠢᠯᠡᠰ ᠢᠶᠡᠷ ᠨᠠᠮᠠᠶᠢ ᠬᠠᠷᠠᠳᠠᠭᠤᠯᠵᠤ ᠬᠣᠭᠣᠰᠣᠨ ᠶᠠᠭᠤᠮᠠᠰ ᠢᠶᠠᠷ ᠨᠠᠮᠠᠶᠢ ᠠᠭᠤᠷᠯᠠᠭᠤᠯᠤᠭᠰᠠᠨ ᠪᠣᠯ ᠪᠢ ᠠᠷᠠᠳ ᠲᠦᠮᠡᠨ ᠮᠢᠨᠢ ᠪᠢᠰᠢ ᠬᠥᠮᠦᠰ ᠢᠶᠡᠷ ᠲᠡᠳᠡᠨ ᠢ ᠬᠠᠷᠠᠳᠠᠭᠤᠯᠤᠨ ᠮᠤᠩ᠋ᠬᠠᠭ ᠬᠠᠷᠢᠴᠤᠳ ᠢᠶᠠᠷ ᠲᠡᠳᠡᠨ ᠢ ᠠᠭᠤᠷᠯᠠᠭᠤᠯᠤᠨ᠎ᠠ᠃
22 ᠠᠭᠤᠷ ᠬᠢᠯᠢᠩ ᠤᠨ ᠮᠢᠨᠢ ᠭᠠᠯ ᠳᠦᠷᠡᠯᠵᠡᠵᠦ ᠦᠬᠦᠭᠰᠡᠳ ᠦᠨ ᠣᠷᠣᠨ ᠤ ᠭᠦᠨ ᠳᠦ ᠬᠦᠷᠲᠡᠯ᠎ᠡ ᠰᠢᠲᠠᠭᠠᠨ᠎ᠠ ᠭᠠᠵᠠᠷ ᠢ ᠤᠷᠭᠤᠴᠠ ᠲᠠᠢ ᠨᠢ ᠵᠠᠯᠭᠢᠨ ᠠᠭᠤᠯᠠᠰ ᠤᠨ ᠰᠠᠭᠤᠷᠢ ᠶᠢ ᠴᠤ ᠨᠣᠴᠣᠭᠠᠨ᠎ᠠ᠃
23 ᠪᠢ ᠲᠡᠳᠡᠨ ᠳᠡᠭᠡᠷ᠎ᠡ ᠭᠠᠢ ᠭᠠᠮᠰᠢᠭ ᠣᠪᠣᠭᠠᠯᠠᠨ᠎ᠠ ᠪᠢ ᠲᠡᠳᠡᠨ ᠳᠡᠭᠡᠷ᠎ᠡ ᠰᠤᠮᠤ ᠪᠠᠨ ᠪᠠᠭᠤᠯᠭᠠᠨ᠎ᠠ᠃
24 ᠲᠡᠳᠡ ᠢᠳᠡᠬᠦ ᠶᠠᠭᠤᠮ᠎ᠠ ᠦᠭᠡᠢ ᠲᠠᠮᠢᠷᠳᠠᠨ᠎ᠠ ᠬᠠᠯᠠᠭᠤᠨ᠂ ᠬᠣᠣᠷᠲᠤ ᠲᠠᠬᠤᠯ ᠳᠤ ᠰᠦᠢᠷᠡᠨ᠎ᠡ ᠲᠡᠳᠡᠨ ᠤᠷᠤᠭᠤ ᠪᠢ ᠳᠣᠭᠰᠢᠨ ᠠᠷᠢᠶᠠᠲᠠᠨ ᠤ ᠰᠢᠳᠦ ᠪᠣᠯᠣᠨ ᠭᠠᠵᠠᠷ ᠤᠨ ᠮᠥᠯᠬᠥᠭᠴᠢᠳ ᠤᠨ ᠬᠣᠣᠷ ᠢ ᠴᠤ ᠶᠠᠪᠤᠭᠤᠯᠤᠨ᠎ᠠ᠃
25 ᠭᠠᠳᠠᠨᠠᠬᠢ ᠨᠢ ᠰᠡᠯᠡᠮ᠎ᠡ ᠳᠦ ᠳᠣᠲᠣᠷᠠᠬᠢ ᠨᠢ ᠰᠠᠮᠭᠠᠷᠳᠠᠯ ᠳᠤ ᠵᠠᠯᠠᠭᠤ ᠡᠷᠡᠭᠲᠡᠢ ᠡᠮᠡᠭᠲᠡᠢ ᠴᠤ ᠥᠲᠡᠭᠦᠰ ᠨᠢᠯᠬᠠᠰ ᠴᠤ ᠮᠥᠬᠥᠨ᠎ᠡ᠃
26 ᠲᠡᠳᠡᠨ ᠢ ᠪᠢ 〈ᠪᠤᠲᠠ ᠴᠣᠬᠢᠵᠤ ᠬᠥᠮᠦᠨ ᠲᠥᠷᠥᠯᠬᠢᠲᠡᠨ ᠦ ᠣᠢ ᠲᠣᠢ ᠠᠴᠠ ᠪᠠᠯᠠᠯᠠᠬᠤ〉 ᠭᠡᠰᠡᠨ᠂
27 ᠬᠠᠷᠢᠨ ᠲᠡᠳᠡᠨ ᠦ ᠳᠠᠢᠰᠤᠨ ᠨᠤᠭᠤᠳ 〈ᠢᠩᠭᠢᠵᠦ ᠪᠢᠳᠡ ᠥᠪᠡᠷᠰᠡᠳ ᠦᠨ ᠢᠶᠠᠨ ᠭᠠᠷ ᠢᠶᠠᠷ ᠢᠯᠠᠭᠰᠠᠨ ᠶᠤᠮ ᠡᠨᠡ ᠪᠦᠬᠦᠨ ᠢ ᠶᠣᠬᠣᠸᠠ ᠬᠢᠭᠰᠡᠨ ᠪᠢᠰᠢ〉 ᠬᠡᠮᠡᠨ ᠪᠤᠷᠤᠭᠤ ᠣᠢᠯᠠᠭᠠᠵᠤ ᠨᠠᠮᠠᠶᠢ ᠥᠳᠥᠭᠡᠬᠦ ᠪᠣᠯᠣᠭᠤᠵᠠᠢ ᠭᠡᠵᠦ ᠲᠦᠳᠡᠭᠡᠯᠵᠡᠭᠰᠡᠨ᠃
28 ᠡᠨᠡ ᠦᠨᠳᠦᠰᠦᠲᠡᠨ ᠳᠦ ᠵᠥᠪᠯᠡᠯᠭᠡ ᠠᠯᠠᠭ᠎ᠠ ᠲᠡᠳᠡᠨ ᠦ ᠳᠤᠮᠳᠠ ᠤᠬᠠᠭᠠᠷᠠᠯ ᠦᠭᠡᠢ᠃
29 ᠡᠳᠡᠭᠡᠷ ᠢ ᠣᠢᠯᠠᠭᠠᠬᠤ ᠮᠡᠷᠭᠡᠨ ᠤᠬᠠᠭᠠᠨ ᠲᠡᠳᠡᠨ ᠳᠦ ᠪᠠᠢᠭᠰᠠᠨ ᠴᠤ ᠪᠣᠯᠣᠭᠠᠰᠠᠢ ᠲᠡᠳᠡᠨ ᠦ ᠡᠴᠦᠰ ᠨᠢ ᠶᠠᠭᠤ ᠪᠣᠯᠬᠤ ᠶᠢ ᠲᠡᠳᠡ ᠤᠬᠠᠭᠠᠷᠠᠬᠤ ᠪᠠᠢᠭᠰᠠᠨ ᠴᠤ ᠪᠣᠯᠣᠭᠠᠰᠠᠢ᠃
30 ᠲᠡᠳᠡᠨ ᠦ ᠬᠠᠳᠠ ᠪᠣᠯᠬᠤ ᠶᠣᠬᠣᠸᠠ ᠲᠡᠳᠡᠨ ᠢ ᠬᠤᠳᠠᠯᠳᠤᠵᠤ ᠳᠠᠢᠰᠤᠨ ᠨᠤᠭᠤᠳ ᠲᠤᠨᠢ ᠲᠤᠰᠢᠶᠠᠭᠰᠠᠨ ᠦᠭᠡᠢ ᠪᠣᠯ ᠶᠠᠭᠠᠬᠢᠨ ᠭᠠᠭᠴᠠ ᠬᠥᠮᠦᠨ ᠨᠢ ᠮᠢᠩ᠋ᠭ᠎ᠠ ᠶᠢ ᠬᠥᠭᠡᠭᠡᠵᠦ ᠶᠠᠭᠠᠬᠢᠨ ᠬᠣᠶᠠᠷ ᠬᠥᠮᠦᠨ ᠨᠢ ᠲᠦᠮᠡ ᠶᠢ ᠵᠢᠭᠤᠲᠠᠭᠠᠯᠭᠠᠬᠤ ᠪᠤᠢ︖
31 ᠲᠡᠳᠡᠨ ᠦ ᠬᠠᠳᠠ ᠮᠠᠨ ᠤ ᠬᠠᠳᠠ ᠲᠠᠢ ᠠᠳᠠᠯᠢ ᠦᠭᠡᠢ ᠭᠡᠵᠦ ᠪᠢᠳᠡᠨ ᠦ ᠳᠠᠢᠰᠤᠨ ᠨᠤᠭᠤᠳ ᠴᠤ ᠬᠦᠯᠢᠶᠡᠨ ᠵᠥᠪᠰᠢᠶᠡᠷᠡᠨ᠎ᠡ᠃
32 ᠲᠡᠳᠡᠨ ᠦ ᠦᠵᠦᠮ ᠪᠣᠯ ᠰᠣᠳᠣᠮ ᠤᠨ ᠦᠵᠦᠮ ᠦᠨ ᠮᠣᠳᠣᠨ ᠤ ᠬᠢ ᠭᠣᠮᠣᠷᠠ ᠶᠢᠨ ᠲᠠᠯᠠᠪᠠᠢ ᠶᠢᠨ ᠬᠢ᠂ ᠦᠵᠦᠮ ᠤᠳ ᠨᠢ ᠬᠣᠣᠷ ᠲᠠᠢ ᠬᠣᠩ᠋ᠭᠣᠷᠴᠠᠭ ᠤᠳ ᠨᠢ ᠭᠠᠰᠢᠭᠤᠨ᠃
33 ᠦᠵᠦᠮ ᠦᠨ ᠳᠠᠷᠠᠰᠤ ᠨᠢ ᠳᠠᠯᠠᠢ ᠶᠢᠨ ᠮᠣᠭᠠᠢ ᠶᠢᠨ ᠬᠣᠣᠷ ᠲᠠᠢ ᠬᠣᠣᠷᠲᠤ ᠮᠣᠭᠠᠢ ᠶᠢᠨ ᠬᠥᠨᠥᠭᠡᠯ ᠲᠡᠢ᠃
34 ᠡᠭᠦᠨ ᠢ ᠪᠢ ᠯᠠᠴᠠᠳᠠᠭᠤᠯᠤᠭᠠᠳ ᠬᠥᠮᠥᠷᠭᠡ ᠲᠡᠭᠡᠨ ᠨᠥᠭᠡᠴᠡᠯᠡᠵᠦ ᠪᠠᠢᠭ᠎ᠠ ᠪᠤᠰᠤ ᠤᠤ︖
35 ᠥᠰᠢᠶ᠎ᠡ ᠠᠪᠤᠯᠲᠠ ᠨᠢ ᠮᠢᠨᠦᠬᠢ ᠪᠢ ᠬᠠᠷᠢᠭᠤᠯᠤᠨ᠎ᠠ᠂ ᠲᠡᠷᠡ ᠴᠠᠭ ᠲᠤ ᠲᠡᠳᠡ ᠬᠥᠯ ᠠᠯᠳᠠᠨ᠎ᠠ᠃ ᠭᠠᠮᠰᠢᠭ ᠤᠨ ᠡᠳᠦᠷ ᠨᠢ ᠲᠡᠳᠡᠨ ᠡᠴᠡ ᠣᠢᠷ᠎ᠠ ᠰᠢᠭᠦᠯᠲᠡ ᠶᠢᠨ ᠴᠠᠭ ᠨᠢ ᠶᠠᠭᠠᠷᠠᠯᠲᠠᠢ ᠠᠢᠰᠤᠢ᠃
36 ᠶᠣᠬᠣᠸᠠ ᠠᠷᠠᠳ ᠲᠦᠮᠡᠨ ᠢᠶᠡᠨ ᠰᠢᠭᠦᠬᠦ ᠦᠶ᠎ᠡ ᠳᠦ ᠪᠣᠭᠣᠯ ᠴᠤ᠂ ᠴᠢᠯᠥᠭᠡᠲᠦ ᠬᠥᠮᠦᠨ ᠴᠤ ᠦᠯᠡᠳᠡᠯ ᠦᠭᠡᠢ ᠬᠦᠴᠦ ᠲᠡᠩᠬᠡᠭᠡ ᠲᠠᠰᠤᠷᠠᠭᠰᠠᠨ ᠢ ᠬᠠᠷᠠᠭᠠᠳ ᠵᠠᠷᠤᠴᠠ ᠨᠠᠷ ᠢᠶᠠᠨ ᠥᠷᠥ ᠡᠪᠡᠳᠴᠦ
37 ᠠᠢᠯᠠᠳᠤᠨ᠄ 〈ᠬᠠᠷᠢᠨ ᠲᠡᠳᠡᠨ ᠦ ᠪᠤᠷᠬᠠᠳ ᠬᠣᠷᠭᠣᠳᠠᠳᠠᠭ ᠬᠠᠳᠠ ᠨᠢ ᠬᠠᠮᠢᠭ᠎ᠠ ᠪᠠᠢᠨ᠎ᠠ ᠪᠤᠢ︖
38 ᠲᠠᠬᠢᠯ ᠤᠨ ᠬᠢᠨᠢ ᠥᠭᠡᠬᠦ ᠶᠢ ᠢᠳᠡᠵᠦ ᠲᠠᠬᠢᠯ ᠤᠨ ᠬᠢᠨᠢ ᠳᠠᠷᠠᠰᠤᠨ ᠠᠴᠠ ᠤᠤᠭᠤᠭᠰᠠᠨ ᠪᠤᠷᠬᠠᠳ ᠨᠢ ᠬᠠᠮᠢᠭ᠎ᠠ ᠪᠠᠢᠨ᠎ᠠ︖ ᠲᠡᠳᠡ ᠭᠠᠷᠴᠤ ᠢᠷᠡᠭᠡᠳ ᠲᠠ ᠨᠠᠷ ᠢ ᠠᠪᠤᠷᠠᠭ᠂ ᠲᠠ ᠨᠠᠷ ᠢ ᠬᠠᠮᠠᠭᠠᠯᠠᠭ᠃
39 ᠲᠠ ᠨᠠᠷ ᠣᠳᠣ ᠬᠠᠷᠠ᠂ ᠪᠢ᠂ ᠪᠢ ᠲᠡᠷᠡ ᠮᠥᠨ ᠨᠠᠳᠠ ᠠᠴᠠ ᠥᠭᠡᠷ᠎ᠡ ᠪᠤᠷᠬᠠᠨ ᠪᠠᠢᠬᠤ ᠦᠭᠡᠢ ᠪᠢ ᠯᠠ ᠦᠬᠦᠭᠦᠯᠦᠨ᠎ᠡ᠂ ᠮᠥᠨ ᠴᠤ ᠠᠮᠢᠳᠤᠷᠠᠭᠤᠯᠤᠨ᠎ᠠ ᠪᠢ ᠯᠠ ᠭᠡᠮᠲᠦᠭᠡᠨ᠎ᠡ᠂ ᠮᠥᠨ ᠴᠤ ᠡᠳᠡᠭᠡᠭᠡᠨ᠎ᠡ ᠭᠠᠷ ᠠᠴᠠ ᠮᠢᠨᠢ ᠬᠡᠯᠲᠦᠷᠢᠬᠦ ᠬᠡᠨ ᠴᠤ ᠠᠯᠠᠭ᠎ᠠ᠃
40 ᠪᠢ ᠲᠩᠷᠢ ᠥᠭᠡᠳᠡ ᠭᠠᠷ ᠢᠶᠠᠨ ᠡᠷᠭᠦᠨ ᠲᠠᠩ᠋ᠭᠠᠷᠢᠭᠯᠠᠵᠤ᠄ 〈ᠮᠢᠨᠦ ᠮᠥᠩᠬᠡᠳᠡ ᠠᠮᠢᠳᠤ ᠯᠤᠭ᠎ᠠ ᠨᠢᠭᠡᠨ ᠠᠳᠠᠯᠢ ᠴᠢᠩ ᠦᠨᠡᠨ ᠭᠡᠪᠡᠯ
41 ᠪᠢ ᠭᠢᠯᠠᠯᠵᠠᠭᠰᠠᠨ ᠰᠡᠯᠡᠮ᠎ᠡ ᠪᠡᠨ ᠢᠷᠯᠡᠨ ᠭᠠᠷ ᠮᠢᠨᠢ ᠲᠡᠭᠦᠨ ᠢ ᠪᠠᠨ ᠰᠢᠳᠬᠡᠯ ᠦᠨ ᠲᠥᠯᠥᠭᠡ ᠪᠠᠷᠢᠨ᠎ᠠ ᠪᠢ ᠥᠰᠲᠡᠨ ᠨᠦᠭᠦᠳ ᠡᠴᠡ ᠪᠡᠨ ᠥᠰᠢᠶ᠎ᠡ ᠠᠪᠤᠨ᠎ᠠ ᠨᠠᠮᠠᠶᠢ ᠬᠣᠷᠣᠰᠣᠭᠴᠢᠳ ᠲᠤ ᠬᠠᠷᠢᠭᠤᠯᠤᠨ᠎ᠠ᠃
42 ᠪᠢ ᠨᠤᠮᠤ ᠰᠤᠮᠤ ᠪᠠᠨ ᠴᠢᠰᠤᠨ ᠳᠤ ᠰᠣᠭᠲᠣᠭᠠᠵᠤ ᠢᠯᠳᠦ ᠰᠡᠯᠡᠮ᠎ᠡ ᠮᠢᠨᠢ ᠮᠢᠬ᠎ᠠ ᠢᠳᠡᠨ᠎ᠡ ᠠᠯᠠᠭᠳᠠᠭᠰᠠᠳ ᠪᠠ ᠣᠯᠵᠠᠯᠠᠭᠳᠠᠭᠰᠠᠳ ᠤᠨ ᠴᠢᠰᠤ ᠶᠢ ᠳᠠᠢᠰᠤᠨ ᠤ ᠵᠠᠩᠵᠤᠨ ᠤ ᠲᠣᠯᠣᠭᠠᠢ ᠨᠤᠭᠤᠳ ᠢ ᠢᠳᠡᠨ᠎ᠡ᠃〉
43 ᠬᠠᠷᠢᠴᠤᠳ ᠡ᠂ ᠲᠡᠭᠦᠨ ᠦ ᠠᠷᠠᠳ ᠲᠦᠮᠡᠨ ᠲᠡᠢ ᠬᠠᠮᠲᠤ ᠪᠠᠶᠠᠰᠤᠭᠲᠤᠨ︕ ᠲᠡᠷᠡ ᠪᠡᠷ ᠵᠠᠷᠤᠴᠠ ᠨᠠᠷ ᠤᠨ ᠢᠶᠠᠨ ᠴᠢᠰᠤᠨ ᠥᠰᠢᠶ᠎ᠡ ᠶᠢ ᠠᠪᠴᠤ ᠥᠰᠲᠡᠨ ᠨᠦᠭᠦᠳ ᠲᠦ ᠬᠠᠷᠢᠭᠤ ᠪᠠᠷᠢᠨ ᠥᠪᠡᠷ ᠦᠨ ᠢᠶᠠᠨ ᠨᠤᠲᠤᠭ ᠪᠣᠯᠣᠨ ᠥᠪᠡᠷ ᠦᠨ ᠢᠶᠠᠨ ᠠᠷᠠᠳ ᠲᠦᠮᠡᠨ ᠦ ᠲᠥᠯᠥᠭᠡ ᠬᠡᠯᠲᠦᠷᠢᠭᠦᠯᠦᠯᠭᠡ ᠶᠢ ᠬᠢᠨ᠎ᠡ》 ᠭᠡᠪᠡ᠃

44 ᠮᠣᠰᠧ ᠨᠦᠨ ᠦ ᠬᠥᠪᠡᠭᠦᠨ ᠶᠣᠱᠦ᠋ᠶ᠎ᠠ ᠲᠠᠢ ᠭᠠᠷᠴᠤ ᠢᠷᠡᠭᠡᠳ ᠡᠨᠡ ᠳᠠᠭᠤᠤ ᠶᠢᠨ ᠪᠦᠬᠦ ᠦᠭᠡ ᠶᠢ ᠠᠷᠠᠳ ᠲᠦᠮᠡᠨ ᠳᠦ ᠶᠠᠷᠢᠵᠤ ᠰᠣᠨᠣᠰᠬᠠᠵᠠᠢ᠃ 45 ᠮᠣᠰᠧ ᠡᠨᠡ ᠪᠦᠬᠦ ᠦᠭᠡ ᠶᠢ ᠪᠦᠬᠦ ᠢᠰᠷᠧᠯ ᠳᠤ ᠶᠠᠷᠢᠵᠤ ᠳᠠᠭᠤᠰᠤᠭᠠᠳ 46 ᠲᠡᠳᠡᠨ ᠳᠦ᠄ 《ᠮᠢᠨᠦ ᠥᠨᠥᠳᠥᠷ ᠦᠨ ᠲᠠ ᠨᠠᠷ ᠲᠤ ᠰᠠᠨᠠᠭᠤᠯᠤᠭᠰᠠᠨ ᠦᠭᠡ ᠪᠦᠬᠦᠨ ᠢ ᠲᠠ ᠨᠠᠷ ᠵᠢᠷᠦᠬᠡᠨ ᠳᠡᠭᠡᠨ ᠰᠢᠩᠭᠡᠭᠡᠵᠦ ᠬᠡᠦᠬᠡᠳ ᠤᠳ ᠲᠡᠭᠡᠨ ᠲᠤᠰᠢᠶᠠᠨ᠂ ᠲᠡᠳᠡ ᠨᠠᠷ ᠢᠶᠠᠷ ᠡᠨᠡ ᠬᠠᠤᠯᠢ ᠶᠢᠨ ᠦᠭᠡ ᠪᠦᠷᠢ ᠶᠢ ᠰᠠᠬᠢᠨ ᠮᠥᠷᠳᠡᠭᠦᠯ᠃ 47 ᠡᠳᠡᠭᠡᠷ ᠨᠢ ᠳᠡᠮᠡᠢ ᠬᠣᠭᠣᠰᠣᠨ ᠦᠭᠡ ᠪᠢᠰᠢ᠂ ᠬᠠᠷᠢᠨ ᠲᠠ ᠨᠠᠷ ᠤᠨ ᠠᠮᠢ ᠪᠢᠯᠡ᠃ ᠲᠠ ᠨᠠᠷ ᠶᠣᠷᠳᠠᠨ ᠢ ᠭᠠᠲᠤᠯᠤᠨ ᠣᠴᠢᠵᠤ ᠡᠵᠡᠮᠰᠢᠬᠦ ᠨᠤᠲᠤᠭ ᠳᠡᠭᠡᠷ᠎ᠡ ᠪᠡᠨ ᠡᠨᠡ ᠦᠭᠡᠰ ᠦᠨ ᠠᠴᠢ ᠪᠠᠷ ᠤᠷᠲᠤ ᠨᠠᠰᠤᠯᠠᠬᠤ ᠪᠣᠯᠣᠨ᠎ᠠ》 ᠭᠡᠪᠡ᠃
 ᠮᠣᠰᠧ ᠶᠢᠨ ᠰᠡᠭᠦᠯᠴᠢ ᠶᠢᠨ ᠡᠳᠦᠷ ᠤᠳ

48 ᠶᠠᠭ ᠲᠡᠷᠡ ᠡᠳᠦᠷ ᠶᠣᠬᠣᠸᠠ ᠮᠣᠰᠧ ᠳᠤ ᠠᠢᠯᠠᠳᠤᠨ᠄ 49 《ᠴᠢ ᠶᠧᠷᠢᠺᠣ ᠶᠢᠨ ᠬᠠᠷᠠᠯᠳᠤᠭ᠎ᠠ᠂ ᠮᠣᠶᠠᠪ ᠤᠨ ᠨᠤᠲᠤᠭ ᠲᠤ ᠪᠠᠢᠭ᠎ᠠ ᠠᠪᠠᠷᠢᠮ ᠨᠢᠷᠤᠭᠤᠨ ᠤ ᠨᠧᠪᠣ ᠠᠭᠤᠯᠠᠨ ᠳᠤ ᠭᠠᠷᠴᠤ᠂ ᠮᠢᠨᠦ ᠢᠰᠷᠧᠯᠴᠦᠳ ᠲᠦ ᠥᠪ ᠪᠣᠯᠭᠠᠨ ᠥᠭᠬᠦ ᠭᠡᠵᠦ ᠪᠤᠢ ᠺᠠᠨᠠᠨ ᠨᠤᠲᠤᠭ ᠢ ᠬᠠᠷᠠ᠃ 50 ᠠᠬ᠎ᠠ ᠠᠷᠣᠨ ᠴᠢᠨᠢ ᠬᠣᠷ ᠠᠭᠤᠯᠠᠨ ᠳᠤ ᠨᠠᠰᠤ ᠪᠠᠷᠠᠵᠤ᠂ ᠥᠪᠡᠷ ᠦᠨ ᠬᠥᠮᠦᠰ ᠤᠷᠤᠭᠤ ᠪᠠᠨ ᠠᠪᠠᠴᠢᠭᠳᠠᠭᠰᠠᠨ ᠰᠢᠭ᠋ ᠴᠢ ᠪᠠᠰᠠ ᠥᠭᠰᠥᠵᠦ ᠭᠠᠷᠤᠭᠰᠠᠨ ᠲᠡᠷᠡ ᠠᠭᠤᠯᠠᠨ ᠳᠡᠭᠡᠷ᠎ᠡ ᠪᠡᠨ ᠨᠠᠰᠤ ᠪᠠᠷᠠᠵᠤ᠂ ᠥᠪᠡᠷ ᠦᠨ ᠬᠥᠮᠦᠰ ᠤᠷᠤᠭᠤ ᠪᠠᠨ ᠠᠪᠠᠴᠢᠭᠳᠠᠬᠤ ᠪᠣᠯᠣᠨ᠎ᠠ᠃ 51 ᠤᠴᠢᠷ ᠨᠢ ᠲᠠ ᠨᠠᠷ ᠽᠢᠨ ᠤ ᠴᠥᠯ ᠳᠤ ᠮᠧᠷᠢᠪᠠ ᠺᠠᠳᠧᠱ ᠤᠨ ᠤᠰᠤᠨ ᠤ ᠳᠡᠷᠭᠡᠳᠡ ᠪᠠᠢᠬᠤ ᠳᠠᠭᠠᠨ ᠢᠰᠷᠧᠯᠴᠦᠳ ᠦᠨ ᠳᠤᠮᠳᠠ ᠨᠠᠳᠠ ᠳᠤ ᠢᠲᠡᠭᠡᠮᠵᠢ ᠦᠭᠡᠢ ᠬᠠᠨᠳᠤᠵᠤ᠂ ᠮᠢᠨᠦ ᠠᠷᠢᠭᠤᠨ ᠪᠠᠢᠳᠠᠯ ᠢ ᠢᠰᠷᠧᠯᠴᠦᠳ ᠦᠨ ᠳᠤᠮᠳᠠ ᠢᠯᠡᠷᠬᠡᠶᠢᠯᠡᠭᠰᠡᠨ ᠦᠭᠡᠢ᠃ 52 ᠲᠡᠢᠮᠦ ᠡᠴᠡ ᠴᠢ ᠡᠮᠦᠨ᠎ᠡ ᠴᠢᠨᠢ ᠪᠠᠢᠭ᠎ᠠ᠂ ᠮᠢᠨᠦ ᠢᠰᠷᠧᠯᠴᠦᠳ ᠲᠦ ᠥᠭᠬᠦ ᠲᠡᠷᠡ ᠨᠤᠲᠤᠭ ᠢ ᠬᠠᠷᠠᠬᠤ ᠪᠣᠯᠪᠠᠴᠤ ᠲᠡᠰᠢ ᠣᠷᠣᠵᠤ ᠴᠢᠳᠠᠬᠤ ᠦᠭᠡᠢ》 ᠭᠡᠵᠦ ᠠᠢᠯᠠᠳᠪᠠ᠃