ᠳᠡᠳ᠋ ᠬᠠᠤᠯᠢ ᠭᠤᠴᠢᠨ ᠭᠤᠷᠪᠠ
ᠮᠣᠰᠧ ᠶᠢᠨ ᠢᠷᠥᠭᠡᠯ
1 ᠪᠤᠷᠬᠠᠨ ᠤ ᠬᠥᠮᠦᠨ ᠮᠣᠰᠧ ᠶᠢᠨ ᠨᠠᠰᠤ ᠪᠠᠷᠠᠬᠤ ᠠᠴᠠ ᠪᠠᠨ ᠡᠮᠦᠨ᠎ᠡ ᠢᠰᠷᠧᠯᠴᠦᠳ ᠢ ᠢᠷᠥᠭᠡᠭᠰᠡᠨ ᠢᠷᠥᠭᠡᠯ ᠡᠨᠡ ᠪᠢᠯᠡ᠄ 2 ᠲᠡᠷᠡ ᠬᠡᠯᠡᠬᠦ ᠳᠡᠭᠡᠨ᠄ 《ᠰᠢᠨᠠᠢ ᠠᠭᠤᠯᠠᠨ ᠠᠴᠠ ᠶᠣᠬᠣᠸᠠ ᠢᠷᠡᠵᠡᠢ ᠰᠧᠷ ᠠᠭᠤᠯᠠᠨ ᠠᠴᠠ ᠪᠢᠳᠡᠨ ᠦ ᠳᠡᠭᠡᠷ᠎ᠡ ᠮᠠᠨᠳᠤᠭᠠᠳ ᠫᠠᠷᠠᠨ ᠠᠭᠤᠯᠠᠨ ᠠᠴᠠ ᠭᠡᠷᠡᠯᠲᠦᠵᠦ ᠠᠷᠢᠭᠤᠨ ᠲᠦᠮᠡᠨ ᠲᠡᠢ ᠬᠠᠮᠲᠤ ᠳᠦᠷᠡᠯᠵᠡᠵᠦ ᠪᠤᠢ ᠭᠠᠯ ᠢᠶᠠᠨ ᠪᠠᠷᠠᠭᠤᠨ ᠭᠠᠷ ᠲᠠᠭᠠᠨ ᠪᠠᠷᠢᠵᠤ ᠢᠷᠡᠯ᠎ᠡ᠃
3 ᠠᠷᠠᠳ ᠲᠦᠮᠡᠨ ᠢᠶᠡᠨ ᠦᠨᠡᠬᠡᠷ ᠬᠠᠢᠷᠠᠯᠠᠭᠴᠢ ᠨᠢ ᠲᠡᠷᠡ ᠠᠷᠢᠭᠤᠨ ᠪᠦᠬᠦᠨ ᠲᠠᠨ ᠤ ᠮᠤᠲᠤᠷ ᠲᠤ ᠪᠤᠢ ᠲᠠᠨ ᠤ ᠬᠥᠯ ᠳᠣᠣᠷ᠎ᠠ ᠲᠡᠳᠡ ᠴᠤᠭᠯᠠᠷᠠᠵᠤ ᠲᠠᠨ ᠤ ᠵᠢᠭᠠᠪᠤᠷᠢ ᠶᠢ ᠬᠦᠯᠢᠶᠡᠨ ᠠᠪᠤᠨ᠎ᠠ᠃
4 ᠪᠢᠳᠡᠨ ᠳᠦ ᠮᠣᠰᠧ ᠶᠢᠨ ᠲᠤᠰᠢᠶᠠᠭᠰᠠᠨ ᠡᠨᠡ ᠬᠠᠤᠯᠢ ᠶᠠᠺᠣᠪ ᠤᠨ ᠴᠢᠭᠤᠯᠭᠠᠨ ᠤ ᠥᠪ ᠡᠵᠡᠮᠰᠢᠯ᠂
5 ᠢᠰᠷᠧᠯ ᠤᠨ ᠪᠦᠬᠦ ᠣᠪᠣᠭ᠂ ᠠᠷᠠᠳ ᠲᠦᠮᠡᠨ ᠦ ᠤᠳᠤᠷᠢᠳᠤᠭᠴᠢᠳ ᠴᠤᠭᠯᠠᠷᠠᠬᠤ ᠳᠤ ᠶᠣᠬᠣᠸᠠ ᠶᠧᠱᠦ᠋ᠷᠣᠨ ᠤ ᠬᠠᠭᠠᠨ ᠪᠣᠯᠵᠠᠢ᠃
6 ᠷᠧᠣᠪᠧᠨ ᠴᠥᠭᠡᠨ ᠬᠥᠮᠦᠨ ᠠᠮᠠ ᠲᠠᠢ ᠪᠠᠢᠯ᠎ᠠ ᠴᠤ ᠦᠬᠦᠬᠦ ᠦᠭᠡᠢ ᠠᠮᠢᠳᠤ ᠪᠠᠢᠬᠤ ᠪᠣᠯᠲᠤᠭᠠᠢ》 ᠭᠡᠪᠡ᠃
7 ᠶᠦᠳᠠ ᠶᠢᠨ ᠲᠤᠬᠠᠢ ᠲᠡᠷᠡ᠄ 《ᠶᠣᠬᠣᠸᠠ ᠡ᠂ ᠶᠦᠳᠠ ᠶᠢᠨ ᠳᠠᠭᠤ ᠬᠣᠭᠣᠯᠠᠢ ᠶᠢ ᠰᠣᠨᠣᠰᠣᠭᠠᠴᠢ ᠲᠡᠭᠦᠨ ᠢ ᠥᠪᠡᠷ ᠦᠨ ᠬᠢᠨᠢ ᠠᠷᠠᠳ ᠲᠦᠮᠡᠨ ᠳᠦ ᠠᠪᠠᠴᠢᠭᠠᠴᠢ ᠲᠡᠷᠡ ᠥᠪᠡᠷ ᠦᠨ ᠢᠶᠠᠨ ᠭᠠᠷ ᠢᠶᠠᠷ ᠥᠪᠡᠷ ᠢ ᠪᠠᠨ ᠬᠠᠮᠠᠭᠠᠯᠠᠬᠤ ᠶᠣᠰᠣᠲᠠᠢ ᠲᠡᠭᠦᠨ ᠢ ᠳᠠᠢᠰᠤᠨ ᠠᠴᠠ ᠨᠢ ᠠᠪᠤᠷᠠᠨ ᠲᠤᠰᠠᠯᠠᠭᠠᠴᠢ》 ᠭᠡᠪᠡ᠃
8 ᠯᠧᠸᠢ ᠶᠢᠨ ᠲᠤᠬᠠᠢ ᠲᠡᠷᠡ᠄ 《ᠲᠠᠨ ᠤ ᠲᠦᠮᠢᠮ᠂ ᠲᠠᠨ ᠤ ᠦᠷᠢᠮ ᠲᠠᠨ ᠳᠤ ᠦᠨᠡᠨᠴᠢ ᠬᠥᠮᠦᠨ ᠦ ᠬᠢ ᠮᠠᠰᠠ ᠳᠤ ᠲᠠ ᠲᠡᠭᠦᠨ ᠢ ᠰᠣᠷᠢᠵᠤ ᠮᠧᠷᠢᠪᠠ ᠶᠢᠨ ᠤᠰᠤᠨ ᠤ ᠳᠡᠷᠭᠡᠳᠡ ᠲᠡᠭᠦᠨ ᠲᠡᠢ ᠮᠠᠷᠭᠤᠯᠳᠤᠭᠰᠠᠨ ᠪᠢᠯᠡ᠃
9 ᠲᠡᠷᠡ ᠡᠴᠢᠭᠡ ᠡᠬᠡ ᠶᠢᠨ ᠢᠶᠠᠨ ᠲᠤᠬᠠᠢ ᠴᠤ᠄ 〈ᠲᠡᠳᠡᠨ ᠢ ᠬᠠᠷᠠᠵᠤ ᠦᠵᠡᠬᠦ ᠦᠭᠡᠢ〉 ᠭᠡᠵᠦ ᠬᠡᠯᠡᠭᠰᠡᠨ ᠲᠡᠷᠡ ᠠᠬ᠎ᠠ ᠳᠡᠭᠦᠦᠰ ᠢᠶᠡᠨ ᠦᠯᠦ ᠣᠢᠰᠢᠶᠠᠵᠤ ᠦᠷ᠎ᠡ ᠬᠡᠦᠬᠡᠳ ᠤᠳ ᠢᠶᠠᠨ ᠦᠯᠦ ᠬᠠᠢᠷᠠᠯᠠᠨ ᠲᠠᠨ ᠤ ᠦᠭᠡ ᠶᠢ ᠯᠠ ᠰᠠᠬᠢᠵᠤ ᠲᠠᠨ ᠤ ᠭᠡᠷ᠎ᠡ ᠶᠢ ᠮᠥᠷᠳᠡᠭᠰᠡᠨ ᠶᠤᠮ᠃
10 ᠲᠡᠷᠡ ᠲᠠᠨ ᠤ ᠵᠠᠷᠯᠢᠭ ᠤᠳ ᠢ ᠶᠠᠺᠣᠪ ᠲᠤ ᠲᠠᠨ ᠤ ᠵᠢᠭᠠᠪᠤᠷᠢ ᠨᠤᠭᠤᠳ ᠢ ᠢᠰᠷᠧᠯ ᠳᠤ ᠰᠤᠷᠭᠠᠵᠤ ᠲᠠᠨ ᠤ ᠡᠮᠦᠨ᠎ᠡ ᠤᠲᠤᠯᠭ᠎ᠠ ᠤᠭᠤᠭᠢᠭᠤᠯᠤᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠯᠭᠠᠲᠤ ᠲᠠᠬᠢᠯ ᠢ ᠪᠦᠬᠦᠯᠢ ᠪᠠᠷ ᠨᠢ ᠡᠷᠭᠦᠨ᠎ᠡ᠃
11 ᠥ᠂ ᠶᠣᠬᠣᠸᠠ︕ ᠬᠠᠮᠤᠭ ᠡᠳ᠋ ᠬᠥᠷᠥᠩᠭᠡ ᠶᠢ ᠨᠢ ᠢᠪᠡᠭᠡᠭᠡᠴᠢ ᠭᠠᠷ ᠤᠨ ᠬᠢᠨᠢ ᠦᠢᠯᠡᠰ ᠢ ᠬᠦᠯᠢᠶᠡᠨ ᠠᠪᠤᠭᠠᠴᠢ ᠲᠡᠭᠦᠨ ᠦ ᠡᠰᠡᠷᠭᠦ ᠪᠣᠰᠣᠭᠴᠢᠳ ᠲᠡᠭᠦᠨ ᠢ ᠬᠣᠷᠣᠰᠣᠭᠴᠢᠳ ᠤᠨ ᠲᠠᠰᠢᠶ᠎ᠠ ᠶᠢ ᠬᠤᠭᠤᠯᠵᠤ ᠳᠠᠬᠢᠨ ᠪᠣᠰᠴᠤ ᠴᠢᠳᠠᠬᠤ ᠦᠭᠡᠢ ᠪᠣᠯᠭᠠᠭᠠᠴᠢ︕》 ᠭᠡᠪᠡ᠃
12 ᠪᠢᠨᠶᠠᠮᠢᠨ ᠤ ᠲᠤᠬᠠᠢ ᠲᠡᠷᠡ᠄ 《ᠶᠣᠬᠣᠸᠠ ᠶᠢᠨ ᠡᠩᠬᠦᠷᠡᠢ ᠴᠢ ᠳᠡᠷᠭᠡᠳᠡ ᠨᠢ ᠠᠶᠤᠯ ᠦᠭᠡᠢ ᠰᠠᠭᠤᠬᠤ ᠪᠣᠯᠣᠨ᠎ᠠ ᠳᠡᠭᠡᠳᠦ ᠪᠤᠷᠬᠠᠨ ᠲᠡᠭᠦᠨ ᠢ ᠡᠳᠦᠷᠵᠢᠨ ᠬᠠᠮᠠᠭᠠᠯᠠᠵᠤ ᠬᠦᠵᠦᠭᠦᠨ ᠳᠡᠭᠡᠷ᠎ᠡ ᠪᠡᠨ ᠤᠨᠤᠭᠤᠯᠬᠤ ᠪᠣᠯᠣᠨ᠎ᠠ》 ᠭᠡᠪᠡ᠃
13 ᠶᠣᠰᠧᠹ ᠤᠨ ᠲᠤᠬᠠᠢ ᠲᠡᠷᠡ᠄ 《ᠶᠣᠬᠣᠸᠠ ᠲᠡᠭᠦᠨ ᠦ ᠨᠤᠲᠤᠭ ᠢ ᠢᠪᠡᠭᠡᠬᠦ ᠪᠣᠯᠲᠤᠭᠠᠢ ᠲᠩᠷᠢ ᠶᠢᠨ ᠦᠨᠡᠲᠦ ᠰᠢᠭᠦᠳᠡᠷᠢ ᠪᠠᠷ ᠭᠠᠵᠠᠷ ᠤᠨ ᠭᠦᠨ ᠳᠦ ᠬᠠᠳᠠᠭᠠᠯᠠᠭᠳᠠᠭᠰᠠᠨ ᠤᠰᠤ ᠪᠠᠷ
14 ᠨᠠᠷᠠᠨ ᠤ ᠤᠷᠭᠤᠭᠤᠯᠳᠠᠭ ᠦᠨᠡᠲᠦ ᠵᠢᠮᠢᠰ ᠢᠶᠠᠷ ᠰᠠᠷᠠᠨ ᠤ ᠭᠠᠷᠭᠠᠳᠠᠭ ᠦᠨᠡᠲᠦ ᠤᠷᠭᠤᠴᠠ ᠪᠠᠷ
15 ᠥᠨᠢ ᠡᠷᠲᠡᠨ ᠦ ᠠᠭᠤᠯᠠᠰ ᠤᠨ ᠰᠢᠯᠢᠳᠡᠭ ᠵᠦᠢᠯᠡᠰ ᠢᠶᠡᠷ ᠮᠥᠩᠬᠡ ᠶᠢᠨ ᠲᠣᠯᠣᠭᠠᠳ ᠤᠨ ᠦᠨᠡᠲᠦ ᠵᠦᠢᠯᠡᠰ ᠢᠶᠡᠷ
16 ᠭᠠᠵᠠᠷ ᠤᠨ ᠦᠨᠡᠲᠦ ᠵᠦᠢᠯᠡᠰ ᠬᠢᠭᠡᠳ ᠲᠡᠭᠦᠨ ᠢ ᠳᠦᠭᠦᠷᠭᠡᠳᠡᠭ ᠪᠦᠬᠦᠨ ᠢᠶᠡᠷ ᠪᠤᠲᠠᠨ ᠳᠤ ᠦᠵᠡᠭᠳᠡᠭᠰᠡᠨ ᠨᠢᠭᠡᠨ ᠦ ᠢᠪᠡᠭᠡᠯ ᠢᠶᠡᠷ ᠢᠪᠡᠭᠡᠲᠦᠭᠡᠢ ᠡᠨᠡ ᠪᠦᠬᠦᠨ ᠶᠣᠰᠧᠹ ᠤᠨ ᠲᠣᠯᠣᠭᠠᠢ ᠳᠡᠭᠡᠷ᠎ᠡ ᠠᠬ᠎ᠠ ᠳᠡᠭᠦᠦᠰ ᠦᠨ ᠢᠶᠠᠨ ᠳᠤᠮᠳᠠᠬᠢ ᠨᠣᠶᠠᠨᠲᠠᠨ ᠤ ᠵᠤᠯᠠᠢ ᠳᠡᠭᠡᠷ᠎ᠡ ᠪᠠᠭᠤᠬᠤ ᠪᠣᠯᠲᠤᠭᠠᠢ
17 ᠲᠡᠭᠦᠨ ᠦ ᠰᠦᠷ ᠬᠦᠴᠦ ᠤᠤᠭᠠᠨ ᠲᠤᠭᠤᠯ ᠮᠡᠲᠦ ᠲᠡᠭᠦᠨ ᠦ ᠡᠪᠡᠷ ᠵᠡᠷᠯᠢᠭ ᠦᠬᠡᠷ ᠦᠨ ᠡᠪᠡᠷ ᠮᠡᠲᠦ ᠲᠡᠭᠦᠨ ᠢᠶᠡᠷ ᠢᠶᠠᠨ ᠲᠡᠷᠡ ᠦᠨᠳᠦᠰᠦᠲᠡᠨ ᠨᠦᠭᠦᠳ ᠢ ᠮᠥᠷᠭᠥᠵᠦ ᠳᠡᠯᠡᠬᠡᠢ ᠶᠢᠨ ᠬᠢᠵᠠᠭᠠᠷ ᠲᠤ ᠬᠦᠷᠭᠡᠨ᠎ᠡ ᠡᠹᠷᠠᠢᠮ ᠤᠨ ᠲᠦᠮᠡᠨ ᠦᠷᠡᠰ ᠮᠠᠨᠠᠰᠧ ᠶᠢᠨ ᠮᠢᠩ᠋ᠭᠠᠨ ᠦᠷᠡᠰ ᠡᠢᠮᠦ ᠪᠣᠯᠣᠨ᠎ᠠ》 ᠭᠡᠪᠡ᠃
18 ᠽᠧᠪᠦ᠋ᠯᠣᠨ ᠤ ᠲᠤᠬᠠᠢ ᠲᠡᠷᠡ᠄ 《ᠽᠧᠪᠦ᠋ᠯᠣᠨ ᠡ︕ ᠴᠢ ᠭᠠᠷᠬᠤ ᠳᠠᠭᠠᠨ ᠪᠠᠶᠠᠰᠤᠭᠲᠤᠨ ᠢᠰᠠᠺᠠᠷ ᠡ︕ ᠴᠢ ᠭᠡᠷ ᠲᠡᠭᠡᠨ ᠪᠠᠢᠬᠤ ᠳᠤ ᠪᠠᠶᠠᠰᠤᠭᠲᠤᠨ
19 ᠲᠡᠳᠡ ᠦᠨᠳᠦᠰᠦᠲᠡᠨ ᠨᠦᠭᠦᠳ ᠢ ᠠᠭᠤᠯᠠᠨ ᠳᠤ ᠳᠠᠭᠤᠳᠠᠵᠤ ᠲᠡᠨᠳᠡ ᠪᠡᠨ ᠵᠥᠪ ᠲᠠᠬᠢᠯ ᠢ ᠡᠷᠭᠦᠨ᠎ᠡ ᠲᠠᠩᠭᠢᠰ ᠤᠨ ᠪᠠᠶᠠᠯᠢᠭ ᠢ ᠰᠣᠷᠣᠵᠤ ᠡᠯᠡᠰᠦᠨ ᠳᠦ ᠨᠢᠭᠤᠭᠰᠠᠨ ᠡᠷᠳᠡᠨᠢᠰ ᠢ ᠠᠪᠤᠨ᠎ᠠ》 ᠭᠡᠪᠡ᠃
20 ᠭᠠᠳ᠋ ᠤᠨ ᠲᠤᠬᠠᠢ ᠲᠡᠷᠡ᠄ 《ᠭᠠᠳ᠋ ᠤᠨ ᠬᠢᠯᠢ ᠶᠢ ᠲᠡᠯᠡᠭᠴᠢ ᠨᠢ ᠮᠠᠭᠲᠠᠭᠳᠠᠬᠤ ᠪᠣᠯᠲᠤᠭᠠᠢ︕ ᠭᠠᠳ᠋ ᠠᠷᠰᠯᠠᠨ ᠰᠢᠭ᠋ ᠬᠡᠪᠲᠡᠭᠡᠳ ᠭᠠᠷ ᠪᠣᠯᠣᠨ ᠵᠤᠯᠠᠢ ᠶᠢ ᠤᠷᠠᠨ᠎ᠠ
21 ᠭᠠᠵᠠᠷ ᠤᠨ ᠳᠡᠭᠡᠵᠢ ᠶᠢ ᠲᠡᠷᠡ ᠥᠪᠡᠷ ᠲᠡᠭᠡᠨ ᠰᠢᠯᠢᠵᠦ ᠠᠪᠤᠭᠰᠠᠨ ᠬᠠᠤᠯᠢ ᠲᠣᠭᠲᠠᠭᠠᠭᠴᠢ ᠶᠢᠨ ᠬᠤᠪᠢ ᠨᠢ ᠲᠡᠭᠦᠨ ᠳᠦ ᠨᠣᠭᠳᠠᠵᠠᠢ ᠠᠷᠠᠳ ᠲᠦᠮᠡᠨ ᠦ ᠤᠳᠤᠷᠢᠳᠤᠭᠴᠢᠳ ᠲᠠᠢ ᠬᠠᠮᠲᠤ ᠲᠡᠷᠡ ᠴᠤᠭᠯᠠᠷᠠᠵᠤ ᠶᠣᠬᠣᠸᠠ ᠶᠢᠨ ᠭᠣᠣᠯᠴᠢ ᠶᠣᠰᠣ ᠶᠢ ᠳᠠᠭᠠᠵᠤ ᠢᠰᠷᠧᠯ ᠲᠠᠢ ᠪᠠᠢᠭᠤᠯᠤᠭᠰᠠᠨ ᠵᠢᠷᠤᠮ ᠢ ᠮᠥᠷᠳᠡᠵᠡᠢ》 ᠭᠡᠪᠡ᠃
22 ᠳ᠋ᠠᠨ ᠤ ᠲᠤᠬᠠᠢ ᠲᠡᠷᠡ᠄ 《ᠳ᠋ᠠᠨ ᠪᠣᠯ ᠠᠷᠰᠯᠠᠨ ᠤ ᠵᠤᠯᠵᠠᠭ᠎ᠠ ᠪᠠᠱᠠᠨ ᠠᠴᠠ ᠦᠰᠦᠷᠦᠨ ᠭᠠᠷᠤᠨ᠎ᠠ》 ᠭᠡᠵᠦ᠂
23 ᠨᠠᠹᠲ᠋ᠠᠯᠢ ᠶᠢᠨ ᠲᠤᠬᠠᠢ ᠲᠡᠷᠡ᠄ 《ᠨᠠᠹᠲ᠋ᠠᠯᠢ ᠡ᠂ ᠴᠢᠮ᠎ᠠ ᠳᠤ ᠬᠠᠩ᠋ᠭᠠᠯᠤᠭᠤᠨ ᠬᠡᠰᠢᠭ ᠲᠠᠢ ᠶᠣᠬᠣᠸᠠ ᠶᠢᠨ ᠢᠪᠡᠭᠡᠯ ᠢᠶᠡᠷ ᠳᠦᠭᠦᠷᠡᠩ ᠪᠠᠢᠨ᠎ᠠ ᠡᠮᠦᠨ᠎ᠡ ᠪᠦᠰᠡ ᠲᠡᠭᠡᠨ ᠨᠠᠭᠤᠷ ᠢ ᠡᠵᠡᠮᠰᠢ》 ᠭᠡᠪᠡ᠃
24 ᠠᠱᠧᠷ ᠤᠨ ᠲᠤᠬᠠᠢ ᠲᠡᠷᠡ᠄ 《ᠠᠱᠧᠷ ᠡ᠂ ᠴᠢ ᠦᠷ᠎ᠡ ᠶᠢᠨ ᠬᠣᠲᠣᠭ ᠤᠨ ᠢᠪᠡᠭᠡᠯ ᠲᠡᠢ ᠠᠬ᠎ᠠ ᠳᠡᠭᠦᠦᠰ ᠦᠨ ᠢᠶᠠᠨ ᠬᠠᠢᠷ᠎ᠠ ᠶᠢ ᠬᠦᠷᠲᠡᠵᠦ ᠲᠣᠰᠣᠨ ᠳᠤ ᠬᠥᠯ ᠢᠶᠡᠨ ᠪᠤᠯᠬᠠᠬᠤ ᠪᠣᠯᠲᠤᠭᠠᠢ
25 ᠬᠠᠭᠠᠯᠭ᠎ᠠ ᠪᠠᠨ ᠬᠦᠷᠲᠡᠯ᠎ᠡ ᠲᠡᠮᠦᠷ ᠢᠶᠡᠷ ᠲᠦᠭᠵᠢᠵᠦ ᠠᠮᠢᠳᠤᠷᠠᠯ ᠤᠨ ᠢᠶᠠᠨ ᠪᠦᠬᠦ ᠬᠤᠭᠤᠴᠠᠭᠠᠨ ᠳᠤ ᠠᠮᠤᠭᠤᠯᠠᠩ ᠪᠠᠢᠬᠤ ᠪᠣᠯᠲᠤᠭᠠᠢ》 ᠭᠡᠪᠡ᠃
26 ᠶᠧᠱᠦ᠋ᠷᠣᠨ ᠤ ᠪᠤᠷᠬᠠᠨ ᠮᠡᠲᠦ ᠨᠢᠭᠡ ᠨᠢ ᠥᠭᠡᠷ᠎ᠡ ᠪᠠᠢᠬᠤ ᠦᠭᠡᠢ ᠲᠡᠷᠡ ᠪᠡᠷ ᠴᠢᠮ᠎ᠠ ᠳᠤ ᠲᠤᠰᠠᠯᠠᠬᠤ ᠪᠠᠷ ᠲᠩᠷᠢ ᠶᠢ ᠬᠥᠯᠭᠡᠯᠡᠵᠦ ᠡᠭᠦᠯᠡᠰ ᠦᠨ ᠳᠤᠮᠳᠠᠭᠤᠷ ᠰᠦᠷ ᠵᠢᠪᠬᠤᠯᠠᠩ ᠲᠠᠢ ᠠᠢᠰᠤᠢ᠃
27 ᠮᠥᠩᠬᠡ ᠶᠢᠨ ᠪᠤᠷᠬᠠᠨ ᠪᠣᠯ ᠴᠢᠨᠦ ᠣᠷᠣᠨ ᠰᠠᠭᠤᠴᠠ ᠲᠡᠭᠦᠨ ᠦ ᠮᠥᠩᠬᠡ ᠶᠢᠨ ᠮᠤᠲᠤᠷ ᠴᠢᠨᠦ ᠳᠣᠣᠷ᠎ᠠ ᠪᠠᠢᠨ᠎ᠠ ᠲᠡᠷᠡ ᠪᠡᠷ ᠴᠢᠨᠦ ᠡᠮᠦᠨ᠎ᠡ ᠡᠴᠡ ᠳᠠᠢᠰᠤᠨ ᠢ ᠴᠢᠨᠢ ᠵᠠᠢᠯᠠᠭᠤᠯᠵᠤ 《ᠲᠡᠭᠦᠨ ᠢ ᠤᠰᠠᠳᠬ᠎ᠠ》 ᠬᠡᠮᠡᠨ ᠠᠢᠯᠠᠳᠤᠨ᠎ᠠ
28 ᠢᠰᠷᠧᠯ ᠡᠢᠨ ᠬᠦ ᠠᠶᠤᠯ ᠦᠭᠡᠢ ᠰᠠᠭᠤᠬᠤ ᠪᠣᠯᠣᠨ᠎ᠠ ᠶᠠᠺᠣᠪ ᠦᠷ᠎ᠡ ᠲᠠᠷᠢᠶ᠎ᠠ᠂ ᠰᠢᠨ᠎ᠡ ᠳᠠᠷᠠᠰᠤᠨ ᠤ ᠨᠤᠲᠤᠭ ᠲᠤ ᠶᠠᠷᠰᠢᠭ ᠦᠭᠡᠢ ᠠᠮᠢᠳᠤᠷᠠᠨ᠎ᠠ ᠲᠩᠷᠢ ᠪᠠᠰᠠ ᠲᠡᠨᠳᠡ ᠰᠢᠭᠦᠳᠡᠷᠢ ᠪᠠᠭᠤᠯᠭᠠᠨ᠎ᠠ᠂
29 ᠢᠰᠷᠧᠯ ᠡ᠂ ᠴᠢ ᠵᠢᠷᠭᠠᠯᠲᠠᠶᠠ︕ ᠲᠡᠷᠡ ᠪᠣᠯ ᠴᠢᠮ᠎ᠠ ᠳᠤ ᠲᠤᠰᠠᠯᠠᠬᠤ ᠪᠠᠮᠪᠠᠢ ᠴᠢᠨᠦ ᠰᠦᠷ ᠵᠢᠪᠬᠤᠯᠠᠩᠲᠤ ᠰᠡᠯᠡᠮ᠎ᠡ ᠪᠣᠯᠳᠠᠭ ᠶᠣᠬᠣᠸᠠ ᠶᠢᠨ ᠠᠪᠤᠷᠠᠯ ᠢ ᠬᠦᠷᠲᠡᠭᠰᠡᠨ ᠴᠢᠮ᠎ᠠ ᠰᠢᠭ᠋ ᠠᠷᠠᠳ ᠲᠦᠮᠡᠨ ᠥᠭᠡᠷ᠎ᠡ ᠬᠠᠮᠢᠭ᠎ᠠ ᠪᠠᠢᠨ᠎ᠠ︖ ᠥᠰᠲᠡᠨ ᠨᠦᠭᠦᠳ ᠴᠢᠨᠢ ᠴᠢᠮ᠎ᠠ ᠳᠤ ᠵᠠᠬᠢᠷᠤᠭᠳᠠᠵᠤ ᠥᠨᠳᠥᠷᠯᠢᠭ ᠭᠠᠵᠠᠷ ᠤᠳ ᠨᠢ ᠴᠢᠮ᠎ᠠ ᠳᠤ ᠭᠢᠰᠬᠢᠭᠳᠡᠨᠡ》 ᠭᠡᠯᠡ᠃