ᠳᠡᠳ᠋ ᠬᠠᠤᠯᠢ ᠠᠷᠪᠠᠨ ᠬᠣᠶᠠᠷ
ᠶᠣᠬᠣᠸᠠ ᠶᠢᠨ ᠰᠢᠯᠢᠵᠦ ᠠᠪᠬᠤ ᠮᠥᠷᠭᠥᠯ ᠦᠨ ᠭᠠᠵᠠᠷ
1 ᠴᠢᠨᠦ ᠡᠴᠢᠭᠡ ᠡᠪᠦᠭᠡᠳ ᠦᠨ ᠪᠤᠷᠬᠠᠨ ᠶᠣᠬᠣᠸᠠ ᠶᠢᠨ ᠴᠢᠮ᠎ᠠ ᠳᠤ ᠰᠣᠶᠣᠷᠬᠠᠵᠤ ᠡᠵᠡᠮᠰᠢᠭᠦᠯᠬᠦ ᠲᠡᠷᠡ ᠨᠤᠲᠤᠭ ᠳᠡᠭᠡᠷ᠎ᠡ ᠠᠮᠢᠳᠤᠷᠠᠨ ᠰᠠᠭᠤᠬᠤ ᠪᠦᠬᠦ ᠡᠳᠦᠷ ᠦᠨ ᠲᠤᠷᠰᠢ ᠴᠢᠨᠦ ᠰᠠᠬᠢᠵᠤ ᠪᠡᠶᠡᠯᠡᠭᠦᠯᠬᠦ ᠬᠠᠤᠯᠢ ᠵᠢᠭᠠᠪᠤᠷᠢ ᠨᠤᠭᠤᠳ ᠡᠨᠡ ᠪᠠᠢᠨ᠎ᠠ᠄
2 ᠲᠠ ᠨᠠᠷ ᠬᠥᠭᠡᠭᠡᠬᠦ ᠭᠡᠵᠦ ᠪᠠᠢᠭ᠎ᠠ ᠦᠨᠳᠦᠰᠦᠲᠡᠨ ᠨᠦᠭᠦᠳ ᠦᠨ ᠢᠶᠠᠨ ᠪᠤᠷᠬᠠᠳ ᠲᠠᠭᠠᠨ ᠮᠥᠷᠭᠥᠳᠡᠭ ᠪᠠᠢᠭᠰᠠᠨ ᠪᠦᠬᠦ ᠭᠠᠵᠠᠷ᠂ ᠲᠤᠬᠠᠢᠯᠠᠪᠠᠯ ᠥᠨᠳᠥᠷ ᠠᠭᠤᠯᠠ᠂ ᠳᠣᠪᠣ ᠲᠣᠯᠣᠭᠠᠳ᠂ ᠠᠯᠢᠪᠠ ᠱᠠᠩᠰᠢ ᠮᠣᠳᠣᠨ ᠳᠣᠣᠷᠠᠬᠢ ᠭᠠᠵᠠᠷ ᠤᠳ ᠢ ᠪᠦᠷᠢᠮᠦᠰᠦᠨ ᠰᠦᠢᠷᠡᠭᠦᠯ᠃ 3 ᠲᠠᠬᠢᠯ ᠤᠨ ᠰᠢᠷᠡᠭᠡ ᠶᠢ ᠨᠢ ᠨᠤᠷᠠᠭᠠᠵᠤ᠂ ᠴᠢᠯᠠᠭᠤᠨ ᠪᠠᠭᠠᠨ᠎ᠠ ᠨᠤᠭᠤᠳ ᠢ ᠨᠢ ᠰᠤᠢᠷᠠᠭᠦᠯᠦᠨ᠂ ᠠᠱᠧᠷᠠ ᠶᠢᠨ ᠱᠣᠩ ᠢ ᠨᠢ ᠭᠠᠯ ᠳᠤ ᠰᠢᠲᠠᠭᠠᠵᠤ᠂ ᠪᠤᠷᠬᠠᠳ ᠤᠨ ᠬᠢᠨᠢ ᠰᠡᠢᠯᠦᠮᠡᠯ ᠬᠥᠷᠥᠭ ᠤᠳ ᠢ ᠴᠠᠪᠴᠢᠵᠤ᠂ ᠨᠡᠷᠡᠰ ᠢ ᠨᠢ ᠲᠡᠳᠡᠭᠡᠷ ᠭᠠᠵᠠᠷ ᠠᠴᠠ ᠠᠷᠴᠢ᠃ 4 ᠲᠠ ᠨᠠᠷ ᠶᠣᠬᠣᠸᠠ ᠪᠤᠷᠬᠠᠨ ᠳᠠᠭᠠᠨ ᠲᠡᠳᠡ ᠨᠠᠷ ᠤᠨ ᠮᠠᠶ᠋ᠢᠭ ᠢᠶᠠᠷ ᠮᠥᠷᠭᠥᠵᠦ ᠪᠣᠯᠬᠤ ᠦᠭᠡᠢ᠃ 5 ᠬᠠᠷᠢᠨ ᠲᠠᠨ ᠤ ᠪᠤᠷᠬᠠᠨ ᠶᠣᠬᠣᠸᠠ ᠨᠡᠷ᠎ᠡ ᠪᠡᠨ ᠲᠠᠯᠪᠢᠨ᠂ ᠥᠪᠡᠷ ᠢᠶᠡᠨ ᠰᠠᠭᠤᠬᠤ ᠪᠠᠷ ᠲᠠᠨ ᠤ ᠣᠪᠣᠭ ᠤᠳ ᠤᠨ ᠳᠤᠮᠳᠠ ᠠᠴᠠ ᠰᠢᠯᠢᠬᠦ ᠭᠠᠭᠴᠠ ᠭᠠᠵᠠᠷ ᠤᠷᠤᠭᠤ ᠯᠠ ᠲᠠ ᠨᠠᠷ ᠲᠡᠮᠡᠦᠯᠦᠨ᠂ ᠲᠡᠨᠳᠡ ᠣᠴᠢᠬᠤ ᠶᠣᠰᠣᠲᠠᠢ᠃ 6 ᠲᠠ ᠨᠠᠷ ᠰᠢᠲᠠᠭᠠᠯᠭᠠᠲᠤ ᠲᠠᠬᠢᠯ ᠪᠣᠯᠣᠨ ᠪᠤᠰᠤᠳ ᠲᠠᠬᠢᠯ ᠢᠶᠠᠨ᠂ ᠠᠷᠪᠠᠨ ᠤ ᠨᠢᠭᠡ ᠶᠢᠨ ᠡᠷᠭᠦᠯ ᠪᠣᠯᠣᠨ ᠬᠠᠨᠳᠢᠪ ᠢᠶᠠᠨ᠂ ᠡᠷᠭᠦᠬᠦ ᠪᠡᠷ ᠲᠠᠩ᠋ᠭᠠᠷᠢᠭᠯᠠᠭᠰᠠᠨ ᠵᠦᠢᠯ ᠪᠣᠯᠣᠨ ᠰᠠᠢᠨ ᠳᠤᠷ᠎ᠠ ᠶᠢᠨ ᠡᠷᠭᠦᠯ ᠢᠶᠡᠨ ᠪᠣᠳᠠ ᠪᠣᠭ ᠮᠠᠯ ᠤᠨ ᠤᠤᠭᠠᠨ ᠲᠥᠯ ᠢᠶᠡᠨ ᠲᠡᠨᠳᠡ ᠠᠪᠠᠴᠢᠬᠤ ᠶᠣᠰᠣᠲᠠᠢ᠃ 7 ᠲᠠ ᠨᠠᠷ ᠲᠡᠨᠳᠡ ᠪᠡᠨ ᠶᠣᠬᠣᠸᠠ ᠪᠤᠷᠬᠠᠨ ᠤ ᠪᠠᠨ ᠡᠮᠦᠨ᠎ᠡ ᠭᠡᠷ ᠬᠣᠲᠠᠯᠠᠭᠠᠷ ᠢᠶᠠᠨ ᠬᠣᠭᠣᠯᠠᠯᠠᠵᠤ᠂ ᠶᠣᠬᠣᠸᠠ ᠪᠤᠷᠬᠠᠨ ᠤ ᠪᠠᠨ ᠠᠴᠢ ᠪᠠᠷ ᠬᠢᠵᠦ ᠪᠡᠶᠡᠯᠡᠭᠦᠯᠦᠭᠰᠡᠨ ᠪᠦᠬᠦᠨ ᠢᠶᠡᠷ ᠢᠶᠠᠨ ᠪᠠᠶᠠᠷᠯᠠᠵᠤ ᠴᠡᠩᠭᠡᠵᠡᠭᠡ᠃
8 ᠪᠢᠳᠡᠨ ᠦ ᠣᠳᠣ ᠶᠢᠨ ᠡ᠊ᠨᠳᠡ ᠦᠢᠯᠡᠳᠳᠡᠭ ᠶᠣᠰᠣᠭᠠᠷ ᠲᠠ ᠨᠠᠷ ᠲᠡᠨᠳᠡ ᠦᠢᠯᠡᠳᠴᠦ ᠪᠣᠯᠬᠤ ᠦᠭᠡᠢ᠃ ᠡ᠊ᠨᠳᠡ ᠬᠥᠮᠦᠨ ᠪᠦᠷᠢ ᠥᠪᠡᠷ ᠥᠪᠡᠷ ᠦᠨ ᠢᠶᠠᠨ ᠨᠢᠳᠦᠨ ᠳᠦ ᠵᠥᠪ ᠭᠡᠵᠦ ᠦᠵᠡᠭᠰᠡᠨ ᠢᠶᠡᠨ ᠦᠢᠯᠡᠳᠳᠡᠭ ᠨᠢ 9 ᠪᠤᠷᠬᠠᠨ ᠶᠣᠬᠣᠸᠠ ᠶᠢᠨ ᠢᠶᠠᠨ ᠬᠦᠷᠲᠡᠭᠡᠬᠦ ᠭᠡᠵᠦ ᠪᠤᠢ ᠠᠮᠠᠷᠠᠯ ᠪᠣᠯᠣᠨ ᠥᠪ ᠲᠤ ᠲᠠ ᠨᠠᠷ ᠠᠷᠠᠢ ᠬᠦᠷᠦᠭᠡ ᠦᠭᠡᠢ ᠪᠠᠢᠬᠤ ᠶᠢᠨ ᠤᠴᠢᠷ ᠠᠴᠠ ᠶᠤᠮ᠃ 10 ᠬᠠᠷᠢᠨ ᠲᠠ ᠨᠠᠷ ᠶᠣᠷᠳᠠᠨ ᠢ ᠭᠠᠲᠤᠯᠤᠨ ᠣᠴᠢᠵᠤ᠂ ᠶᠣᠬᠣᠸᠠ ᠪᠤᠷᠬᠠᠨ ᠤ ᠪᠠᠨ ᠲᠠ ᠨᠠᠷ ᠲᠤ ᠥᠪ ᠪᠣᠯᠭᠠᠨ ᠰᠣᠶᠣᠷᠬᠠᠬᠤ ᠭᠠᠵᠠᠷ ᠲᠤ ᠰᠠᠭᠤᠷᠢᠰᠢᠬᠤ ᠪᠣᠯᠣᠨ᠎ᠠ᠃ ᠲᠡᠷᠡ ᠪᠡᠷ ᠡᠷᠭᠢᠨ ᠲᠣᠭᠣᠷᠢᠨ ᠤ ᠴᠢᠨᠢ ᠳᠠᠢᠰᠤᠨ ᠨᠤᠭᠤᠳ ᠠᠴᠠ ᠲᠠ ᠨᠠᠷ ᠢ ᠠᠮᠠᠷᠠᠭᠠᠵᠤ᠂ ᠠᠶᠤᠯ ᠦᠭᠡᠢ ᠠᠮᠢᠳᠤᠷᠠᠭᠤᠯᠤᠨ᠎ᠠ᠃ 11 ᠲᠡᠷᠡ ᠴᠠᠭ ᠲᠤ᠂ ᠲᠠᠨ ᠤ ᠪᠤᠷᠬᠠᠨ ᠶᠣᠬᠣᠸᠠ ᠶᠢᠨ ᠨᠡᠷ᠎ᠡ ᠪᠡᠨ ᠲᠠᠯᠪᠢᠬᠤ ᠪᠠᠷ ᠰᠢᠯᠢᠵᠦ ᠠᠪᠬᠤ ᠭᠠᠵᠠᠷ ᠲᠤ ᠲᠠ ᠨᠠᠷ ᠮᠢᠨᠦ ᠲᠤᠰᠢᠶᠠᠭᠰᠠᠨ ᠪᠦᠬᠦᠨ᠂ ᠲᠤᠬᠠᠢᠯᠠᠪᠠᠯ ᠰᠢᠲᠠᠭᠠᠯᠭᠠᠲᠤ ᠲᠠᠬᠢᠯ ᠪᠣᠯᠣᠨ ᠪᠤᠰᠤᠳ ᠲᠠᠬᠢᠯ ᠢᠶᠠᠨ᠂ ᠠᠷᠪᠠᠨ ᠤ ᠨᠢᠭᠡ ᠶᠢᠨ ᠡᠷᠭᠦᠯ ᠪᠣᠯᠣᠨ ᠣᠨᠴᠠᠭᠠᠢ ᠬᠠᠨᠳᠢᠪ ᠢᠶᠠᠨ᠂ ᠶᠣᠬᠣᠸᠠ ᠳᠤ ᠡᠷᠭᠦᠬᠦ ᠪᠡᠷ ᠲᠠᠩ᠋ᠭᠠᠷᠢᠭᠯᠠᠭᠰᠠᠨ ᠰᠢᠯᠢᠳᠡᠭ ᠡᠷᠭᠦᠯ ᠪᠦᠬᠦᠨ ᠢᠶᠡᠨ ᠠᠪᠴᠤ ᠣᠴᠢ᠃ 12 ᠲᠠ ᠨᠠᠷ ᠲᠡᠨᠳᠡ ᠬᠥᠪᠡᠭᠦᠳ ᠥᠬᠢᠳ᠂ ᠵᠠᠷᠤᠴᠠ ᠰᠢᠪᠡᠭᠴᠢᠳ ᠤᠨ ᠢᠶᠠᠨ ᠬᠠᠮᠲᠤ᠂ ᠮᠥᠨ ᠲᠠᠨ ᠤ ᠲᠡᠨᠳᠡ ᠰᠠᠭᠤᠳᠠᠭ ᠥᠪᠡᠷ ᠦᠨ ᠥᠪ ᠬᠤᠪᠢ ᠦᠭᠡᠢ ᠯᠧᠸᠢᠴᠦᠳ ᠲᠡᠢ ᠬᠠᠮᠲᠤ ᠶᠣᠬᠣᠸᠠ ᠪᠤᠷᠬᠠᠨ ᠤ ᠪᠠᠨ ᠡᠮᠦᠨ᠎ᠡ ᠪᠠᠶᠠᠰᠴᠠᠭᠠ᠃
13 ᠴᠢ ᠰᠢᠲᠠᠭᠠᠯᠭᠠᠲᠤ ᠲᠠᠬᠢᠯ ᠢᠶᠠᠨ ᠨᠢᠳᠦᠨ ᠳᠡᠭᠡᠨ ᠲᠠᠭᠠᠯᠠᠭᠳᠠᠭᠰᠠᠨ ᠭᠠᠵᠠᠷ ᠪᠣᠯᠭᠠᠨ ᠳᠤ ᠡᠷᠭᠦᠬᠦ ᠡᠴᠡ ᠪᠣᠯᠭᠣᠮᠵᠢᠯᠠ᠃ 14 ᠬᠠᠷᠢᠨ ᠲᠠᠨ ᠤ ᠠᠯᠢ ᠨᠢᠭᠡ ᠣᠪᠣᠭ ᠤᠨ ᠳᠣᠲᠣᠷ᠎ᠠ ᠠᠴᠠ ᠶᠣᠬᠣᠸᠠ ᠶᠢᠨ ᠰᠢᠯᠢᠵᠦ ᠠᠪᠬᠤ ᠲᠡᠷᠡ ᠭᠠᠵᠠᠷ ᠲᠤ ᠯᠠ ᠴᠢ ᠰᠢᠲᠠᠭᠠᠯᠭᠠᠲᠤ ᠲᠠᠬᠢᠯ ᠢᠶᠠᠨ ᠡᠷᠭᠦᠵᠦ᠂ ᠮᠢᠨᠦ ᠴᠢᠮ᠎ᠠ ᠳᠤ ᠲᠤᠰᠢᠶᠠᠭᠰᠠᠨ ᠪᠦᠬᠦᠨ ᠢ ᠲᠡᠨᠳᠡ ᠦᠢᠯᠡᠳ᠃
ᠢᠳᠡᠰᠢᠨ ᠤ ᠮᠠᠯ ᠨᠢᠲᠤᠯᠬᠤ ᠲᠤᠬᠠᠢ
15 ᠭᠡᠪᠡᠴᠦ ᠴᠢ ᠬᠦᠰᠡᠭᠰᠡᠨ ᠴᠠᠭ ᠲᠠᠭᠠᠨ᠂ ᠥᠪᠡᠷ ᠦᠨ ᠢᠶᠠᠨ ᠭᠠᠵᠠᠷ ᠲᠤ ᠶᠣᠬᠣᠸᠠ ᠪᠤᠷᠬᠠᠨ ᠤ ᠪᠠᠨ ᠰᠣᠶᠣᠷᠬᠠᠭᠰᠠᠨ ᠢᠪᠡᠭᠡᠯ ᠦᠨ ᠳᠠᠭᠠᠤ ᠮᠠᠯ ᠨᠢᠳᠤᠯᠤᠭᠠᠳ ᠮᠢᠬ᠎ᠠ ᠶᠢ ᠨᠢ ᠢᠳᠡᠵᠦ ᠪᠣᠯᠣᠨ᠎ᠠ᠃ ᠪᠤᠵᠠᠷᠲᠤᠭᠰᠠᠨ᠂ ᠡᠰᠡᠪᠡᠯ ᠴᠡᠪᠡᠷ ᠬᠥᠮᠦᠨ ᠦ ᠠᠯᠢ ᠨᠢ ᠴᠤ ᠭᠥᠷᠥᠭᠡᠰᠦ᠂ ᠪᠤᠭᠤ ᠶᠢᠨ ᠮᠢᠬ᠎ᠠ ᠢᠳᠡᠳᠡᠭ ᠰᠢᠭ ᠢᠶᠠᠨ ᠲᠡᠭᠦᠨ ᠡᠴᠡ ᠢᠳᠡᠵᠦ ᠪᠣᠯᠣᠨ᠎ᠠ᠃ 16 ᠭᠠᠭᠴᠠ ᠬᠦ ᠴᠢᠰᠤ ᠶᠢ ᠨᠢ ᠢᠳᠡᠵᠦ ᠪᠣᠯᠬᠤ ᠦᠭᠡᠢ᠂ ᠲᠡᠭᠦᠨ ᠢ ᠭᠠᠵᠠᠷ ᠲᠤ ᠤᠰᠤ ᠰᠢᠭ᠋ ᠠᠰᠬ᠎ᠠ᠃ 17 ᠴᠢ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣᠨ ᠤ ᠪᠠᠨ ᠠᠷᠪᠠᠨ ᠤ ᠨᠢᠭᠡ ᠪᠣᠯᠣᠨ ᠪᠣᠳᠠ ᠪᠣᠭ ᠮᠠᠯ ᠤᠨ ᠢᠶᠠᠨ ᠤᠤᠭᠠᠨ ᠲᠥᠯ ᠬᠢᠭᠡᠳ ᠡᠷᠭᠦᠬᠦ ᠪᠡᠷ ᠲᠠᠩ᠋ᠭᠠᠷᠢᠭᠯᠠᠭᠰᠠᠨ ᠪᠦᠬᠦᠨ᠂ ᠥᠪᠡᠷ ᠦᠨ ᠰᠠᠢᠨ ᠳᠤᠷ᠎ᠠ ᠶᠢᠨ ᠡᠷᠭᠦᠯ ᠪᠠ ᠣᠨᠴᠠᠭᠠᠢ ᠬᠠᠨᠳᠢᠪ ᠢᠶᠠᠨ ᠰᠠᠭᠤᠳᠠᠭ ᠭᠠᠵᠠᠷ ᠲᠠᠭᠠᠨ ᠢᠳᠡᠵᠦ ᠪᠣᠯᠬᠤ ᠦᠭᠡᠢ᠃ 18 ᠬᠠᠷᠢᠨ ᠶᠣᠬᠣᠸᠠ ᠪᠤᠷᠬᠠᠨ ᠤ ᠪᠠᠨ ᠰᠢᠯᠢᠵᠦ ᠠᠪᠬᠤ ᠭᠠᠵᠠᠷ ᠲᠤ ᠪᠤᠷᠬᠠᠨ ᠶᠣᠬᠣᠸᠠ ᠶᠢᠨ ᠢᠶᠠᠨ ᠡᠮᠦᠨ᠎ᠡ ᠬᠥᠪᠡᠭᠦᠳ ᠥᠬᠢᠳ᠂ ᠵᠠᠷᠤᠴᠠ ᠰᠢᠪᠡᠭᠴᠢᠳ᠂ ᠰᠠᠭᠤᠳᠠᠭ ᠭᠠᠵᠠᠷ ᠤᠨ ᠢᠶᠠᠨ ᠯᠧᠸᠢᠴᠦᠳ ᠲᠡᠢ ᠬᠠᠮᠲᠤ ᠲᠡᠳᠡᠭᠡᠷ ᠢ ᠢᠳᠡᠬᠦ ᠪᠥᠭᠡᠳ ᠭᠠᠷ ᠢᠶᠠᠷ ᠢᠶᠠᠨ ᠬᠢᠵᠦ ᠪᠦᠲᠦᠭᠡᠭᠰᠡᠨ ᠪᠦᠬᠦᠨ ᠢᠶᠡᠷ ᠢᠶᠠᠨ ᠶᠣᠬᠣᠸᠠ ᠪᠤᠷᠬᠠᠨ ᠤ ᠪᠠᠨ ᠡᠮᠦᠨ᠎ᠡ ᠪᠠᠶᠠᠰᠴᠠᠭᠠ᠃ 19 ᠬᠠᠷᠢᠨ ᠴᠢ ᠨᠤᠲᠤᠭ ᠲᠠᠭᠠᠨ ᠰᠠᠭᠤᠬᠤ ᠪᠦᠬᠦ ᠬᠤᠭᠤᠴᠠᠭᠠᠨ ᠳᠠᠭᠠᠨ ᠯᠧᠸᠢᠴᠦᠳ ᠢ ᠬᠠᠢᠬᠤᠷᠤᠯ ᠦᠭᠡᠢ ᠣᠷᠬᠢᠬᠤ ᠠᠴᠠ ᠪᠣᠯᠭᠣᠮᠵᠢᠯᠠ᠃
20 ᠴᠢᠨᠦ ᠪᠤᠷᠬᠠᠨ ᠶᠣᠬᠣᠸᠠ ᠴᠢᠮ᠎ᠠ ᠳᠤ ᠠᠮᠠᠯᠠᠭᠰᠠᠨ ᠶᠣᠰᠣᠭᠠᠷ ᠢᠶᠠᠨ ᠬᠢᠯᠢ ᠬᠢᠵᠠᠭᠠᠷ ᠢ ᠴᠢᠨᠢ ᠲᠡᠯᠡᠵᠦ ᠥᠭᠬᠦ ᠦᠶ᠎ᠡ ᠳᠦ᠂ ᠬᠡᠷᠪᠡ ᠴᠢ ᠮᠢᠬ᠎ᠠ ᠢᠳᠡᠬᠦ ᠶᠢ ᠬᠦᠰᠡᠭᠡᠳ ᠮᠢᠬ᠎ᠠ ᠢᠳᠡᠶ᠎ᠡ ᠭᠡᠪᠡᠯ ᠬᠦᠰᠡᠭᠰᠡᠨ ᠢᠶᠡᠷ ᠢᠶᠠᠨ ᠢᠳᠡᠵᠦ ᠪᠣᠯᠣᠨ᠎ᠠ᠃ 21 ᠬᠡᠷᠪᠡ ᠶᠣᠬᠣᠸᠠ ᠪᠤᠷᠬᠠᠨ ᠤ ᠴᠢᠨᠢ ᠨᠡᠷ᠎ᠡ ᠪᠡᠨ ᠲᠠᠯᠪᠢᠬᠤ ᠪᠠᠷ ᠰᠢᠯᠢᠭᠰᠡᠨ ᠲᠡᠷᠡ ᠭᠠᠵᠠᠷ ᠲᠠᠨ ᠤ ᠬᠢ ᠡᠴᠡ ᠬᠣᠯᠠ ᠪᠠᠢᠪᠠᠯ᠂ ᠮᠢᠨᠦ ᠴᠢᠮ᠎ᠠ ᠳᠤ ᠲᠤᠰᠢᠶᠠᠭᠰᠠᠨ ᠶᠣᠰᠣᠭᠠᠷ ᠶᠣᠬᠣᠸᠠ ᠶᠢᠨ ᠰᠣᠶᠣᠷᠬᠠᠭᠰᠠᠨ ᠪᠣᠳᠠ ᠪᠣᠭ ᠮᠠᠯ ᠠᠴᠠ ᠨᠢᠲᠤᠯᠵᠤ᠂ ᠰᠠᠭᠤᠳᠠᠭ ᠭᠠᠵᠠᠷ ᠲᠠᠭᠠᠨ ᠬᠦᠰᠡᠭᠰᠡᠨ ᠢᠶᠡᠷ ᠢᠶᠠᠨ ᠢᠳᠡᠵᠦ ᠪᠣᠯᠣᠨ᠎ᠠ᠃ 22 ᠴᠢ ᠪᠤᠵᠠᠷᠲᠤᠭᠰᠠᠨ ᠪᠠᠢᠳᠠᠯ ᠳᠠᠭᠠᠨ ᠴᠤ᠂ ᠴᠡᠪᠡᠷ ᠪᠠᠢᠳᠠᠯ ᠳᠠᠭᠠᠨ ᠴᠤ ᠭᠥᠷᠥᠭᠡᠰᠦ᠂ ᠪᠤᠭᠤ ᠶᠢᠨ ᠮᠢᠬ᠎ᠠ ᠢᠳᠡᠳᠡᠭ ᠰᠢᠭ ᠢᠶᠠᠨ ᠲᠡᠭᠦᠨ ᠡᠴᠡ ᠢᠳᠡᠵᠦ ᠪᠣᠯᠣᠨ᠎ᠠ᠃ 23 ᠭᠠᠭᠴᠠ ᠬᠦ ᠴᠢᠰᠤ ᠶᠢ ᠨᠢ ᠣᠭᠲᠣ ᠢᠳᠡᠵᠦ ᠪᠣᠯᠬᠤ ᠦᠭᠡᠢ᠃ ᠴᠢᠰᠤ ᠪᠣᠯ ᠠᠮᠢ᠂ ᠠᠮᠢ ᠶᠢ ᠨᠢ ᠲᠡᠷᠡ ᠮᠢᠬ᠎ᠠ ᠲᠠᠢ ᠬᠠᠮᠲᠤ ᠢᠳᠡᠵᠦ ᠪᠣᠯᠬᠤ ᠦᠭᠡᠢ᠃ 24 ᠴᠢᠰᠤ ᠶᠢ ᠨᠢ ᠢᠳᠡᠵᠦ ᠪᠣᠯᠬᠤ ᠦᠭᠡᠢ᠂ ᠲᠡᠭᠦᠨ ᠢ ᠭᠠᠵᠠᠷ ᠲᠤ ᠤᠰᠤ ᠰᠢᠭ᠋ ᠠᠰᠬ᠎ᠠ᠃ 25 ᠲᠡᠭᠦᠨ ᠢ ᠪᠦᠦ ᠢᠳᠡ᠃ ᠲᠡᠢᠨ ᠬᠦ ᠴᠢ ᠶᠣᠬᠣᠸᠠ ᠶᠢᠨ ᠮᠡᠯᠮᠡᠢ ᠳᠦ ᠰᠢᠳᠤᠷᠭᠤ ᠪᠣᠯᠬᠤ ᠵᠦᠢᠯ ᠢ ᠦᠢᠯᠡᠳᠬᠦ ᠪᠡᠷ ᠯᠠ ᠴᠢ ᠪᠣᠯᠣᠨ ᠴᠢᠨᠦ ᠳᠠᠷᠠᠭᠠᠬᠢ ᠦᠷ᠎ᠡ ᠤᠳᠤᠮ ᠰᠠᠢᠨ ᠰᠠᠢᠬᠠᠨ ᠢ ᠠᠮᠰᠠᠬᠤ ᠪᠣᠯᠣᠨ᠎ᠠ᠃ 26 ᠭᠠᠭᠴᠠ ᠬᠦ ᠠᠷᠢᠭᠤᠨ ᠬᠠᠨᠳᠢᠪ ᠬᠢᠭᠡᠳ ᠡᠷᠭᠦᠬᠦ ᠪᠡᠷ ᠲᠠᠩ᠋ᠭᠠᠷᠢᠭᠯᠠᠭᠰᠠᠨ ᠪᠦᠬᠦᠨ ᠦ ᠴᠢᠨᠢ ᠬᠤᠪᠢ ᠳᠤ ᠴᠢ ᠡᠳᠡᠭᠡᠷ ᠢ ᠠᠪᠴᠤ ᠶᠣᠬᠣᠸᠠ ᠶᠢᠨ ᠰᠣᠩ᠋ᠭᠣᠵᠤ ᠠᠪᠤᠭᠰᠠᠨ ᠲᠡᠷᠡ ᠭᠠᠵᠠᠷ ᠲᠤ ᠣᠴᠢ᠃ 27 ᠰᠢᠲᠠᠭᠠᠯᠭᠠᠲᠤ ᠲᠠᠬᠢᠯ ᠤᠨ ᠬᠤᠪᠢ ᠳᠤ᠂ ᠮᠢᠬ᠎ᠠ ᠶᠢ ᠨᠢ ᠴᠤ᠂ ᠴᠢᠰᠤ ᠶᠢ ᠨᠢ ᠴᠤ ᠶᠣᠬᠣᠸᠠ ᠪᠤᠷᠬᠠᠨ ᠤ ᠪᠠᠨ ᠰᠢᠷᠡᠭᠡᠨ ᠳᠡᠭᠡᠷ᠎ᠡ ᠡᠷᠭᠦᠬᠦ ᠪᠣᠯᠪᠠᠴᠤ ᠪᠤᠰᠤᠳ ᠲᠠᠬᠢᠯ ᠤᠨ ᠬᠤᠪᠢ ᠳᠤ ᠴᠢᠰᠤ ᠶᠢ ᠯᠠ ᠶᠣᠬᠣᠸᠠ ᠪᠤᠷᠬᠠᠨ ᠤ ᠪᠠᠨ ᠰᠢᠷᠡᠭᠡᠨ ᠦ ᠬᠠᠵᠠᠭᠤ ᠳᠤ ᠠᠰᠬᠠᠵᠤ᠂ ᠮᠢᠬ᠎ᠠ ᠶᠢ ᠨᠢ ᠴᠢ ᠢᠳᠡᠵᠦ ᠪᠣᠯᠣᠨ᠎ᠠ᠃
28 ᠮᠢᠨᠦ ᠲᠤᠰᠢᠶᠠᠵᠤ ᠪᠤᠢ ᠡᠨᠡ ᠪᠦᠬᠦ ᠦᠭᠡ ᠶᠢ ᠴᠢ ᠬᠢᠴᠢᠶᠡᠩᠭᠦᠢᠯᠡᠨ ᠰᠣᠨᠣᠰ᠃ ᠲᠡᠭᠡᠭᠰᠡᠨ ᠢᠶᠡᠷ ᠴᠢ ᠶᠣᠬᠣᠸᠠ ᠪᠤᠷᠬᠠᠨ ᠤ ᠪᠠᠨ ᠮᠡᠯᠮᠡᠢ ᠳᠦ ᠲᠠᠭᠠᠯᠠᠮᠵᠢᠲᠠᠢ᠂ ᠵᠥᠪ ᠰᠢᠳᠤᠷᠭᠤ ᠵᠦᠢᠯ ᠢ ᠦᠢᠯᠡᠳᠦᠨ ᠴᠢ ᠪᠣᠯᠣᠨ ᠴᠢᠨᠦ ᠳᠠᠷᠠᠭᠠᠬᠢ ᠦᠷ᠎ᠡ ᠤᠳᠤᠮ ᠡᠭᠦᠷᠢᠳᠡ ᠰᠠᠢᠨ ᠰᠠᠢᠬᠠᠨ ᠢ ᠠᠮᠰᠠᠬᠤ ᠪᠣᠯᠲᠤᠭᠠᠢ᠃ 29 ᠴᠢᠨᠦ ᠪᠤᠷᠬᠠᠨ ᠶᠣᠬᠣᠸᠠ ᠴᠢᠨᠦ ᠣᠴᠢᠵᠤ ᠡᠵᠡᠮᠰᠢᠬᠦ ᠭᠠᠵᠠᠷ ᠤᠨ ᠦᠨᠳᠦᠰᠦᠲᠡᠨ ᠨᠦᠭᠦᠳ ᠢ ᠲᠠ ᠨᠠᠷ ᠤᠨ ᠡᠮᠦᠨ᠎ᠡ ᠤᠰᠠᠳᠬᠠᠬᠤ ᠪᠣᠯᠣᠨ᠎ᠠ᠃ ᠬᠠᠷᠢᠨ ᠴᠢ ᠲᠡᠳᠡᠨ ᠦ ᠭᠠᠵᠠᠷ ᠢ ᠡᠵᠡᠮᠰᠢᠵᠦ ᠲᠡᠨᠳᠡ ᠣᠷᠣᠰᠢᠨ ᠰᠠᠭᠤᠬᠤ ᠦᠶ᠎ᠡ ᠳᠡᠭᠡᠨ 30 ᠰᠡᠷᠡᠮᠵᠢ ᠲᠠᠢ ᠪᠠᠢ᠂ ᠴᠢᠨᠦ ᠡᠮᠦᠨ᠎ᠡ ᠲᠡᠳᠡ ᠤᠰᠠᠳᠬᠠᠭᠳᠠᠭᠰᠠᠨ ᠤ ᠬᠣᠢᠨ᠎ᠠ ᠴᠤ ᠲᠡᠳᠡᠨ ᠢ ᠳᠠᠭᠤᠷᠢᠶᠠᠬᠤ ᠭᠡᠵᠦ ᠤᠷᠠᠬᠠᠨ ᠳᠤᠨᠢ ᠤᠷᠤᠭᠤᠵᠠᠢ᠂ 《ᠡᠳᠡᠭᠡᠷ ᠦᠨᠳᠦᠰᠦᠲᠡᠨ ᠪᠤᠷᠬᠠᠳ ᠲᠠᠭᠠᠨ ᠬᠡᠷᠬᠢᠨ ᠦᠢᠯᠡᠴᠢᠯᠡᠵᠦ ᠪᠠᠢᠭᠰᠠᠨ ᠪᠣᠯ︖ ᠪᠢ ᠴᠤ ᠲᠡᠭᠡᠵᠦ ᠦᠵᠡᠶ᠎ᠡ》 ᠬᠡᠮᠡᠨ ᠲᠡᠳᠡᠨ ᠦ ᠪᠤᠷᠬᠠᠳ ᠢ ᠡᠷᠢᠵᠦ ᠬᠠᠢᠭᠤᠵᠠᠢ᠃ 31 ᠴᠢ ᠶᠣᠬᠣᠸᠠ ᠪᠤᠷᠬᠠᠨ ᠳᠠᠭᠠᠨ ᠲᠡᠭᠡᠵᠦ ᠦᠢᠯᠡᠳᠴᠦ ᠪᠣᠯᠬᠤ ᠦᠭᠡᠢ᠃ ᠲᠡᠳᠡ ᠶᠣᠬᠣᠸᠠ ᠶᠢᠨ ᠦᠵᠡᠨ ᠶᠠᠳᠠᠳᠠᠭ ᠶᠠᠩᠵᠤ ᠪᠦᠷᠢ ᠶᠢᠨ ᠵᠢᠭᠰᠢᠭᠦᠷᠢᠲᠦ ᠶᠠᠪᠤᠳᠠᠯ ᠢ ᠪᠤᠷᠬᠠᠳ ᠤᠨ ᠢᠶᠠᠨ ᠲᠥᠯᠥᠭᠡ ᠦᠢᠯᠡᠳᠳᠡᠭ ᠪᠥᠭᠡᠳ ᠪᠤᠷᠬᠠᠳ ᠤᠨ ᠢᠶᠠᠨ ᠲᠥᠯᠥᠭᠡ ᠥᠪᠡᠷᠰᠡᠳ ᠦᠨ ᠢᠶᠠᠨ ᠬᠥᠪᠡᠭᠦᠳ ᠥᠬᠢᠳ ᠢ ᠴᠤ ᠭᠠᠯ ᠳᠤ ᠰᠢᠲᠠᠭᠠᠳᠠᠭ᠃ 32 ᠮᠢᠨᠦ ᠲᠤᠰᠢᠶᠠᠵᠤ ᠪᠤᠢ ᠪᠦᠬᠦᠨ ᠢ ᠲᠠ ᠨᠠᠷ ᠰᠠᠬᠢᠵᠤ ᠪᠡᠶᠡᠯᠡᠭᠦᠯ᠃ ᠲᠡᠭᠦᠨ ᠳᠡᠭᠡᠷ᠎ᠡ ᠪᠦᠦ ᠨᠡᠮᠡ᠂ ᠪᠦᠦ ᠬᠠᠰᠤ᠃