ᠳᠡᠳ᠋ ᠬᠠᠤᠯᠢ ᠭᠤᠴᠢᠨ ᠳᠥᠷᠪᠡ
ᠮᠣᠰᠧ ᠥᠭᠡᠳᠡ ᠪᠣᠯᠪᠠ
1 ᠮᠣᠰᠧ ᠮᠣᠶᠠᠪ ᠤᠨ ᠲᠠᠯ᠎ᠠ ᠭᠠᠵᠠᠷ ᠠᠴᠠ ᠨᠧᠪᠣ ᠠᠭᠤᠯᠠᠨ ᠳᠤ ᠠᠪᠠᠷᠢᠵᠤ᠂ ᠶᠧᠷᠢᠺᠣ ᠶᠢᠨ ᠬᠠᠷᠠᠯᠳᠤᠭ᠎ᠠ ᠫᠢᠰᠭᠠ ᠶᠢᠨ ᠣᠷᠭᠢᠯ ᠳᠤ ᠭᠠᠷᠬᠤ ᠳᠤ᠂ ᠶᠣᠬᠣᠸᠠ ᠲᠡᠭᠦᠨ ᠳᠦ ᠪᠦᠬᠦ ᠭᠠᠵᠠᠷ ᠢ ᠦᠵᠡᠭᠦᠯᠪᠡ᠃ ᠲᠡᠷᠡ ᠨᠢ ᠳ᠋ᠠᠨ ᠬᠦᠷᠲᠡᠯᠡᠬᠢ ᠭᠢᠯᠧᠶᠠᠳ᠋᠂ 2 ᠪᠦᠬᠦ ᠨᠠᠹᠲ᠋ᠠᠯᠢ᠂ ᠡᠹᠷᠠᠢᠮ ᠪᠠ ᠮᠠᠨᠠᠰᠧ ᠶᠢᠨ ᠭᠠᠵᠠᠷ᠂ ᠪᠠᠷᠠᠭᠤᠨ ᠳᠠᠯᠠᠢ ᠬᠦᠷᠲᠡᠯᠡᠬᠢ ᠶᠦᠳᠠ ᠶᠢᠨ ᠪᠦᠬᠦ ᠭᠠᠵᠠᠷ᠂ 3 ᠨᠧᠭᠧᠪ ᠪᠣᠯᠣᠨ ᠳᠠᠯᠳᠠᠤ ᠮᠣᠳᠣᠨ ᠤ ᠬᠣᠲᠠ ᠶᠧᠷᠢᠺᠣ ᠶᠢᠨ ᠬᠥᠨᠳᠡᠢ ᠲᠠᠯ᠎ᠠ ᠭᠠᠵᠠᠷ ᠠᠴᠠ ᠽᠣᠶᠠᠷ ᠬᠦᠷᠲᠡᠯᠡᠬᠢ ᠪᠦᠬᠦ ᠨᠤᠲᠤᠭ ᠪᠠᠢᠯ᠎ᠠ᠃ 4 ᠶᠣᠬᠣᠸᠠ ᠲᠡᠭᠦᠨ ᠳᠦ᠄ 《ᠠᠪᠷᠠᠬᠠᠮ᠂ ᠢᠰᠠᠺ᠂ ᠶᠠᠺᠣᠪ ᠲᠤ ᠲᠠᠩ᠋ᠭᠠᠷᠢᠭᠯᠠᠨ ᠲᠡᠳᠡᠨ ᠦ ᠦᠷ᠎ᠡ ᠤᠳᠤᠮ ᠳᠤ ᠥᠭᠭᠥᠨ᠎ᠡ ᠭᠡᠵᠦ ᠮᠢᠨᠦ ᠠᠮᠠᠯᠠᠭᠰᠠᠨ ᠭᠠᠵᠠᠷ ᠡᠨᠡ ᠪᠠᠢᠨ᠎ᠠ᠃ ᠪᠢ ᠲᠡᠭᠦᠨ ᠢ ᠥᠪᠡᠷ ᠦᠨ ᠴᠢᠨᠢ ᠨᠢᠳᠦ ᠪᠡᠷ ᠬᠠᠷᠠᠭᠤᠯᠤᠯ᠎ᠠ᠃ ᠬᠠᠷᠢᠨ ᠴᠢ ᠲᠡᠰᠢ ᠪᠠᠨ ᠭᠠᠲᠤᠯᠤᠨ ᠣᠴᠢᠵᠤ ᠴᠢᠳᠠᠬᠤ ᠦᠭᠡᠢ》 ᠭᠡᠵᠦ ᠠᠢᠯᠠᠳᠪᠠ᠃ 5 ᠲᠡᠢᠨ ᠬᠦ ᠶᠣᠬᠣᠸᠠ ᠶᠢᠨ ᠵᠠᠷᠤᠴᠠ ᠮᠣᠰᠧ ᠶᠣᠬᠣᠸᠠ ᠶᠢᠨ ᠠᠢᠯᠠᠳᠤᠭᠰᠠᠨ ᠶᠣᠰᠣᠭᠠᠷ ᠮᠣᠶᠠᠪ ᠤᠨ ᠨᠤᠲᠤᠭ ᠲᠤ ᠥᠭᠡᠳᠡ ᠪᠣᠯᠪᠠ᠃ 6 ᠶᠣᠬᠣᠸᠠ ᠲᠡᠭᠦᠨ ᠢ ᠪᠧᠲ ᠫᠧᠶᠣᠷ ᠤᠨ ᠡᠰᠡᠷᠭᠦ ᠲᠠᠯ᠎ᠠ ᠳᠤ ᠪᠤᠢ ᠮᠣᠶᠠᠪ ᠨᠤᠲᠤᠭ ᠤᠨ ᠬᠥᠨᠳᠡᠢ ᠳᠦ ᠬᠥᠳᠡᠭᠡᠯᠡᠭᠦᠯᠵᠡᠢ᠃ ᠬᠠᠷᠢᠨ ᠥᠨᠥ ᠬᠦᠷᠲᠡᠯ᠎ᠡ ᠲᠡᠭᠦᠨ ᠦ ᠪᠤᠯᠠᠰᠢ ᠶᠢ ᠮᠡᠳᠡᠬᠦ ᠬᠥᠮᠦᠨ ᠠᠯᠠᠭ᠎ᠠ᠃ 7 ᠮᠣᠰᠧ ᠥᠭᠡᠳᠡ ᠪᠣᠯᠬᠤ ᠳᠠᠭᠠᠨ ᠵᠠᠭᠤ ᠬᠣᠷᠢᠨ ᠨᠠᠰᠤᠲᠠᠢ ᠪᠠᠢᠭᠰᠠᠨ ᠴᠤ ᠨᠢᠳᠦᠨ ᠦ ᠬᠢᠨᠢ ᠭᠠᠯ ᠪᠠᠭᠤᠷᠠᠭᠰᠠᠨ ᠦᠭᠡᠢ᠂ ᠬᠦᠴᠦ ᠲᠡᠩᠬᠡᠭᠡ ᠨᠢ ᠴᠤ ᠬᠠᠷᠢᠭᠰᠠᠨ ᠦᠭᠡᠢ᠃ 8 ᠢᠰᠷᠧᠯᠴᠦᠳ ᠮᠣᠰᠧ ᠶᠢᠨ ᠬᠣᠢᠨ᠎ᠠ ᠠᠴᠠ ᠮᠣᠶᠠᠪ ᠤᠨ ᠲᠠᠯ᠎ᠠ ᠳᠤ ᠭᠤᠴᠢᠨ ᠬᠣᠨᠣᠭ ᠭᠠᠰᠢᠭᠤᠳᠠᠵᠠᠭᠠᠵᠠᠢ᠃ ᠲᠡᠭᠡᠭᠡᠳ ᠮᠣᠰᠧ ᠶᠢᠨ ᠬᠣᠢᠨ᠎ᠠ ᠠᠴᠠ ᠤᠬᠢᠯᠠᠨ ᠭᠠᠰᠢᠭᠤᠳᠠᠬᠤ ᠬᠤᠭᠤᠴᠠᠭ᠎ᠠ ᠳᠠᠭᠤᠰᠤᠭᠰᠠᠨ ᠪᠠᠢᠨ᠎ᠠ᠃
9 ᠮᠣᠰᠧ ᠨᠦᠨ ᠦ ᠬᠦᠦ ᠶᠣᠱᠦ᠋ᠶ᠎ᠠ ᠳᠡᠭᠡᠷ᠎ᠡ ᠭᠠᠷ ᠲᠠᠯᠪᠢᠭᠰᠠᠨ ᠤᠴᠢᠷ ᠠᠴᠠ ᠲᠡᠷᠡ ᠮᠡᠷᠭᠡᠨ ᠤᠬᠠᠭᠠᠨ ᠤ ᠰᠦᠨᠡᠰᠦ ᠪᠡᠷ ᠳᠦᠭᠦᠷᠪᠡ᠃ ᠢᠰᠷᠧᠯᠴᠦᠳ ᠶᠣᠱᠦ᠋ᠶ᠎ᠠ ᠶᠢᠨ ᠦᠭᠡ ᠶᠢ ᠳᠠᠭᠠᠵᠤ᠂ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠭᠦᠢᠴᠡᠳᠬᠡᠵᠡᠢ᠃
10 ᠢᠰᠷᠧᠯ ᠳᠤ ᠮᠣᠰᠧ ᠰᠢᠭ᠋ ᠡᠰᠢ ᠦᠵᠡᠭᠦᠯᠦᠭᠴᠢ ᠳᠠᠬᠢᠭᠠᠳ ᠭᠠᠷᠤᠭᠰᠠᠨ ᠦᠭᠡᠢ᠃ ᠶᠣᠬᠣᠸᠠ ᠲᠡᠭᠦᠨ ᠲᠡᠢ ᠨᠢᠭᠤᠷ ᠲᠤᠯᠤᠨ ᠠᠭᠤᠯᠵᠠᠳᠠᠭ ᠪᠥᠭᠡᠳ 11 ᠲᠡᠭᠦᠨ ᠢ ᠶᠧᠵᠢᠫᠲ ᠲᠤ ᠶᠠᠪᠤᠭᠤᠯᠵᠤ᠂ ᠹᠠᠷᠠᠣ᠋ ᠪᠣᠯᠣᠨ ᠲᠡᠭᠦᠨ ᠦ ᠲᠦᠰᠢᠮᠡᠳ᠂ ᠲᠡᠭᠦᠨ ᠦ ᠪᠦᠬᠦ ᠨᠤᠲᠤᠭ ᠤᠨ ᠬᠢᠨ ᠳᠤ ᠠᠯᠢᠪᠠ ᠰᠢᠳᠢ ᠲᠡᠮᠳᠡᠭ ᠪᠠ ᠭᠠᠢᠬᠠᠮᠰᠢᠭ ᠤᠳ ᠢ ᠦᠢᠯᠡᠳᠦᠭᠦᠯᠦᠭᠰᠡᠨ ᠪᠢᠯᠡ᠃ 12 ᠪᠦᠬᠦ ᠢᠰᠷᠧᠯ ᠤᠨ ᠨᠢᠳᠦᠨ ᠦ ᠡᠮᠦᠨ᠎ᠡ ᠠᠯᠢᠪᠠ ᠬᠦᠴᠦᠲᠦ ᠦᠢᠯᠡᠰ᠂ ᠠᠶᠤᠮᠰᠢᠭᠲᠤ ᠵᠦᠢᠯ ᠢ ᠮᠣᠰᠧ ᠮᠡᠲᠦ ᠦᠢᠯᠡᠳᠦᠭᠰᠡᠨ ᠬᠥᠮᠦᠨ ᠥᠭᠡᠷ᠎ᠡ ᠠᠯᠠᠭ᠎ᠠ᠃