ᠳᠡᠳ᠋ ᠬᠠᠤᠯᠢ ᠭᠤᠷᠪᠠ
ᠪᠠᠱᠠᠨ ᠤ ᠬᠠᠭᠠᠨ ᠣᠭ ᠢ ᠪᠤᠲᠠ ᠴᠣᠬᠢᠪᠠ
1 ᠪᠢᠳᠡ ᠡᠷᠭᠢᠨ᠂ ᠪᠠᠱᠠᠨ ᠤ ᠵᠠᠮ ᠢᠶᠠᠷ ᠥᠭᠰᠥᠵᠦ ᠪᠠᠢᠬᠤ ᠳᠤ᠂ ᠪᠠᠱᠠᠨ ᠤ ᠬᠠᠭᠠᠨ ᠣᠭ ᠪᠦᠬᠦ ᠠᠷᠠᠳ ᠲᠦᠮᠡᠨ ᠢᠶᠡᠨ ᠳᠠᠭᠠᠭᠤᠯᠤᠨ ᠡᠳ᠋ᠷᠧᠢ ᠳᠤ ᠲᠤᠯᠤᠯᠳᠤᠬᠤ ᠪᠠᠷ ᠪᠢᠳᠡᠨ ᠤᠷᠤᠭᠤ ᠳᠠᠭᠠᠷᠢᠨ ᠢᠷᠡᠪᠡ᠃ 2 ᠶᠣᠬᠣᠸᠠ ᠨᠠᠳᠠ ᠳᠤ ᠠᠢᠯᠠᠳᠤᠨ᠄ 《ᠲᠡᠭᠦᠨ ᠡᠴᠡ ᠪᠦᠦ ᠠᠶᠤ᠃ ᠪᠢ ᠲᠡᠭᠦᠨ ᠢ ᠪᠦᠬᠦ ᠠᠷᠠᠳ ᠲᠦᠮᠡᠨ᠂ ᠭᠠᠵᠠᠷ ᠨᠤᠲᠤᠭ ᠲᠠᠢ ᠨᠢ ᠴᠢᠨᠦ ᠭᠠᠷ ᠲᠤ ᠲᠤᠰᠢᠶᠠᠭᠰᠠᠨ᠃ ᠴᠢ ᠾᠧᠱᠪᠣᠨ ᠳᠤ ᠰᠠᠭᠤᠵᠤ ᠪᠠᠢᠭᠰᠠᠨ ᠠᠮᠣᠷᠢ ᠶᠢᠨ ᠬᠠᠭᠠᠨ ᠰᠢᠬᠣᠨ ᠳᠤ ᠬᠢᠭᠰᠡᠨ ᠦ ᠪᠠᠨ ᠠᠳᠠᠯᠢ ᠲᠡᠭᠦᠨ ᠳᠦ ᠬᠢᠬᠦ ᠪᠣᠯᠣᠨ᠎ᠠ》 ᠭᠡᠯᠡ᠃ 3 ᠪᠢᠳᠡᠨ ᠦ ᠪᠤᠷᠬᠠᠨ ᠶᠣᠬᠣᠸᠠ ᠪᠠᠱᠠᠨ ᠤ ᠬᠠᠭᠠᠨ ᠣᠭ ᠢ ᠴᠤ ᠪᠦᠬᠦ ᠠᠷᠠᠳ ᠲᠦᠮᠡᠨ ᠲᠡᠢ ᠨᠢ ᠪᠢᠳᠡᠨ ᠦ ᠭᠠᠷ ᠲᠤ ᠲᠤᠰᠢᠶᠠᠭᠰᠠᠨ ᠳᠤ᠂ ᠪᠢᠳᠡ ᠨᠢᠭᠡ ᠶᠢ ᠨᠢ ᠴᠤ ᠦᠯᠡᠳᠡᠭᠡᠯ ᠦᠭᠡᠢ ᠲᠡᠳᠡᠨ ᠢ ᠪᠤᠲᠠ ᠴᠣᠬᠢᠪᠠ᠃ 4 ᠪᠢᠳᠡ ᠲᠡᠷᠡ ᠦᠶ᠎ᠡ ᠳᠦ ᠲᠡᠭᠦᠨ ᠦ ᠪᠦᠬᠦ ᠬᠣᠲᠠ ᠶᠢ ᠡᠵᠡᠯᠡᠨ ᠠᠪᠤᠭᠰᠠᠨ ᠪᠢᠯᠡ᠃ ᠪᠠᠱᠠᠨ ᠤ ᠬᠠᠭᠠᠨ ᠤᠭ ᠤᠨ ᠵᠠᠬᠢᠷᠴᠤ ᠪᠠᠢᠭᠰᠠᠨ ᠠᠷᠭᠣᠪ ᠤᠨ ᠪᠦᠬᠦ ᠨᠤᠲᠤᠭ ᠳᠡᠪᠢᠰᠬᠡᠷ ᠳᠠᠬᠢ ᠵᠢᠷᠠᠨ ᠬᠣᠲᠠ ᠠᠴᠠ ᠪᠢᠳᠡᠨ ᠦ ᠡᠵᠡᠯᠡᠭᠡ ᠦᠭᠡᠢ ᠬᠣᠲᠠ ᠪᠠᠢᠬᠤ ᠦᠭᠡᠢ᠃ 5 ᠲᠡᠳᠡᠭᠡᠷ ᠬᠣᠲᠠ ᠨᠢ ᠪᠦᠭᠦᠳᠡ ᠥᠨᠳᠥᠷ ᠬᠡᠷᠡᠮ᠂ ᠲᠣᠮᠣ ᠬᠠᠭᠠᠯᠭ᠎ᠠ᠂ ᠬᠠᠭᠠᠯᠲᠠ ᠨᠤᠭᠤᠳ ᠢᠶᠠᠷ ᠪᠡᠬᠢᠯᠡᠭᠳᠡᠭᠰᠡᠨ ᠪᠠᠢᠪᠠ᠃ ᠲᠡᠭᠦᠨ ᠡᠴᠡ ᠭᠠᠳᠠᠨ᠎ᠠ ᠬᠡᠷᠡᠮ ᠦᠭᠡᠢ ᠲᠣᠰᠬᠣᠳ ᠴᠤ ᠮᠠᠰᠢ ᠣᠯᠠᠨ ᠪᠠᠢᠵᠠᠢ᠃ 6 ᠪᠢᠳᠡ ᠾᠧᠱᠪᠣᠨ ᠤ ᠬᠠᠭᠠᠨ ᠰᠢᠬᠣᠨ ᠳᠤ ᠬᠢᠭᠰᠡᠨ ᠰᠢᠭ ᠢᠶᠠᠨ ᠲᠡᠳᠡᠭᠡᠷ ᠬᠣᠲᠠ ᠶᠢ ᠤᠰᠠᠳᠬᠠᠨ᠂ ᠬᠣᠲᠠ ᠪᠣᠯᠭᠠᠨ ᠤ ᠡᠷᠡᠭᠲᠡᠢ ᠡᠮᠡᠭᠲᠡᠢ᠂ ᠬᠡᠦᠬᠡᠳ ᠨᠢᠯᠬᠠᠰ ᠢ ᠢᠯᠭᠠᠯ ᠦᠭᠡᠢ ᠬᠦᠢᠰᠦ ᠲᠡᠮᠲᠡᠷᠢᠪᠡ᠃ 7 ᠬᠠᠷᠢᠨ ᠪᠢᠳᠡ ᠬᠣᠲᠠ ᠨᠤᠭᠤᠳ ᠠᠴᠠ ᠣᠯᠣᠭᠰᠠᠨ ᠪᠦᠬᠦ ᠮᠠᠯ ᠰᠦᠷᠦᠭ ᠪᠣᠯᠣᠨ ᠡᠳ᠋ ᠶᠠᠭᠤᠮᠠᠰ ᠢ ᠨᠢ ᠣᠯᠵᠠ ᠪᠣᠯᠭᠠᠨ ᠥᠪᠡᠷᠰᠡᠳ ᠲᠡᠭᠡᠨ ᠠᠪᠤᠭᠰᠠᠨ᠃
8 ᠢᠩᠭᠢᠵᠦ ᠪᠢᠳᠡ ᠠᠮᠣᠷᠢᠴᠤᠳ ᠤᠨ ᠬᠣᠶᠠᠷ ᠬᠠᠭᠠᠨ ᠤ ᠭᠠᠷ ᠠᠴᠠ ᠶᠣᠷᠳᠠᠨ ᠤ ᠵᠡᠭᠦᠨ ᠲᠠᠯ᠎ᠠ ᠶᠢᠨ ᠠᠷᠨᠣᠨ ᠤ ᠬᠥᠨᠳᠡᠢ ᠡᠴᠡ ᠾᠧᠷᠮᠣᠨ ᠠᠭᠤᠯᠠ ᠬᠦᠷᠲᠡᠯᠡᠬᠢ ᠭᠠᠵᠠᠷ ᠢ ᠡᠵᠡᠯᠡᠵᠦ ᠠᠪᠤᠭᠰᠠᠨ᠃ 9 (ᠾᠧᠷᠮᠣᠨ ᠠᠭᠤᠯᠠ ᠶᠢ ᠰᠢᠢᠳᠣᠨᠴᠤᠳ ᠰᠢᠷᠢᠶᠣᠨ ᠭᠡᠵᠦ᠂ ᠠᠮᠣᠷᠢᠴᠤᠳ ᠰᠧᠨᠢᠷ ᠭᠡᠵᠦ ᠨᠡᠷᠡᠯᠡᠳᠡᠭ᠃) 10 ᠮᠥᠨ ᠲᠡᠭᠰᠢ ᠲᠠᠯ᠎ᠠ ᠳᠠᠬᠢ ᠪᠦᠬᠦ ᠲᠣᠰᠬᠣᠨ᠂ ᠪᠦᠬᠦ ᠭᠢᠯᠧᠶᠠᠳ᠋᠂ ᠪᠠᠱᠠᠨ ᠤ ᠬᠠᠭᠠᠨ ᠣᠭ ᠤᠨ ᠵᠠᠬᠢᠷᠴᠤ ᠪᠠᠢᠭᠰᠠᠨ ᠰᠠᠯᠧᠺᠠ᠂ ᠡᠳ᠋ᠷᠧᠢ ᠲᠣᠰᠬᠣᠨ ᠬᠦᠷᠲᠡᠯᠡᠬᠢ ᠪᠦᠬᠦ ᠪᠠᠱᠠᠨ ᠢ ᠪᠢᠳᠡ ᠡᠵᠡᠯᠡᠭᠰᠡᠨ ᠪᠢᠯᠡ᠃ 11 (ᠠᠪᠤᠷᠭᠤ ᠪᠡᠶᠡᠲᠦ ᠬᠥᠮᠦᠰ ᠡᠴᠡ ᠵᠥᠪᠬᠡᠨ ᠪᠠᠱᠠᠨ ᠤ ᠬᠠᠭᠠᠨ ᠣᠭ ᠯᠠ ᠦᠯᠡᠳᠡᠵᠡᠢ᠃ ᠲᠡᠭᠦᠨ ᠦ ᠲᠡᠮᠦᠷ ᠢᠶᠡᠷ ᠬᠢᠭᠰᠡᠨ ᠣᠷᠣ ᠨᠢ ᠣᠳᠣ ᠴᠤ ᠠᠮᠣᠨᠴᠤᠳ ᠤᠨ ᠰᠠᠭᠤᠳᠠᠭ ᠷᠠᠪᠠ ᠳᠤ ᠪᠤᠢ︕ ᠡᠩ ᠦᠨ ᠬᠥᠮᠦᠨ ᠦ ᠲᠣᠬᠣᠢ ᠪᠠᠷ ᠶᠢᠰᠦᠨ ᠲᠣᠬᠣᠢ ᠤᠷᠲᠤ᠂ ᠳᠥᠷᠪᠡᠨ ᠲᠣᠬᠣᠢ ᠥᠷᠭᠡᠨ ᠪᠠᠢᠵᠠᠢ᠃)
ᠶᠣᠷᠳᠠᠨ ᠤ ᠵᠡᠭᠦᠨ ᠲᠠᠯ᠎ᠠ ᠶᠢᠨ ᠨᠤᠲᠤᠭ ᠢ ᠬᠤᠪᠢᠶᠠᠪᠠ
12 ᠡᠨᠡ ᠭᠠᠵᠠᠷ ᠢ ᠪᠢᠳᠡ ᠲᠡᠷᠡ ᠦᠶ᠎ᠡ ᠳᠦ ᠡᠵᠡᠯᠡᠨ ᠠᠪᠤᠭᠰᠠᠨ ᠪᠢᠯᠡ᠃ ᠪᠢ ᠷᠧᠣᠪᠧᠨ ᠪᠣᠯᠣᠨ ᠭᠠᠳ᠋ ᠣᠪᠣᠭ ᠤᠨ ᠬᠢᠨ ᠳᠤ ᠠᠷᠨᠣᠨ ᠤ ᠬᠥᠨᠳᠡᠢ ᠶᠢᠨ ᠠᠳᠠᠭ ᠲᠤ ᠪᠤᠢ ᠠᠷᠣᠶᠧᠷ ᠤᠨ ᠴᠠᠭᠠᠲᠤ ᠲᠠᠯ᠎ᠠ ᠶᠢᠨ ᠭᠠᠵᠠᠷ ᠪᠣᠯᠣᠨ ᠭᠢᠯᠧᠶᠠᠳ᠋ ᠤᠨ ᠠᠭᠤᠯᠠᠷᠬᠠᠭ ᠨᠤᠲᠤᠭ ᠤᠨ ᠬᠠᠭᠠᠰ ᠢ ᠬᠣᠲᠠ ᠨᠤᠭᠤᠳ ᠤᠨ ᠬᠢᠨᠢ ᠬᠠᠮᠲᠤ ᠥᠭᠴᠦ᠂ 13 ᠮᠠᠨᠠᠰᠧ ᠣᠪᠣᠭ ᠤᠨ ᠬᠢᠨ ᠤ ᠬᠠᠭᠠᠰ ᠲᠤ ᠭᠢᠯᠧᠶᠠᠳ᠋ ᠤᠨ ᠦᠯᠡᠳᠡᠭᠰᠡᠨ ᠭᠠᠵᠠᠷ ᠨᠤᠲᠤᠭ ᠬᠢᠭᠡᠳ ᠣᠭ ᠬᠠᠭᠠᠨ ᠤ ᠵᠠᠬᠢᠷᠴᠤ ᠪᠠᠢᠭᠰᠠᠨ ᠪᠦᠬᠦ ᠪᠠᠱᠠᠨ ᠢ ᠥᠭᠭᠥᠭᠰᠡᠨ᠃ (ᠪᠠᠱᠠᠨ ᠳᠠᠬᠢ ᠠᠷᠭᠣᠪ ᠤᠨ ᠪᠦᠬᠦ ᠨᠤᠲᠤᠭ ᠨᠢ ᠠᠪᠤᠷᠭᠤ ᠪᠡᠶᠡᠲᠡᠨ ᠦ ᠨᠤᠲᠤᠭ ᠬᠡᠮᠡᠨ ᠨᠡᠷᠡᠯᠡᠭᠳᠡᠵᠦ ᠪᠠᠢᠪᠠ᠃ 14 ᠮᠠᠨᠠᠰᠧ ᠶᠢᠨ ᠤᠳᠤᠮ ᠶᠠᠢᠷ ᠭᠧᠱᠦ᠋ᠷᠴᠦᠳ ᠪᠣᠯᠣᠨ ᠮᠠᠺᠠᠲ᠋ᠴᠤᠳ ᠤᠨ ᠬᠢᠯᠢ ᠬᠦᠷᠲᠡᠯᠡᠬᠢ ᠠᠷᠭᠣᠪ ᠤᠨ ᠪᠦᠬᠦ ᠨᠤᠲᠤᠭ ᠢ ᠠᠪᠴᠤ᠂ ᠡᠭᠦᠨ ᠢ ᠥᠪᠡᠷ ᠦᠨ ᠢᠶᠠᠨ ᠨᠡᠷ᠎ᠡ ᠪᠡᠷ ᠨᠡᠷᠡᠯᠡᠭᠰᠡᠨ ᠪᠣᠯᠬᠣᠷ ᠪᠠᠱᠠᠨ ᠨᠢ ᠣᠳᠣ ᠬᠦᠷᠲᠡᠯ᠎ᠡ ᠬᠠᠸᠣᠲ ᠶᠠᠢᠷ 1 ᠭᠡᠭᠳᠡᠳᠡᠭ ᠶᠤᠮ᠃) 15 ᠪᠢ ᠭᠢᠯᠧᠶᠠᠳ᠋ ᠢ ᠮᠠᠺᠢᠷ ᠲᠤ ᠥᠭᠭᠥᠭᠰᠡᠨ ᠪᠢᠯᠡ᠃ 16 ᠬᠠᠷᠢᠨ ᠪᠢ ᠷᠧᠣᠪᠧᠨᠴᠤᠳ ᠪᠣᠯᠣᠨ ᠭᠠᠳ᠋ᠴᠤᠳ ᠲᠤ ᠭᠢᠯᠧᠶᠠᠳ᠋ ᠡᠴᠡ ᠠᠷᠨᠣᠨ ᠤ ᠬᠥᠨᠳᠡᠢ ᠬᠦᠷᠲᠡᠯᠡᠬᠢ ᠭᠠᠵᠠᠷ ᠢ ᠥᠭᠴᠦ᠂ ᠬᠢᠯᠢ ᠶᠢ ᠨᠢ ᠲᠡᠷᠡ ᠬᠥᠨᠳᠡᠢ ᠶᠢᠨ ᠳᠤᠮᠳᠠᠭᠤᠷ ᠲᠣᠭᠲᠠᠭᠠᠨ᠂ ᠠᠮᠣᠨᠴᠤᠳ ᠤᠨ ᠬᠢᠯᠢ ᠪᠣᠯᠬᠤ ᠶᠠᠪᠣᠺ ᠭᠣᠣᠯ ᠢ ᠴᠤ ᠥᠭᠭᠥᠭᠰᠡᠨ᠃ 17 ᠲᠡᠢᠨ ᠬᠦ ᠶᠣᠷᠳᠠᠨ ᠭᠣᠣᠯ ᠪᠣᠯᠣᠨ ᠲᠡᠭᠦᠨ ᠦ ᠬᠥᠨᠳᠡᠢ ᠨᠢ ᠲᠡᠳᠡᠨ ᠦ ᠬᠢᠯᠢ ᠪᠣᠯᠣᠯ᠎ᠠ᠃ ᠲᠡᠷᠡ ᠬᠢᠯᠢ ᠺᠢᠨᠧᠷᠧᠲ ᠡᠴᠡ ᠭᠠᠷᠴᠤ ᠲᠡᠭᠦᠨ ᠦ ᠵᠡᠭᠦᠨ ᠲᠠᠯ᠎ᠠ ᠳᠠᠬᠢ ᠫᠢᠰᠭᠠ ᠠᠭᠤᠯᠠ ᠶᠢᠨ ᠬᠣᠷᠮᠣᠢ ᠪᠠᠷ ᠳᠠᠭᠠᠷᠢᠨ ᠠᠷᠠᠪᠠ ᠶᠢᠨ ᠲᠠᠩᠭᠢᠰ᠂ ᠥᠭᠡᠷ᠎ᠡ ᠪᠡᠷ ᠬᠡᠯᠡᠪᠡᠯ ᠳᠠᠪᠤᠰᠤᠲᠤ ᠲᠠᠩᠭᠢᠰ ᠲᠤ ᠬᠦᠷᠦᠨ᠎ᠡ᠃
18 ᠲᠡᠷᠡ ᠦᠶ᠎ᠡ ᠳᠦ ᠪᠢ ᠲᠠ ᠨᠠᠷ ᠲᠤ ᠲᠤᠰᠢᠶᠠᠨ᠄ 《ᠲᠠᠨ ᠤ ᠪᠤᠷᠬᠠᠨ ᠶᠣᠬᠣᠸᠠ ᠡᠨᠡ ᠭᠠᠵᠠᠷ ᠢ ᠲᠠ ᠨᠠᠷ ᠲᠤ ᠡᠵᠡᠮᠰᠢᠭᠦᠯᠬᠦ ᠪᠡᠷ ᠰᠣᠶᠣᠷᠬᠠᠭᠰᠠᠨ᠃ ᠲᠠ ᠨᠠᠷ ᠤᠨ ᠴᠡᠷᠢᠭ ᠨᠢᠭᠡᠪᠦᠷᠢ ᠵᠡᠪᠰᠡᠭᠯᠡᠭᠡᠳ᠂ ᠠᠬ᠎ᠠ ᠳᠡᠭᠦᠦ ᠢᠰᠷᠧᠯᠴᠦᠳ ᠦᠨ ᠢᠶᠠᠨ ᠲᠦᠷᠦᠭᠦᠨ ᠳᠦ ᠭᠠᠲᠤᠯᠤᠨ ᠶᠠᠪᠤᠬᠤ ᠤᠴᠢᠷᠲᠠᠢ᠃ 19 ᠬᠠᠷᠢᠨ ᠲᠠ ᠨᠠᠷ ᠤᠨ ᠡᠬᠡᠨᠡᠷ ᠬᠡᠦᠬᠡᠳ ᠪᠣᠯᠣᠨ ᠮᠠᠯ ᠰᠦᠷᠦᠭ ᠴᠢᠨᠢ ᠮᠢᠨᠦ ᠲᠠ ᠨᠠᠷ ᠲᠤ ᠥᠭᠭᠥᠭᠰᠡᠨ ᠲᠣᠰᠬᠣᠨ ᠨᠤᠭᠤᠳ ᠲᠤ ᠦᠯᠡᠳᠡᠵᠦ ᠪᠣᠯᠣᠨ᠎ᠠ᠃ ᠲᠠ ᠨᠠᠷ ᠤᠨ ᠮᠠᠯ ᠰᠦᠷᠦᠭ ᠣᠯᠠᠨ ᠭᠡᠳᠡᠭ ᠢ ᠪᠢ ᠮᠡᠳᠡᠨ᠎ᠡ᠃ 20 ᠶᠣᠬᠣᠸᠠ ᠲᠠ ᠨᠠᠷ ᠲᠤ ᠰᠣᠶᠣᠷᠬᠠᠭᠰᠠᠨ ᠰᠢᠭ᠋ ᠢᠶᠠᠨ ᠠᠬ᠎ᠠ ᠳᠡᠭᠦᠦᠰ ᠲᠦ ᠴᠢᠨᠢ ᠠᠮᠠᠷᠠᠯ ᠢ ᠰᠣᠶᠣᠷᠬᠠᠬᠤ ᠬᠦᠷᠲᠡᠯ᠎ᠡ ᠲᠡᠳᠡ ᠲᠡᠨᠳᠡ ᠪᠠᠢᠬᠤ ᠪᠣᠯᠣᠨ᠎ᠠ᠃ ᠶᠣᠷᠳᠠᠨ ᠤ ᠨᠥᠭᠥᠭᠡ ᠲᠠᠯ᠎ᠠ ᠳᠤ᠂ ᠲᠠ ᠨᠠᠷ ᠤᠨ ᠠᠬ᠎ᠠ ᠳᠡᠭᠦᠦᠰ ᠴᠤ ᠲᠠᠨ ᠤ ᠪᠤᠷᠬᠠᠨ ᠶᠣᠬᠣᠸᠠ ᠶᠢᠨ ᠥᠭᠬᠦ ᠭᠡᠵᠦ ᠪᠤᠢ ᠭᠠᠵᠠᠷ ᠢ ᠡᠵᠡᠮᠰᠢᠭᠰᠡᠨ ᠦ ᠳᠠᠷᠠᠭ᠎ᠠ ᠯᠠ ᠲᠠ ᠨᠠᠷ ᠤᠨ ᠬᠥᠮᠦᠨ ᠪᠣᠯᠭᠠᠨ ᠮᠢᠨᠦ ᠥᠭᠭᠥᠭᠰᠡᠨ ᠡᠵᠡᠮᠰᠢᠯ ᠭᠠᠵᠠᠷ ᠲᠠᠭᠠᠨ ᠪᠤᠴᠠᠵᠤ ᠢᠷᠡᠵᠦ ᠪᠣᠯᠣᠨ᠎ᠠ》 ᠭᠡᠰᠡᠨ ᠪᠢᠯᠡ᠃
ᠶᠣᠱᠦ᠋ᠶ᠎ᠠ ᠳᠤ ᠤᠳᠤᠷᠢᠳᠬᠤ ᠡᠷᠬᠡ ᠶᠢ ᠲᠤᠰᠢᠶᠠᠪᠠ
21 ᠲᠡᠷᠡ ᠦᠶ᠎ᠡ ᠳᠦ ᠪᠢ ᠶᠣᠱᠦ᠋ᠶ᠎ᠠ ᠳᠤ ᠲᠤᠰᠢᠶᠠᠨ᠄ 《ᠲᠠᠨ ᠤ ᠪᠤᠷᠬᠠᠨ ᠶᠣᠬᠣᠸᠠ ᠶᠢᠨ ᠡᠨᠡ ᠬᠣᠶᠠᠷ ᠬᠠᠭᠠᠨ ᠳᠤ ᠦᠢᠯᠡᠳᠦᠭᠰᠡᠨ ᠪᠦᠭᠦᠳᠡ ᠶᠢ ᠴᠢ ᠨᠢᠳᠦ ᠪᠡᠷ ᠢᠶᠠᠨ ᠬᠠᠷᠠᠭᠰᠠᠨ᠃ ᠴᠢᠨᠦ ᠭᠠᠲᠤᠯᠤᠨ ᠣᠴᠢᠬᠤ ᠭᠡᠵᠦ ᠪᠤᠢ ᠠᠯᠢᠪᠠ ᠬᠠᠭᠠᠨᠲᠤ ᠭᠦᠷᠦᠨ ᠨᠦᠭᠦᠳ ᠲᠦ ᠴᠤ ᠶᠣᠬᠣᠸᠠ ᠲᠡᠢᠨ ᠬᠦ ᠦᠢᠯᠡᠳᠬᠦ ᠪᠣᠯᠣᠨ᠎ᠠ᠃ 22 ᠲᠡᠳᠡᠨ ᠡᠴᠡ ᠪᠦᠦ ᠠᠶᠤ᠃ ᠲᠠᠨ ᠤ ᠪᠤᠷᠬᠠᠨ ᠶᠣᠬᠣᠸᠠ ᠲᠠ ᠨᠠᠷ ᠤᠨ ᠲᠥᠯᠥᠭᠡ ᠲᠡᠮᠡᠴᠡᠬᠦ ᠪᠣᠯᠣᠨ᠎ᠠ》 ᠭᠡᠰᠡᠨ ᠶᠤᠮ᠃
23 ᠲᠡᠷᠡ ᠦᠶ᠎ᠡ ᠳᠦ ᠪᠢ ᠶᠣᠬᠣᠸᠠ ᠠᠴᠠ ᠭᠤᠶᠤᠨ᠄ 24 《ᠡᠵᠡᠨ ᠶᠣᠬᠣᠸᠠ ᠲᠠ ᠵᠠᠷᠤᠴᠠ ᠳᠠᠭᠠᠨ ᠠᠭᠤᠤ ᠪᠠᠢᠳᠠᠯ ᠢᠶᠠᠨ ᠬᠦᠴᠦᠷᠬᠡᠭ ᠮᠤᠲᠤᠷ ᠢᠶᠠᠷ ᠢᠶᠠᠨ ᠬᠠᠷᠠᠭᠤᠯᠵᠤ ᠡᠬᠢᠯᠡᠭᠰᠡᠨ᠃ ᠲᠠᠨ ᠤ ᠬᠢ ᠰᠢᠭ᠋ ᠡᠢᠮᠦ ᠠᠵᠢᠯ᠂ ᠬᠦᠴᠦᠲᠦ ᠦᠢᠯᠡᠰ ᠢ ᠲᠩᠷᠢ ᠭᠠᠵᠠᠷ ᠳᠠᠬᠢ ᠶᠠᠮᠠᠷ ᠪᠤᠷᠬᠠᠨ ᠬᠢᠵᠦ ᠴᠢᠳᠠᠬᠤ ᠪᠢᠯᠡ︖ 25 ᠪᠢ ᠲᠠᠨ ᠠᠴᠠ ᠭᠤᠶᠤᠶ᠎ᠠ᠃ ᠨᠠᠮᠠᠶᠢ ᠴᠤ ᠭᠠᠲᠤᠯᠤᠭᠤᠯᠵᠤ᠂ ᠶᠣᠷᠳᠠᠨ ᠤ ᠴᠠᠭᠠᠨ᠎ᠠ ᠳᠠᠬᠢ ᠲᠡᠷᠡ ᠰᠠᠢᠬᠠᠨ ᠭᠠᠵᠠᠷ᠂ ᠲᠡᠷᠡ ᠦᠵᠡᠰᠬᠦᠯᠡᠩᠲᠦ ᠠᠭᠤᠯᠠᠰ ᠪᠣᠯᠣᠨ ᠯᠧᠪᠠᠨᠣᠨ ᠢ ᠬᠠᠷᠠᠭᠤᠯᠤᠨ᠎ᠠ ᠤᠤ︖》 ᠭᠡᠰᠡᠨ ᠪᠢᠯᠡ᠃ 26 ᠬᠠᠷᠢᠨ ᠶᠣᠬᠣᠸᠠ ᠲᠠ ᠨᠠᠷ ᠤᠨ ᠤᠯᠠᠮ ᠢᠶᠠᠷ ᠨᠠᠳᠠ ᠳᠤ ᠬᠢᠯᠢᠩᠨᠡᠭᠰᠡᠨ ᠪᠣᠯᠬᠣᠷ ᠮᠢᠨᠦᠬᠢ ᠶᠢ ᠦᠯᠦ ᠰᠣᠨᠣᠰᠣᠨ ᠨᠠᠳᠠ ᠳᠤ᠄ 《ᠣᠳᠣ ᠪᠣᠯᠣᠨ᠎ᠠ᠂ ᠡᠨᠡ ᠤᠴᠢᠷ ᠢ ᠴᠢ ᠨᠠᠳᠠ ᠳᠤ ᠶᠠᠷᠢᠬᠤ ᠪᠠᠨ ᠪᠣᠯᠢ᠂ 27 ᠬᠠᠷᠢᠨ ᠴᠢ ᠫᠢᠰᠭᠠ ᠠᠭᠤᠯᠠ ᠶᠢᠨ ᠣᠷᠣᠢ ᠳᠤ ᠭᠠᠷᠴᠤ᠂ ᠨᠢᠳᠦ ᠪᠡᠨ ᠡᠷᠭᠦᠨ ᠵᠡᠭᠦᠨᠰᠢ ᠪᠠᠷᠠᠭᠤᠨᠰᠢ᠂ ᠡᠮᠦᠨᠡᠰᠢ ᠬᠣᠢᠰᠢ ᠪᠠᠨ ᠪᠠᠷᠠᠯᠠᠵᠤ᠂ ᠲᠡᠷᠡ ᠭᠠᠵᠠᠷ ᠢ ᠥᠪᠡᠷ ᠦᠨ ᠢᠶᠠᠨ ᠨᠢᠳᠦ ᠪᠡᠷ ᠬᠠᠷᠠᠭᠠᠷᠠᠢ᠃ ᠴᠢ ᠡᠨᠡ ᠶᠣᠷᠳᠠᠨ ᠭᠣᠣᠯ ᠢ ᠭᠠᠲᠤᠯᠬᠤ ᠶᠣᠰᠣ ᠦᠭᠡᠢ᠃ 28 ᠬᠠᠷᠢᠨ ᠴᠢ ᠶᠣᠱᠦ᠋ᠶ᠎ᠠ ᠳᠤ ᠲᠤᠰᠢᠶᠠᠯ ᠥᠭᠴᠦ ᠲᠡᠭᠦᠨ ᠢ ᠵᠣᠷᠢᠭᠵᠢᠭᠤᠯᠤᠨ ᠤᠷᠮᠠᠰᠢᠭᠤᠯ᠃ ᠡᠨᠡ ᠠᠷᠠᠳ ᠲᠦᠮᠡᠨ ᠢ ᠤᠳᠤᠷᠢᠳᠤᠨ ᠭᠣᠣᠯ ᠭᠠᠲᠤᠯᠵᠤ᠂ ᠴᠢᠨᠦ ᠬᠠᠷᠠᠬᠤ ᠲᠡᠷᠡ ᠭᠠᠵᠠᠷ ᠢ ᠲᠡᠳᠡᠨ ᠳᠦ ᠥᠪᠯᠡᠭᠦᠯᠬᠦ ᠬᠥᠮᠦᠨ ᠨᠢ ᠲᠡᠷᠡ ᠶᠤᠮ》 ᠭᠡᠰᠡᠨ ᠪᠢᠯᠡ᠃ 29 ᠲᠡᠭᠡᠬᠦ ᠳᠦ ᠪᠢᠳᠡ ᠪᠧᠲ ᠫᠧᠶᠣᠷ 2 ᠤᠨ ᠨᠥᠭᠥᠭᠡ ᠲᠠᠯ᠎ᠠ ᠶᠢᠨ ᠬᠥᠨᠳᠡᠢ ᠳᠦ ᠪᠠᠢᠪᠠ᠃