1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠠᠷᠪᠠᠨ ᠨᠢᠭᠡ
 ᠥᠩᠭᠡᠷᠡᠭᠰᠡᠨ ᠢᠶᠡᠨ ᠴᠡᠭᠡᠵᠢᠯᠡᠵᠦ ᠶᠣᠬᠣᠸᠠ ᠶᠢᠨ ᠦᠭᠡ ᠶᠢ ᠳᠠᠭ᠎ᠠ

1 ᠴᠢ ᠶᠣᠬᠣᠸᠠ ᠪᠤᠷᠬᠠᠨ ᠢᠶᠠᠨ ᠬᠠᠢᠷᠠᠯᠠ᠂ ᠲᠡᠭᠦᠨ ᠦ ᠰᠠᠬᠢᠯᠭ᠎ᠠ᠂ ᠲᠣᠭᠲᠠᠭᠠᠯ᠂ ᠵᠢᠷᠤᠮ᠂ ᠲᠤᠰᠢᠶᠠᠯ ᠤᠳ ᠢ ᠦᠷᠭᠦᠯᠵᠢ ᠰᠠᠬᠢ᠃ 2 ᠡᠭᠦᠨ ᠢ ᠪᠢ ᠲᠠᠨ ᠤ ᠬᠡᠦᠬᠡᠳ ᠤᠳ ᠲᠠᠢ ᠶᠠᠷᠢᠬᠤ ᠦᠭᠡᠢ ᠭᠡᠳᠡᠭ ᠢ ᠥᠨᠥ ᠦᠶ᠎ᠡ ᠶᠢᠨ ᠲᠠ ᠨᠠᠷ ᠣᠢᠯᠠᠭᠠᠬᠤ ᠶᠣᠰᠣᠲᠠᠢ᠃ ᠲᠡᠳᠡ ᠴᠢᠨᠦ ᠪᠤᠷᠬᠠᠨ ᠶᠣᠬᠣᠸᠠ ᠶᠢᠨ ᠰᠢᠳᠬᠡᠯ ᠢ ᠴᠤ᠂ ᠲᠡᠭᠦᠨ ᠦ ᠠᠤᠭ᠎ᠠ ᠪᠠᠢᠳᠠᠯ᠂ ᠲᠡᠭᠦᠨ ᠦ ᠬᠦᠴᠦᠷᠬᠡᠭ ᠭᠠᠷ᠂ ᠰᠤᠩ᠋ᠭᠠᠭᠰᠠᠨ ᠮᠤᠲᠤᠷ ᠢ ᠲᠠᠨᠢᠭ᠎ᠠ ᠦᠭᠡᠢ᠂ ᠬᠠᠷᠠᠭ᠎ᠠ ᠴᠤ ᠦᠭᠡᠢ᠂ 3 ᠲᠤᠬᠠᠢᠯᠠᠪᠠᠯ ᠶᠧᠵᠢᠫᠲ ᠤᠨ ᠲᠥᠪ ᠳᠠᠬᠢ ᠶᠧᠵᠢᠫᠲ ᠤᠨ ᠬᠠᠭᠠᠨ ᠹᠠᠷᠠᠣ᠋ ᠪᠣᠯᠣᠨ ᠲᠡᠭᠦᠨ ᠦ ᠪᠦᠬᠦ ᠣᠷᠣᠨ ᠨᠤᠲᠤᠭ ᠲᠤ ᠦᠢᠯᠡᠳᠦᠭᠰᠡᠨ ᠲᠡᠮᠳᠡᠭ ᠪᠠ ᠦᠢᠯᠡᠰ ᠢ ᠨᠢ᠂ 4 ᠶᠣᠬᠣᠸᠠ ᠲᠠ ᠨᠠᠷ ᠤᠨ ᠬᠣᠢᠨ᠎ᠠ ᠠᠴᠠ ᠬᠥᠭᠡᠭᠡᠨ ᠢᠷᠡᠭᠰᠡᠨ ᠶᠧᠵᠢᠫᠲ ᠤᠨ ᠴᠡᠷᠢᠭ ᠤᠳ᠂ ᠲᠡᠳᠡᠨ ᠦ ᠮᠣᠷᠢᠳ ᠪᠣᠯᠣᠨ ᠲᠡᠷᠭᠡ ᠨᠦᠭᠦᠳ ᠢ ᠶᠠᠭᠠᠬᠢᠭᠰᠠᠨ ᠢ ᠨᠢ᠂ ᠲᠡᠳᠡᠨ ᠢ ᠤᠯᠠᠭᠠᠨ ᠲᠠᠩᠭᠢᠰ ᠤᠨ ᠤᠰᠤᠨ ᠳᠤ ᠬᠡᠷᠬᠢᠨ ᠬᠠᠮᠤᠵᠤ ᠪᠦᠷᠢᠮᠦᠰᠦᠨ ᠤᠰᠠᠳᠬᠠᠭᠰᠠᠨ ᠢ ᠨᠢ᠂ 5 ᠲᠠ ᠨᠠᠷ ᠢ ᠡ᠊ᠨᠳᠡ ᠢᠷᠡᠬᠦ ᠬᠦᠷᠲᠡᠯ᠎ᠡ ᠴᠥᠯ ᠳᠤ ᠲᠠ ᠨᠠᠷ ᠤᠨ ᠲᠥᠯᠥᠭᠡ ᠶᠠᠭᠤ ᠦᠢᠯᠡᠳᠦᠭᠰᠡᠨ ᠢ ᠨᠢ ᠬᠠᠷᠠᠭ᠎ᠠ ᠦᠭᠡᠢ᠂ 6 ᠷᠧᠣᠪᠧᠨ ᠣᠪᠣᠭ ᠤᠨ ᠡᠯᠢᠶᠠᠪ ᠤᠨ ᠬᠥᠪᠡᠭᠦᠳ ᠪᠣᠯᠬᠤ ᠳ᠋ᠠᠲ᠋ᠠᠨ᠂ ᠠᠪᠢᠷᠠᠮ ᠨᠠᠷ ᠢ ᠬᠡᠷᠬᠢᠭᠰᠡᠨ ᠢ ᠨᠢ ᠴᠤ ᠬᠠᠷᠠᠭ᠎ᠠ ᠦᠭᠡᠢ᠃ ᠲᠡᠷᠡ ᠦᠶ᠎ᠡ ᠳᠦ ᠪᠦᠬᠦ ᠢᠰᠷᠧᠯ ᠤᠨ ᠳᠤᠮᠳᠠ ᠠᠴᠠ ᠭᠠᠵᠠᠷ ᠠᠮᠠ ᠪᠠᠨ ᠨᠡᠭᠡᠭᠡᠨ ᠲᠡᠳᠡᠨ ᠢ᠂ ᠲᠡᠳᠡᠨ ᠦ ᠭᠡᠷ ᠪᠦᠯᠢ᠂ ᠲᠡᠳᠡᠨ ᠦ ᠮᠠᠢᠬᠠᠨ᠂ ᠲᠡᠳᠡᠨ ᠢ ᠳᠠᠭᠠᠭᠰᠠᠨ ᠠᠮᠢ ᠲᠠᠢ ᠪᠦᠬᠦᠨ ᠲᠡᠢ ᠨᠢ ᠬᠠᠮᠲᠤ ᠵᠠᠯᠭᠢᠭᠰᠠᠨ ᠶᠤᠮ᠃ 7 ᠬᠠᠷᠢᠨ ᠲᠠ ᠨᠠᠷ ᠶᠣᠬᠣᠸᠠ ᠶᠢᠨ ᠦᠢᠯᠡᠳᠦᠭᠰᠡᠨ ᠡᠳᠡᠭᠡᠷ ᠠᠭᠤᠤ ᠦᠢᠯᠡᠰ ᠢ ᠨᠢᠳᠦ ᠪᠡᠷ ᠢᠶᠠᠨ ᠬᠠᠷᠠᠭᠰᠠᠨ ᠪᠢᠯᠡ᠃

8 ᠥᠨᠥᠳᠥᠷ ᠲᠠ ᠨᠠᠷ ᠲᠤ ᠥᠭᠴᠦ ᠪᠤᠢ ᠲᠤᠰᠢᠶᠠᠯ ᠪᠣᠯᠭᠠᠨ ᠢ ᠮᠢᠨᠢ ᠰᠠᠬᠢ᠃ ᠲᠡᠭᠡᠪᠡᠯ ᠲᠠ ᠨᠠᠷ ᠬᠦᠴᠦᠷᠬᠡᠭ ᠪᠣᠯᠬᠤ ᠪᠥᠭᠡᠳ ᠴᠢᠨᠠᠭᠰᠢ ᠭᠠᠲᠤᠯᠤᠨ ᠶᠠᠪᠤᠵᠤ ᠡᠵᠡᠮᠰᠢᠬᠦ ᠭᠡᠰᠡᠨ ᠲᠡᠷᠡ ᠭᠠᠵᠠᠷ ᠲᠠᠭᠠᠨ ᠣᠷᠣᠵᠤ᠂ ᠲᠡᠭᠦᠨ ᠢ ᠡᠵᠡᠮᠰᠢᠬᠦ ᠪᠣᠯᠣᠨ᠎ᠠ᠃ 9 ᠲᠡᠢᠨ ᠬᠦ ᠶᠣᠬᠣᠸᠠ ᠴᠢᠨᠦ ᠡᠴᠢᠭᠡ ᠡᠪᠦᠭᠡᠳ ᠲᠦ ᠲᠠᠩ᠋ᠭᠠᠷᠢᠭᠯᠠᠨ ᠲᠡᠳᠡᠨ ᠳᠦ ᠪᠣᠯᠣᠨ ᠦᠷ᠎ᠡ ᠤᠳᠤᠮ ᠳᠤᠨᠢ ᠥᠭᠬᠦ ᠭᠡᠰᠡᠨ ᠨᠤᠲᠤᠭ᠂ ᠰᠦ᠋᠂ ᠪᠠᠯ ᠢᠶᠠᠷ ᠪᠢᠯᠬᠠᠭᠰᠠᠨ ᠲᠡᠷᠡ ᠭᠠᠵᠠᠷ ᠲᠤ ᠲᠠ ᠨᠠᠷ ᠤᠷᠲᠤ ᠨᠠᠰᠤᠯᠠᠨ᠎ᠠ᠃ 10 ᠴᠢᠨᠦ ᠣᠴᠢᠵᠤ ᠡᠵᠡᠮᠰᠢᠬᠦ ᠲᠡᠷᠡ ᠭᠠᠵᠠᠷ ᠨᠢ ᠲᠠ ᠨᠠᠷ ᠤᠨ ᠣᠷᠬᠢᠵᠤ ᠭᠠᠷᠤᠭᠰᠠᠨ ᠶᠧᠵᠢᠫᠲ ᠤᠨ ᠭᠠᠵᠠᠷ ᠨᠤᠲᠤᠭ ᠲᠠᠢ ᠠᠳᠠᠯᠢ ᠦᠭᠡᠢ᠃ ᠶᠧᠵᠢᠫᠲ ᠲᠤ ᠲᠠ ᠨᠠᠷ ᠦᠷ᠎ᠡ ᠰᠠᠭᠤᠯᠭᠠᠭᠰᠠᠨ ᠤ ᠳᠠᠷᠠᠭ᠎ᠠ᠂ ᠨᠣᠭᠣᠭ᠎ᠠ ᠶᠢᠨ ᠲᠠᠯᠠᠪᠠᠢ ᠶᠢ ᠪᠣᠷᠪᠢ ᠪᠤᠬᠢᠰᠭᠡᠯ ᠦᠭᠡᠢ ᠤᠰᠤᠯᠠᠳᠠᠭ ᠪᠠᠢᠭᠰᠠᠨ᠃ 11 ᠬᠠᠷᠢᠨ ᠲᠠ ᠨᠠᠷ ᠤᠨ ᠭᠠᠲᠤᠯᠤᠨ ᠣᠴᠢᠵᠤ ᠡᠵᠡᠮᠰᠢᠬᠦ ᠲᠡᠷᠡ ᠭᠠᠵᠠᠷ ᠨᠢ ᠲᠩᠷᠢ ᠶᠢᠨ ᠬᠤᠷ᠎ᠠ ᠪᠣᠷᠣᠭᠠᠨ ᠢᠶᠠᠷ ᠤᠮᠳᠠᠭᠠᠯᠠᠳᠠᠭ ᠬᠥᠨᠳᠡᠢ ᠲᠣᠯᠣᠭᠠᠳ ᠲᠠᠢ ᠣᠷᠣᠨ᠂ 12 ᠴᠢᠨᠦ ᠪᠤᠷᠬᠠᠨ ᠶᠣᠬᠣᠸᠠ ᠶᠢᠨ ᠬᠠᠯᠠᠮᠵᠢᠯᠠᠳᠠᠭ ᠣᠷᠣᠨ ᠶᠤᠮ᠃ ᠴᠢᠨᠦ ᠪᠤᠷᠬᠠᠨ ᠶᠣᠬᠣᠸᠠ ᠶᠢᠨ ᠮᠡᠯᠮᠡᠢ ᠵᠢᠯ ᠤᠨ ᠡᠬᠢᠨ ᠡᠴᠡ ᠡᠴᠦᠰ ᠬᠦᠷᠲᠡᠯ᠎ᠡ ᠲᠡᠨᠳᠡᠬᠢ ᠶᠢ ᠦᠷᠭᠦᠯᠵᠢ ᠲᠣᠯᠢᠳᠠᠨ ᠪᠠᠢᠳᠠᠭ᠃

13 ᠬᠡᠷᠪᠡ ᠲᠠ ᠨᠠᠷ ᠥᠨᠥᠳᠥᠷ ᠮᠢᠨᠦ ᠥᠭᠴᠦ ᠪᠤᠢ ᠲᠤᠰᠢᠶᠠᠯ ᠢ ᠦᠨᠡᠬᠡᠷ ᠳᠠᠭᠠᠵᠤ ᠶᠣᠬᠣᠸᠠ ᠪᠤᠷᠬᠠᠨ ᠢᠶᠠᠨ ᠬᠠᠢᠷᠠᠯᠠᠵᠤ᠂ ᠲᠡᠭᠦᠨ ᠳᠦ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠦᠢᠯᠡᠴᠢᠯᠡᠪᠡᠯ᠂ 14 ᠲᠡᠷᠡ ᠲᠠ ᠨᠠᠷ ᠤᠨ ᠭᠠᠵᠠᠷ ᠳᠡᠭᠡᠷ᠎ᠡ ᠬᠠᠪᠤᠷ ᠨᠠᠮᠤᠷ ᠤᠨ ᠪᠣᠷᠣᠭᠠᠨ ᠢ ᠴᠠᠭ ᠲᠤᠨᠢ ᠣᠷᠣᠭᠤᠯᠵᠤ᠂ ᠲᠠ ᠨᠠᠷ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣ ᠠᠪᠬᠤ ᠪᠣᠯᠣᠨ᠎ᠠ᠂ 15 ᠲᠡᠷᠡ ᠪᠡᠷ ᠮᠠᠯ ᠰᠦᠷᠦᠭ ᠲᠦ ᠴᠢᠨᠢ ᠬᠡᠭᠡᠷ᠎ᠡ ᠲᠠᠯ᠎ᠠ ᠶᠢᠨ ᠡᠪᠡᠰᠦ ᠨᠣᠭᠣᠭ᠎ᠠ ᠶᠢ ᠰᠣᠶᠣᠷᠬᠠᠨ᠎ᠠ᠂ ᠲᠠ ᠨᠠᠷ ᠴᠤ ᠢᠳᠡᠵᠦ᠂ ᠥᠶᠥᠭ ᠴᠠᠳᠬᠤᠯᠠᠩ ᠪᠠᠢᠬᠤ ᠪᠣᠯᠣᠨ᠎ᠠ᠃ 16 ᠲᠠ ᠨᠠᠷ ᠰᠡᠷᠡᠮᠵᠢᠲᠡᠢ ᠪᠠᠢᠵᠠᠭ᠎ᠠ︕ ᠡᠰᠡ ᠪᠥᠭᠡᠰᠦ ᠲᠠ ᠨᠠᠷ ᠰᠡᠳᠬᠢᠯ ᠢᠶᠠᠷ ᠢᠶᠠᠨ ᠤᠷᠤᠭᠤ ᠲᠠᠲᠠᠭᠳᠠᠭᠠᠳ᠂ ᠵᠠᠮ ᠠᠴᠠ ᠪᠠᠨ ᠡᠷᠭᠢᠵᠦ ᠥᠭᠡᠷ᠎ᠡ ᠪᠤᠷᠬᠠᠳ ᠲᠤ ᠪᠥᠬᠥᠢᠨ ᠮᠥᠷᠭᠥᠬᠦ ᠪᠥᠭᠡᠳ 17 ᠶᠣᠬᠣᠸᠠ ᠶᠢᠨ ᠠᠭᠤᠷ ᠬᠢᠯᠢᠩ ᠲᠠ ᠨᠠᠷ ᠤᠨ ᠡᠰᠡᠷᠭᠦ ᠳᠦᠷᠡᠯᠵᠡᠬᠦ ᠪᠠ ᠲᠡᠷᠡ ᠪᠡᠷ ᠲᠩᠷᠢ ᠶᠢ ᠬᠠᠭᠠᠵᠤ ᠪᠣᠷᠣᠭᠠᠨ ᠣᠷᠣᠭᠤᠯᠬᠤ ᠦᠭᠡᠢ ᠪᠣᠯᠬᠣᠷ ᠭᠠᠵᠠᠷ ᠠᠴᠠ ᠦᠷ᠎ᠡ ᠲᠠᠷᠢᠶ᠎ᠠ ᠤᠷᠭᠤᠬᠤ ᠦᠭᠡᠢ ᠪᠣᠯᠣᠭᠠᠳ ᠲᠠ ᠨᠠᠷ ᠶᠣᠬᠣᠸᠠ ᠶᠢᠨ ᠥᠭᠭᠥᠭᠰᠡᠨ ᠰᠠᠢᠬᠠᠨ ᠣᠷᠣᠨ ᠠᠴᠠ ᠲᠦᠷᠭᠡᠨ ᠤᠰᠠᠳᠬᠤ ᠪᠣᠯᠣᠨ᠎ᠠ᠃

18 ᠲᠠ ᠨᠠᠷ ᠮᠢᠨᠦ ᠡᠨᠡ ᠦᠭᠡᠰ ᠢ ᠵᠢᠷᠦᠬᠡ ᠰᠡᠳᠬᠢᠯ ᠳᠡᠭᠡᠨ ᠬᠠᠳᠠᠭᠠᠯᠠ᠂ ᠡᠳᠡᠭᠡᠷ ᠢ ᠲᠡᠮᠳᠡᠭ ᠪᠣᠯᠭᠠᠨ ᠪᠠᠭᠤᠤ ᠳᠠᠭᠠᠨ ᠤᠶᠠ᠂ ᠬᠣᠶᠠᠷ ᠨᠢᠳᠦᠨ ᠦ ᠪᠠᠨ ᠬᠣᠭᠣᠷᠣᠨᠳᠣ ᠰᠠᠨᠠᠭᠤᠯᠭ᠎ᠠ ᠪᠣᠯᠭᠠᠨ ᠲᠣᠭᠲᠠᠭ᠎ᠠ᠂ 19 ᠡᠳᠡᠭᠡᠷ ᠢ ᠬᠡᠦᠬᠡᠳ ᠤᠳ ᠲᠡᠭᠡᠨ ᠵᠢᠭ᠎ᠠ᠂ ᠭᠡᠷ ᠲᠡᠭᠡᠨ ᠰᠠᠭᠤᠵᠤ ᠪᠠᠢᠬᠤ ᠳᠠᠭᠠᠨ ᠴᠤ᠂ ᠵᠠᠮ ᠶᠠᠪᠤᠵᠤ ᠪᠠᠢᠬᠤ ᠳᠠᠭᠠᠨ ᠴᠤ᠂ ᠬᠡᠪᠲᠡᠬᠦ ᠳᠡᠭᠡᠨ ᠴᠤ᠂ ᠪᠣᠰᠬᠤ ᠳᠠᠭᠠᠨ ᠴᠤ ᠡᠳᠡᠭᠡᠷ ᠦᠨ ᠲᠤᠬᠠᠢ ᠶᠠᠷᠢᠵᠤ ᠪᠠᠢ᠂ 20 ᠡᠳᠡᠭᠡᠷ ᠢ ᠬᠠᠭᠠᠯᠭᠠᠨ ᠤ ᠪᠠᠨ ᠬᠠᠲᠠᠪᠴᠢ ᠪᠣᠯᠣᠨ ᠲᠣᠮᠣ ᠬᠠᠭᠠᠯᠭᠠᠨ ᠳᠡᠭᠡᠷ᠎ᠡ ᠪᠡᠨ ᠪᠢᠴᠢ᠃ 21 ᠲᠡᠭᠡᠪᠡᠯ ᠲᠠ ᠨᠠᠷ ᠤᠨ ᠡᠴᠢᠭᠡ ᠡᠪᠦᠭᠡᠳ ᠲᠦ ᠥᠭᠬᠦ ᠪᠡᠷ ᠶᠣᠬᠣᠸᠠ ᠶᠢᠨ ᠲᠠᠩ᠋ᠭᠠᠷᠢᠭᠯᠠᠭᠰᠠᠨ ᠲᠡᠷᠡ ᠭᠠᠵᠠᠷ ᠳᠡᠭᠡᠷ᠎ᠡ ᠲᠠ ᠨᠠᠷ ᠪᠣᠯᠣᠨ ᠲᠠᠨ ᠤ ᠬᠡᠦᠬᠡᠳ ᠦᠨ ᠪᠦᠬᠦ ᠠᠮᠢᠳᠤᠷᠠᠯ ᠤᠨ ᠡᠳᠦᠷ ᠬᠣᠨᠣᠭ ᠭᠠᠵᠠᠷ ᠳᠡᠭᠡᠭᠦᠷ ᠣᠷᠣᠰᠢᠳᠠᠭ ᠲᠩᠷᠢ ᠶᠢᠨ ᠡᠳᠦᠷ ᠬᠣᠨᠣᠭ ᠠᠳᠠᠯᠢ ᠣᠯᠠᠨ ᠪᠣᠯᠬᠤ ᠪᠣᠯᠣᠨ᠎ᠠ᠃

22 ᠬᠡᠷᠪᠡ ᠮᠢᠨᠦ ᠥᠭᠴᠦ ᠪᠤᠢ ᠡᠨᠡ ᠪᠦᠬᠦ ᠲᠤᠰᠢᠶᠠᠯ ᠢ ᠲᠠ ᠨᠠᠷ ᠲᠤᠤᠱᠲᠠᠢ ᠰᠠᠬᠢᠵᠤ᠂ ᠶᠣᠬᠣᠸᠠ ᠪᠤᠷᠬᠠᠨ ᠢᠶᠠᠨ ᠬᠠᠢᠷᠠᠯᠠᠨ ᠲᠡᠭᠦᠨ ᠦ ᠪᠦᠬᠦ ᠵᠠᠮ ᠢᠶᠠᠷ ᠶᠠᠪᠤᠵᠤ᠂ ᠲᠡᠭᠦᠨ ᠡᠴᠡ ᠵᠢᠭᠤᠷᠠᠨ ᠪᠠᠢᠪᠠᠯ᠂ 23 ᠶᠣᠬᠣᠸᠠ ᠡᠨᠡ ᠪᠦᠬᠦ ᠦᠨᠳᠦᠰᠦᠲᠡᠨ ᠢ ᠲᠠ ᠨᠠᠷ ᠤᠨ ᠡᠮᠦᠨ᠎ᠡ ᠡᠴᠡ ᠬᠥᠭᠡᠭᠡᠨ ᠭᠠᠷᠭᠠᠵᠤ᠂ ᠲᠠ ᠨᠠᠷ ᠥᠪᠡᠷᠰᠡᠳ ᠡᠴᠡ ᠪᠡᠨ ᠢᠯᠡᠭᠦᠦ ᠬᠦᠴᠦᠷᠬᠡᠭ᠂ ᠶᠡᠬᠡ ᠭᠦᠷᠦᠨ ᠨᠦᠭᠦᠳ ᠢ ᠡᠵᠡᠮᠰᠢᠬᠦ ᠪᠣᠯᠣᠨ᠎ᠠ᠃ 24 ᠲᠠ ᠨᠠᠷ ᠤᠨ ᠬᠥᠯ ᠲᠠᠯᠪᠢᠬᠤ ᠭᠠᠵᠠᠷ ᠪᠦᠬᠦᠨ ᠲᠠ ᠨᠠᠷ ᠤᠨ ᠬᠢ ᠪᠣᠯᠣᠨ᠎ᠠ᠃ ᠲᠠᠨ ᠤ ᠬᠢᠯᠢ ᠬᠢᠵᠠᠭᠠᠷ ᠴᠥᠯ ᠡᠴᠡ ᠯᠧᠪᠠᠨᠣᠨ ᠬᠦᠷᠴᠦ᠂ ᠶᠡᠬᠡ ᠮᠥᠷᠡᠨ ᠡᠶᠦ᠋ᠹᠷᠠᠲ᠋ᠧᠰ ᠡᠴᠡ ᠡᠬᠢᠯᠡᠨ ᠪᠠᠷᠠᠭᠤᠨ ᠲᠠᠩᠭᠢᠰ ᠲᠤ ᠬᠦᠷᠬᠦ ᠪᠣᠯᠣᠨ᠎ᠠ᠃ 25 ᠬᠡᠨ ᠴᠤ ᠲᠠ ᠨᠠᠷ ᠤᠨ ᠡᠰᠡᠷᠭᠦ ᠪᠣᠰᠴᠤ ᠴᠢᠳᠠᠬᠤ ᠦᠭᠡᠢ᠃ ᠲᠠᠨ ᠤ ᠪᠤᠷᠬᠠᠨ ᠶᠣᠬᠣᠸᠠ ᠲᠠ ᠨᠠᠷ ᠲᠤ ᠠᠢᠯᠠᠳᠤᠭᠰᠠᠨ ᠶᠣᠰᠣᠭᠠᠷ ᠢᠶᠠᠨ ᠲᠠ ᠨᠠᠷ ᠤᠨ ᠬᠥᠯ ᠲᠠᠯᠪᠢᠬᠤ ᠪᠦᠬᠦᠢᠯᠡ ᠭᠠᠵᠠᠷ ᠲᠤ ᠲᠠ ᠨᠠᠷ ᠠᠴᠠ ᠠᠶᠤᠬᠤ ᠠᠢᠳᠠᠰ ᠬᠦᠢᠳᠡᠰ ᠢ ᠥᠭᠭᠥᠨ᠎ᠡ᠃
 ᠢᠷᠥᠭᠡᠯ ᠪᠠ ᠬᠠᠷᠢᠶᠠᠯ

26 ᠬᠠᠷᠠ᠂ ᠥᠨᠥᠳᠥᠷ ᠪᠢ ᠲᠠ ᠨᠠᠷ ᠤᠨ ᠡᠮᠦᠨ᠎ᠡ ᠢᠷᠥᠭᠡᠯ᠂ ᠬᠠᠷᠢᠶᠠᠯ ᠬᠣᠶᠠᠷ ᠢ ᠲᠠᠯᠪᠢᠵᠤ ᠪᠠᠢᠨ᠎ᠠ︕ 27 ᠬᠡᠷᠪᠡ ᠮᠢᠨᠦ ᠥᠨᠥᠳᠥᠷ ᠦᠨ ᠥᠭᠴᠦ ᠪᠤᠢ ᠶᠣᠬᠣᠸᠠ ᠪᠤᠷᠬᠠᠨ ᠤ ᠪᠠᠨ ᠲᠤᠰᠢᠶᠠᠯ ᠤᠳ ᠢ ᠲᠠ ᠨᠠᠷ ᠳᠠᠭᠠᠪᠠᠯ ᠲᠡᠷᠡ ᠢᠷᠥᠭᠡᠯ ᠲᠣᠭᠲᠠᠬᠤ ᠪᠣᠯᠣᠨ᠎ᠠ᠃ 28 ᠬᠡᠷᠪᠡ ᠲᠠ ᠨᠠᠷ ᠶᠣᠬᠣᠸᠠ ᠪᠤᠷᠬᠠᠨ ᠤ ᠪᠠᠨ ᠲᠤᠰᠢᠶᠠᠯ ᠢ ᠳᠠᠭᠠᠬᠤ ᠦᠭᠡᠢ᠂ ᠮᠢᠨᠦ ᠥᠨᠥᠳᠥᠷ ᠦᠨ ᠥᠭᠴᠦ ᠪᠤᠢ ᠲᠤᠰᠢᠶᠠᠯ ᠤᠳ ᠠᠴᠠ ᠬᠠᠵᠠᠢᠵᠤ᠂ ᠲᠠᠨᠢᠳᠠᠭ ᠦᠭᠡᠢ ᠥᠭᠡᠷ᠎ᠡ ᠪᠤᠷᠬᠠᠳ ᠢ ᠳᠠᠭᠠᠪᠠᠯ ᠲᠡᠷᠡ ᠬᠠᠷᠢᠶᠠᠯ ᠲᠣᠭᠲᠠᠬᠤ ᠪᠣᠯᠣᠨ᠎ᠠ᠃

29 ᠴᠢᠨᠦ ᠣᠴᠢᠵᠤ ᠡᠵᠡᠮᠰᠢᠬᠦ ᠲᠡᠷᠡ ᠭᠠᠵᠠᠷ ᠲᠤ ᠴᠢᠨᠦ ᠪᠤᠷᠬᠠᠨ ᠶᠣᠬᠣᠸᠠ ᠴᠢᠮᠠᠶᠢ ᠣᠷᠣᠭᠤᠯᠬᠤ ᠦᠶ᠎ᠡ ᠳᠦ᠂ ᠴᠢ ᠭᠧᠷᠢᠽᠢᠮ ᠠᠭᠤᠯᠠᠨ ᠳᠡᠭᠡᠷ᠎ᠡ ᠢᠷᠥᠭᠡᠯ ᠢ᠂ ᠡᠪᠠᠯ ᠠᠭᠤᠯᠠᠨ ᠳᠡᠭᠡᠷ᠎ᠡ ᠬᠠᠷᠢᠶᠠᠯ ᠢ ᠲᠤᠩ᠋ᠬᠠᠭᠯᠠᠭᠲᠤᠨ᠃ 30 ᠲᠡᠷᠡ ᠬᠣᠶᠠᠷ ᠠᠭᠤᠯᠠ ᠶᠣᠷᠳᠠᠨ ᠤ ᠨᠥᠭᠥᠭᠡ ᠲᠠᠯ᠎ᠠ ᠳᠤ᠂ ᠨᠠᠷᠠᠨ ᠵᠢᠷᠭᠠᠬᠤ ᠵᠦᠭ ᠦᠨ ᠵᠠᠮ ᠳᠤ᠂ ᠶᠣᠷᠳᠠᠨ ᠤ ᠬᠥᠨᠳᠡᠢ ᠳᠦ ᠣᠷᠣᠰᠢᠨ ᠰᠠᠭᠤᠳᠠᠭ ᠺᠠᠨᠠᠨᠴᠤᠳ ᠤᠨ ᠨᠤᠲᠤᠭ ᠲᠤ᠂ ᠭᠢᠯᠭᠠᠯ ᠤᠨ ᠬᠠᠷᠠᠯᠳᠤᠭ᠎ᠠ᠂ ᠮᠣᠷᠧ ᠶᠢᠨ ᠴᠠᠷᠠᠰᠤᠨ ᠮᠣᠳᠣᠨ ᠤ ᠳᠡᠷᠭᠡᠳᠡ ᠪᠠᠢᠳᠠᠭ ᠪᠢᠰᠢ ᠤᠤ︖

31 ᠲᠠ ᠨᠠᠷ ᠶᠣᠷᠳᠠᠨ ᠢ ᠭᠠᠲᠤᠯᠵᠤ᠂ ᠴᠢᠨᠦ ᠪᠤᠷᠬᠠᠨ ᠶᠣᠬᠣᠸᠠ ᠶᠢᠨ ᠥᠭᠬᠦ ᠭᠡᠵᠦ ᠪᠤᠢ ᠲᠡᠷᠡ ᠨᠤᠲᠤᠭ ᠲᠤ ᠣᠷᠣᠵᠤ᠂ ᠲᠡᠷᠡ ᠨᠤᠲᠤᠭ ᠢ ᠡᠵᠡᠮᠰᠢᠬᠦ ᠭᠡᠵᠦ ᠪᠤᠢ᠃ ᠲᠡᠷᠡ ᠨᠤᠲᠤᠭ ᠢ ᠡᠵᠡᠮᠰᠢᠵᠦ᠂ ᠲᠡᠨᠳᠡ ᠪᠡᠨ ᠰᠠᠭᠤᠷᠢᠰᠢᠪᠠᠯ 32 ᠥᠨᠥᠳᠥᠷ ᠦᠨ ᠲᠠ ᠨᠠᠷ ᠤᠨ ᠡᠮᠦᠨ᠎ᠡ ᠲᠠᠯᠪᠢᠵᠤ ᠪᠤᠢ ᠪᠦᠬᠦ ᠬᠠᠤᠯᠢ ᠵᠢᠭᠠᠪᠤᠷᠢ ᠶᠢ ᠰᠠᠬᠢᠵᠤ ᠪᠡᠶᠡᠯᠡᠭᠦᠯᠬᠦ ᠶᠣᠰᠣᠲᠠᠢ᠃