ᠳᠡᠳ᠋ ᠬᠠᠤᠯᠢ ᠬᠣᠷᠢᠨ ᠵᠢᠷᠭᠤᠭ᠎ᠠ
ᠤᠷᠭᠤᠴᠠ ᠶᠢᠨ ᠢᠶᠠᠨ ᠳᠡᠭᠡᠵᠢ ᠶᠢ ᠡᠷᠭᠦᠬᠦ
1 ᠶᠣᠬᠣᠸᠠ ᠪᠤᠷᠬᠠᠨ ᠤ ᠪᠠᠨ ᠴᠢᠮ᠎ᠠ ᠳᠤ ᠥᠪ ᠪᠣᠯᠭᠠᠨ ᠥᠭᠬᠦ ᠭᠠᠵᠠᠷ ᠨᠤᠲᠤᠭ ᠲᠤ ᠣᠷᠣᠵᠤ᠂ ᠲᠡᠭᠦᠨ ᠢ ᠡᠵᠡᠮᠰᠢᠵᠦ ᠲᠡᠨᠳᠡ ᠰᠠᠭᠤᠷᠢᠰᠢᠪᠠᠯ᠂ 2 ᠶᠣᠬᠣᠸᠠ ᠪᠤᠷᠬᠠᠨ ᠠᠴᠠ ᠴᠢᠨᠢ ᠴᠢᠮ᠎ᠠ ᠳᠤ ᠥᠭᠬᠦ ᠲᠡᠷᠡ ᠭᠠᠵᠠᠷ ᠤᠨ ᠬᠥᠷᠥᠰᠥᠨ ᠡᠴᠡ ᠤᠷᠭᠤᠭᠤᠯᠵᠤ ᠠᠪᠤᠭᠰᠠᠨ ᠪᠦᠬᠦ ᠤᠷᠭᠤᠴᠠ ᠶᠢᠨ ᠢᠶᠠᠨ ᠳᠡᠭᠡᠵᠢ ᠡᠴᠡ ᠠᠪᠴᠤ᠂ ᠰᠠᠭᠰᠤᠨ ᠳᠤ ᠬᠢᠭᠡᠳ ᠴᠢᠨᠦ ᠪᠤᠷᠬᠠᠨ ᠶᠣᠬᠣᠸᠠ ᠶᠢᠨ ᠨᠡᠷ᠎ᠡ ᠪᠡᠨ ᠪᠠᠢᠯᠭᠠᠬᠤ ᠪᠠᠷ ᠰᠢᠯᠢᠵᠦ ᠠᠪᠤᠭᠰᠠᠨ ᠲᠡᠷᠡ ᠭᠠᠵᠠᠷ ᠤᠷᠤᠭᠤ ᠠᠪᠠᠴᠢᠵᠤ᠂ 3 ᠲᠤᠬᠠᠢ ᠶᠢᠨ ᠦᠶ᠎ᠡ ᠶᠢᠨ ᠲᠠᠬᠢᠯᠴᠢ ᠤᠷᠤᠭᠤ ᠬᠦᠷᠴᠦ ᠣᠴᠢᠭᠠᠳ᠄ 《〈ᠪᠢᠳᠡᠨ ᠳᠦ ᠥᠭᠭᠥᠨ᠎ᠡ ᠭᠡᠵᠦ ᠪᠢᠳᠡᠨ ᠦ ᠡᠴᠢᠭᠡ ᠡᠪᠦᠭᠡᠳ ᠲᠦ ᠶᠣᠬᠣᠸᠠ ᠶᠢᠨ ᠲᠠᠩ᠋ᠭᠠᠷᠢᠭᠯᠠᠭᠰᠠᠨ ᠲᠡᠷᠡ ᠭᠠᠵᠠᠷ ᠲᠤ ᠬᠦᠷᠴᠦ ᠢᠷᠡᠭᠰᠡᠨ ᠢᠶᠡᠨ ᠪᠢ ᠥᠨᠥᠳᠥᠷ ᠲᠠᠨ ᠤ ᠪᠤᠷᠬᠠᠨ ᠶᠣᠬᠣᠸᠠ ᠳᠤ ᠠᠢᠯᠠᠳᠬᠠᠶ᠎ᠠ〉 ᠭᠡᠵᠦ ᠬᠡᠯᠡ᠃ 4 ᠲᠡᠭᠡᠪᠡᠯ ᠲᠠᠬᠢᠯᠴᠢ ᠭᠠᠷ ᠠᠴᠠ ᠴᠢᠨᠢ ᠨᠥᠭᠥᠭᠡ ᠰᠠᠭᠰᠤ ᠶᠢ ᠠᠪᠤᠭᠠᠳ ᠶᠣᠬᠣᠸᠠ ᠪᠤᠷᠬᠠᠨ ᠤ ᠴᠢᠨᠢ ᠲᠠᠬᠢᠯ ᠤᠨ ᠰᠢᠷᠡᠭᠡᠨ ᠦ ᠡᠮᠦᠨ᠎ᠡ ᠲᠠᠯᠪᠢᠨ᠎ᠠ᠃ 5 ᠴᠢ ᠶᠣᠬᠣᠸᠠ ᠪᠤᠷᠬᠠᠨ ᠤ ᠪᠠᠨ ᠡᠮᠦᠨ᠎ᠡ ᠤᠯᠠᠢᠵᠤ᠄ 〈ᠮᠢᠨᠦ ᠡᠴᠢᠭᠡ ᠡᠪᠦᠭᠡᠳ ᠪᠣᠯ ᠲᠡᠨᠦᠭᠦᠯᠴᠢ ᠠᠷᠠᠮ ᠬᠥᠮᠦᠨ ᠪᠠᠢᠭᠰᠠᠨ᠃ ᠲᠡᠷᠡ ᠴᠥᠭᠡᠨ ᠬᠡᠳᠦᠨ ᠬᠥᠮᠦᠨ ᠳᠠᠭᠠᠭᠤᠯᠤᠨ ᠶᠧᠵᠢᠫᠲ ᠲᠤ ᠣᠴᠢᠵᠤ ᠲᠡᠨᠳᠡ ᠰᠠᠭᠤᠷᠢᠰᠢᠭᠠᠳ ᠲᠡᠨᠳᠡ ᠠᠭᠤᠤ᠂ ᠬᠦᠴᠦᠷᠬᠡᠭ᠂ ᠥᠨᠢᠷ ᠥᠳᠬᠡᠨ ᠦᠨᠳᠦᠰᠦᠲᠡᠨ ᠢ ᠡᠭᠦᠰᠭᠡᠭᠰᠡᠨ ᠪᠢᠯᠡ᠃ 6 ᠬᠠᠷᠢᠨ ᠶᠧᠵᠢᠫᠲ᠋ᠴᠦᠳ ᠪᠢᠳᠡᠨ ᠢ ᠬᠠᠷᠭᠢᠰᠯᠠᠨ ᠵᠣᠪᠠᠭᠠᠵᠤ᠂ ᠬᠦᠨᠳᠦ ᠠᠵᠢᠯ ᠥᠭᠭᠥᠭᠰᠡᠨ᠃ 7 ᠪᠢᠳᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠬᠠᠨᠳᠤᠨ ᠬᠠᠰᠬᠢᠷᠤᠭᠰᠠᠨ ᠳᠤ᠂ ᠶᠣᠬᠣᠸᠠ ᠪᠢᠳᠡᠨ ᠦ ᠳᠠᠭᠤ ᠶᠢ ᠰᠣᠨᠣᠰᠣᠨ᠂ ᠪᠢᠳᠡᠨ ᠦ ᠵᠣᠪᠠᠯᠠᠩ᠂ ᠵᠦᠳᠡᠭᠦᠷᠢ᠂ ᠳᠠᠷᠤᠮᠲᠠ ᠶᠢ ᠦᠵᠡᠭᠡᠳ 8 ᠬᠦᠴᠦᠷᠬᠡᠭ ᠭᠠᠷ᠂ ᠰᠤᠩ᠋ᠭᠠᠭᠰᠠᠨ ᠮᠤᠲᠤᠷ ᠢᠶᠠᠷ ᠢᠶᠠᠨ᠂ ᠠᠤᠭ᠎ᠠ ᠶᠡᠬᠡ ᠰᠦᠷ ᠬᠦᠴᠦᠲᠦ ᠲᠡᠮᠳᠡᠭ ᠤᠳ ᠪᠣᠯᠣᠨ ᠭᠠᠢᠬᠠᠮᠰᠢᠭ ᠤᠳ ᠢᠶᠠᠷ ᠢᠶᠠᠨ ᠪᠢᠳᠡᠨ ᠢ ᠶᠧᠵᠢᠫᠲ ᠡᠴᠡ ᠭᠠᠷᠭᠠᠨ ᠠᠪᠴᠤ᠂ 9 ᠡᠨᠡ ᠭᠠᠵᠠᠷ ᠲᠤ ᠠᠪᠴᠢᠷᠠᠭᠠᠳ ᠰᠦ᠋ ᠪᠠᠯ ᠤᠷᠤᠰᠤᠭᠰᠠᠨ ᠡᠨᠡ ᠨᠤᠲᠤᠭ ᠢ ᠪᠢᠳᠡᠨ ᠳᠦ ᠰᠣᠶᠣᠷᠬᠠᠭᠰᠠᠨ᠃ 10 ᠥ᠂ ᠶᠣᠬᠣᠸᠠ ᠲᠠ ᠪᠤᠯᠭᠤᠭᠠᠨ ᠦᠵᠡᠨ᠎ᠡ ᠤᠤ︖ ᠲᠡᠢᠨ ᠬᠦ ᠲᠠᠨ ᠤ ᠰᠣᠶᠣᠷᠬᠠᠭᠰᠠᠨ ᠨᠤᠲᠤᠭ ᠤᠨ ᠤᠷᠭᠤᠴᠠ ᠶᠢᠨ ᠢᠶᠠᠨ ᠳᠡᠭᠡᠵᠢ ᠶᠢ ᠪᠢ ᠡ᠊ᠨᠳᠡ ᠠᠪᠴᠢᠷᠠᠯ᠎ᠠ〉 ᠭᠡᠵᠦ ᠬᠡᠯᠡ᠃ ᠲᠡᠭᠡᠭᠡᠳ ᠴᠢ ᠡᠷᠭᠦᠯ ᠢᠶᠡᠨ ᠶᠣᠬᠣᠸᠠ ᠪᠤᠷᠬᠠᠨ ᠤ ᠪᠠᠨ ᠡᠮᠦᠨ᠎ᠡ ᠲᠠᠯᠪᠢᠵᠤ᠂ ᠶᠣᠬᠣᠸᠠ ᠪᠤᠷᠬᠠᠨ ᠤ ᠪᠠᠨ ᠡᠮᠦᠨ᠎ᠡ ᠮᠥᠷᠭᠥᠭᠰᠡᠨ ᠦ ᠳᠠᠷᠠᠭ᠎ᠠ᠂ 11 ᠶᠣᠬᠣᠸᠠ ᠪᠤᠷᠬᠠᠨ ᠠᠴᠠ ᠴᠢᠨᠢ ᠴᠢᠮ᠎ᠠ ᠳᠤ ᠪᠣᠯᠣᠨ ᠴᠢᠨᠦ ᠭᠡᠷ ᠪᠦᠯᠢ ᠶᠢᠨ ᠬᠢᠨ ᠳᠤ ᠰᠣᠶᠣᠷᠬᠠᠭᠰᠠᠨ ᠠᠯᠢᠪᠠ ᠰᠠᠢᠨ ᠰᠠᠢᠬᠠᠨ ᠵᠦᠢᠯ ᠤᠨ ᠤᠯᠠᠮ ᠢᠶᠠᠷ ᠴᠢ ᠯᠧᠸᠢᠴᠦᠳ ᠲᠡᠢ ᠬᠠᠮᠲᠤ᠂ ᠮᠥᠨ ᠥᠪᠡᠷᠰᠡᠳ ᠦᠨ ᠴᠢᠨᠢ ᠳᠤᠮᠳᠠ ᠪᠠᠢᠭ᠎ᠠ ᠬᠠᠷᠢ ᠶᠢᠨ ᠬᠢᠨ ᠲᠠᠢ ᠪᠠᠨ ᠬᠠᠮᠲᠤ ᠪᠠᠶᠠᠰᠤᠭᠲᠤᠨ᠃
ᠭᠤᠷᠪᠠᠨ ᠵᠢᠯ ᠪᠣᠯᠭᠠᠨ ᠤ ᠠᠷᠪᠠᠨ ᠤ ᠨᠢᠭᠡ ᠶᠢᠨ ᠡᠷᠭᠦᠯ
12 ᠭᠤᠷᠪᠠᠨ ᠵᠢᠯ ᠲᠤᠲᠤᠮ᠂ ᠲᠤᠬᠠᠢᠯᠠᠪᠠᠯ ᠠᠷᠪᠠᠨ ᠤ ᠨᠢᠭᠡ ᠶᠢ ᠡᠷᠭᠦᠬᠦ ᠵᠢᠯ ᠪᠣᠯᠬᠤ ᠳᠤ᠂ ᠪᠦᠬᠦ ᠤᠷᠭᠤᠴᠠ ᠶᠢᠨ ᠢᠶᠠᠨ ᠪᠦᠲᠦᠨ ᠠᠷᠪᠠᠨ ᠤ ᠨᠢᠭᠡ ᠶᠢ ᠲᠤᠰᠠᠭᠠᠷᠯᠠᠨ ᠠᠪᠴᠤ᠂ ᠲᠡᠭᠦᠨ ᠢ ᠪᠠᠨ ᠯᠧᠸᠢᠴᠦᠳ᠂ ᠬᠠᠷᠢ ᠶᠢᠨ ᠬᠢᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠳᠦ ᠥᠭᠭᠥᠭᠡᠳ ᠲᠡᠨᠳᠡ ᠪᠡᠨ ᠴᠠᠳᠲᠠᠯ᠎ᠠ ᠨᠢ ᠢᠳᠡᠭᠦᠯ᠃ 13 ᠲᠡᠭᠡᠭᠡᠳ ᠴᠢ ᠶᠣᠬᠣᠸᠠ ᠪᠤᠷᠬᠠᠨ ᠤ ᠪᠠᠨ ᠡᠮᠦᠨ᠎ᠡ᠄ 〈ᠪᠢ ᠠᠷᠢᠭᠤᠨ ᠬᠤᠪᠢ ᠶᠢ ᠭᠡᠷ ᠡᠴᠡ ᠪᠡᠨ ᠬᠠᠮᠤᠵᠤ ᠠᠪᠤᠭᠠᠳ ᠲᠠᠨ ᠤ ᠨᠠᠳᠠ ᠳᠤ ᠲᠤᠰᠢᠶᠠᠭᠰᠠᠨ ᠪᠦᠬᠦ ᠲᠤᠰᠢᠶᠠᠯ ᠤᠨ ᠳᠠᠭᠠᠤ ᠯᠧᠸᠢᠴᠦᠳ᠂ ᠬᠠᠷᠢ ᠶᠢᠨ ᠬᠢᠨ᠂ ᠥᠨᠥᠴᠢᠨ ᠬᠡᠦᠬᠡᠳ᠂ ᠪᠡᠯᠪᠡᠰᠦᠨ ᠬᠥᠮᠦᠰ ᠲᠦ ᠲᠦᠭᠡᠭᠡᠭᠰᠡᠨ᠃ ᠪᠢ ᠲᠠᠨ ᠤ ᠲᠤᠰᠢᠶᠠᠯ ᠢ ᠵᠥᠷᠢᠴᠡᠭᠡ ᠦᠭᠡᠢ᠂ ᠮᠠᠷᠲᠠᠭ᠎ᠠ ᠦᠭᠡᠢ᠃ 14 ᠪᠢ ᠲᠡᠭᠦᠨ ᠡᠴᠡ ᠭᠠᠰᠢᠭᠤᠳᠠᠯ ᠤᠨ ᠦᠶ᠎ᠡ ᠳᠦ ᠢᠳᠡᠭᠡ ᠦᠭᠡᠢ᠂ ᠪᠤᠵᠠᠷᠲᠤᠭᠰᠠᠨ ᠦᠶ᠎ᠡ ᠳᠦ ᠲᠡᠭᠦᠨ ᠳᠦ ᠬᠦᠷᠦᠭᠡ ᠦᠭᠡᠢ᠂ ᠦᠬᠦᠭᠰᠡᠳ ᠲᠦ ᠡᠷᠭᠦᠭᠡ ᠦᠭᠡᠢ᠃ ᠬᠠᠷᠢᠨ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠰᠣᠨᠣᠰᠣᠨ ᠳᠠᠭᠠᠵᠤ᠂ ᠲᠠᠨ ᠤ ᠨᠠᠳᠠ ᠳᠤ ᠲᠤᠰᠢᠶᠠᠭᠰᠠᠨ ᠪᠦᠭᠦᠳᠡ ᠶᠢ ᠪᠡᠶᠡᠯᠡᠭᠦᠯᠦᠭᠰᠡᠨ᠃ 15 ᠲᠠ ᠲᠩᠷᠢ ᠶᠢᠨ ᠠᠷᠢᠭᠤᠨ ᠰᠠᠭᠤᠴᠠ ᠠᠴᠠ ᠪᠠᠨ ᠳᠣᠭᠣᠭᠰᠢ ᠬᠠᠷᠠᠵᠤ᠂ ᠥᠪᠡᠷ ᠦᠨ ᠠᠷᠠᠳ ᠲᠦᠮᠡᠨ ᠢᠰᠷᠧᠯ ᠢ᠂ ᠮᠥᠨ ᠮᠠᠨ ᠤ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠶᠣᠰᠣᠭᠠᠷ ᠢᠶᠠᠨ ᠪᠢᠳᠡᠨ ᠳᠦ ᠰᠣᠶᠣᠷᠬᠠᠭᠰᠠᠨ ᠲᠡᠷᠡ ᠨᠤᠲᠤᠭ᠂ ᠰᠦ᠋ ᠪᠠᠯ ᠤᠷᠤᠰᠤᠭᠰᠠᠨ ᠨᠤᠲᠤᠭ ᠢ ᠮᠢᠨᠢ ᠢᠷᠥᠭᠡᠭᠡᠴᠢ〉 ᠭᠡᠭᠡᠷᠡᠢ᠃
ᠭᠡᠷ᠎ᠡ ᠶᠢᠨ ᠲᠣᠪᠴᠢᠯᠠᠯ
16 ᠥᠨᠥᠳᠥᠷ ᠴᠢᠨᠦ ᠪᠤᠷᠬᠠᠨ ᠶᠣᠬᠣᠸᠠ ᠡᠳᠡᠭᠡᠷ ᠬᠠᠤᠯᠢ ᠵᠢᠭᠠᠪᠤᠷᠢ ᠶᠢ ᠪᠡᠶᠡᠯᠡᠭᠦᠯᠬᠦ ᠶᠢ ᠴᠢᠮ᠎ᠠ ᠳᠤ ᠲᠤᠰᠢᠶᠠᠵᠤ ᠪᠠᠢᠨ᠎ᠠ᠃ ᠡᠳᠡᠭᠡᠷ ᠢ ᠴᠢ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠰᠠᠬᠢᠵᠤ ᠪᠡᠶᠡᠯᠡᠭᠦᠯ᠃ 17 ᠥᠨᠥᠳᠥᠷ ᠴᠢ ᠶᠣᠬᠣᠸᠠ ᠶᠢ ᠥᠪᠡᠷ ᠦᠨ ᠢᠶᠠᠨ ᠪᠤᠷᠬᠠᠨ ᠬᠡᠮᠡᠨ ᠲᠤᠩ᠋ᠬᠠᠭᠯᠠᠭᠰᠠᠨ᠂ ᠮᠥᠨ ᠲᠡᠭᠦᠨ ᠦ ᠵᠠᠮ ᠢᠶᠠᠷ ᠶᠠᠪᠤᠵᠤ ᠲᠡᠭᠦᠨ ᠦ ᠲᠣᠭᠲᠠᠭᠠᠯ᠂ ᠲᠤᠰᠢᠶᠠᠯ ᠪᠣᠯᠣᠨ ᠵᠢᠷᠤᠮ ᠢ ᠰᠠᠬᠢᠵᠤ᠂ ᠳᠠᠭᠤ ᠬᠣᠭᠣᠯᠠᠢ ᠶᠢ ᠨᠢ ᠰᠣᠨᠣᠰᠬᠤ ᠪᠠᠨ ᠠᠮᠠᠯᠠᠭᠰᠠᠨ᠃ 18 ᠥᠨᠥᠳᠥᠷ ᠶᠣᠬᠣᠸᠠ ᠴᠤ ᠠᠮᠠᠯᠠᠭᠰᠠᠨ ᠶᠣᠰᠣᠭᠠᠷ ᠢᠶᠠᠨ ᠴᠢᠮᠠᠶᠢ ᠥᠪᠡᠷ ᠦᠨ ᠢᠶᠠᠨ ᠠᠷᠠᠳ ᠲᠦᠮᠡᠨ᠂ ᠥᠪᠡᠷ ᠦᠨ ᠢᠶᠠᠨ ᠨᠠᠨᠳᠢᠨ ᠥᠪ ᠪᠣᠯᠭᠠᠵᠤ᠂ ᠥᠪᠡᠷ ᠦᠨ ᠢᠶᠠᠨ ᠪᠦᠬᠦ ᠲᠤᠰᠢᠶᠠᠯ ᠢ ᠰᠠᠬᠢᠭᠤᠯᠤᠨ 19 ᠮᠥᠨ ᠥᠪᠡᠷ ᠦᠨ ᠢᠶᠠᠨ ᠪᠦᠲᠦᠭᠡᠭᠰᠡᠨ ᠬᠠᠮᠤᠭ ᠦᠨᠳᠦᠰᠦᠲᠡᠨ ᠦ ᠳᠡᠭᠡᠭᠦᠷ ᠮᠠᠭᠲᠠᠭᠠᠯ᠂ ᠠᠯᠳᠠᠷ᠂ ᠵᠢᠪᠬᠤᠯᠠᠩ ᠢᠶᠠᠷ ᠴᠢᠮᠠᠶᠢ ᠡᠷᠭᠦᠵᠦ᠂ ᠠᠢᠯᠠᠳᠤᠭᠰᠠᠨ ᠶᠣᠰᠣᠭᠠᠷ ᠢᠶᠠᠨ ᠴᠢᠮᠠᠶᠢ ᠶᠣᠬᠣᠸᠠ ᠪᠤᠷᠬᠠᠨ ᠤ ᠠᠷᠢᠭᠤᠨ ᠠᠷᠠᠳ ᠲᠦᠮᠡᠨ ᠪᠣᠯᠭᠠᠬᠤ ᠪᠠᠷ ᠲᠤᠩ᠋ᠬᠠᠭᠯᠠᠭᠰᠠᠨ》 ᠭᠡᠪᠡ᠃