ᠳᠡᠳ᠋ ᠬᠠᠤᠯᠢ ᠬᠣᠷᠢᠨ ᠳᠣᠯᠣᠭ᠎ᠠ
ᠴᠢᠯᠠᠭᠤᠨ ᠳᠡᠭᠡᠷ᠎ᠡ ᠪᠢᠴᠢᠭᠰᠡᠨ ᠬᠠᠤᠯᠢ
1 ᠮᠣᠰᠧ ᠢᠰᠷᠧᠯ ᠤᠨ ᠠᠬᠠᠮᠠᠳ ᠤᠳ ᠤᠨ ᠬᠠᠮᠲᠤ ᠠᠷᠠᠳ ᠲᠦᠮᠡᠨ ᠳᠦ ᠲᠤᠰᠢᠶᠠᠨ᠄ 《ᠥᠨᠥᠳᠥᠷ ᠦᠨ ᠮᠢᠨᠦ ᠥᠭᠴᠦ ᠪᠠᠢᠭ᠎ᠠ ᠪᠦᠬᠦ ᠲᠤᠰᠢᠶᠠᠯ ᠢ ᠲᠠ ᠨᠠᠷ ᠰᠠᠬᠢᠬᠤ ᠶᠣᠰᠣᠲᠠᠢ᠃ 2 ᠶᠣᠷᠳᠠᠨ ᠢ ᠭᠠᠲᠤᠯᠵᠤ ᠶᠣᠬᠣᠸᠠ ᠪᠤᠷᠬᠠᠨ ᠤ ᠪᠠᠨ ᠥᠭᠬᠦ ᠭᠠᠵᠠᠷ ᠤᠷᠤᠭᠤ ᠣᠷᠣᠬᠤ ᠳᠠᠭᠠᠨ ᠲᠣᠮᠣ ᠴᠢᠯᠠᠭᠤ ᠨᠤᠭᠤᠳ ᠪᠣᠰᠬᠠᠵᠤ ᠴᠣᠬᠣᠢ ᠪᠠᠷ ᠴᠣᠬᠣᠢᠳᠠ᠃ 3 ᠲᠠ ᠨᠠᠷ ᠭᠣᠣᠯ ᠭᠠᠲᠤᠯᠵᠤ᠂ ᠡᠴᠢᠭᠡ ᠡᠪᠦᠭᠡᠳ ᠦᠨ ᠴᠢᠨᠢ ᠪᠤᠷᠬᠠᠨ ᠶᠣᠬᠣᠸᠠ ᠶᠢᠨ ᠴᠢᠮ᠎ᠠ ᠳᠤ ᠠᠮᠠᠯᠠᠭᠰᠠᠨ ᠶᠣᠰᠣᠭᠠᠷ ᠪᠤᠷᠬᠠᠨ ᠶᠣᠬᠣᠸᠠ ᠶᠢᠨ ᠴᠢᠨᠢ ᠴᠢᠮ᠎ᠠ ᠳᠤ ᠥᠭᠬᠦ ᠭᠠᠵᠠᠷ᠂ ᠰᠦ᠋ ᠪᠠᠯ ᠤᠷᠤᠰᠤᠭᠰᠠᠨ ᠲᠡᠷᠡ ᠨᠤᠲᠤᠭ ᠲᠤ ᠣᠷᠣᠬᠤ ᠦᠶ᠎ᠡ ᠳᠡᠭᠡᠨ ᠴᠢ ᠡᠨᠡ ᠬᠠᠤᠯᠢ ᠶᠢᠨ ᠪᠦᠬᠦ ᠦᠭᠡ ᠶᠢ ᠲᠡᠷᠡ ᠴᠢᠯᠠᠭᠤ ᠨᠤᠭᠤᠳ ᠳᠡᠭᠡᠷ᠎ᠡ ᠪᠢᠴᠢ᠃ 4 ᠲᠠ ᠨᠠᠷ ᠶᠣᠷᠳᠠᠨ ᠢ ᠭᠠᠲᠤᠯᠤᠭᠰᠠᠨ ᠤ ᠳᠠᠷᠠᠭ᠎ᠠ᠂ ᠥᠨᠥᠳᠥᠷ ᠦᠨ ᠮᠢᠨᠦ ᠲᠤᠰᠢᠶᠠᠭᠰᠠᠨ ᠲᠡᠳᠡᠭᠡᠷ ᠴᠢᠯᠠᠭᠤ ᠶᠢ ᠡᠪᠠᠯ ᠠᠭᠤᠯᠠᠨ ᠳᠡᠭᠡᠷ᠎ᠡ ᠪᠣᠰᠬᠠᠭᠠᠳ ᠴᠣᠬᠣᠢ ᠪᠠᠷ ᠴᠣᠬᠣᠢᠳᠠ᠃ 5 ᠲᠡᠮᠦᠷ ᠪᠠᠭᠠᠵᠢ ᠬᠦᠷᠭᠡᠭᠡ ᠦᠭᠡᠢ ᠴᠢᠯᠠᠭᠤ ᠨᠤᠭᠤᠳ ᠢᠶᠠᠷ ᠲᠡᠨᠳᠡ ᠶᠣᠬᠣᠸᠠ ᠪᠤᠷᠬᠠᠨ ᠳᠠᠭᠠᠨ ᠵᠣᠷᠢᠭᠤᠯᠤᠨ ᠲᠠᠬᠢᠯ ᠤᠨ ᠰᠢᠷᠡᠭᠡ ᠪᠣᠰᠬ᠎ᠠ᠃ 6 ᠴᠢ ᠪᠦᠲᠦᠨ ᠴᠢᠯᠠᠭᠤ ᠨᠤᠭᠤᠳ ᠢᠶᠠᠷ ᠶᠣᠬᠣᠸᠠ ᠪᠤᠷᠬᠠᠨ ᠤ ᠪᠠᠨ ᠲᠠᠬᠢᠯ ᠤᠨ ᠰᠢᠷᠡᠭᠡ ᠶᠢ ᠪᠣᠰᠬᠠᠵᠤ᠂ ᠲᠡᠭᠦᠨ ᠳᠡᠭᠡᠷ᠎ᠡ ᠶᠣᠬᠣᠸᠠ ᠪᠤᠷᠬᠠᠨ ᠳᠠᠭᠠᠨ ᠰᠢᠲᠠᠭᠠᠯᠭᠠᠲᠤ ᠲᠠᠬᠢᠯ ᠡᠷᠭᠦ᠃ 7 ᠮᠥᠨ ᠡᠪ ᠦᠨ ᠲᠠᠬᠢᠯ ᠡᠷᠭᠦᠭᠡᠳ᠂ ᠲᠡᠨᠳᠡ ᠪᠡᠨ ᠢᠳᠡᠵᠦ᠂ ᠶᠣᠬᠣᠸᠠ ᠪᠤᠷᠬᠠᠨ ᠤ ᠪᠠᠨ ᠡᠮᠦᠨ᠎ᠡ ᠪᠠᠶᠠᠰᠴᠠᠭᠠ᠃ 8 ᠴᠢ ᠲᠡᠳᠡᠭᠡᠷ ᠴᠢᠯᠠᠭᠤᠨ ᠳᠡᠭᠡᠷ᠎ᠡ ᠡᠨᠡ ᠬᠠᠤᠯᠢ ᠶᠢᠨ ᠪᠦᠬᠦ ᠦᠭᠡ ᠶᠢ ᠲᠣᠪ ᠲᠣᠳᠣ ᠪᠢᠴᠢ》 ᠭᠡᠪᠡ᠃
ᠭᠡᠷ᠎ᠡ ᠶᠢ ᠵᠥᠷᠢᠴᠡᠪᠡᠯ ᠬᠠᠷᠢᠶᠠᠭᠳᠠᠨ᠎ᠠ
9 ᠮᠣᠰᠧ ᠲᠠᠬᠢᠯᠴᠢ ᠯᠧᠸᠢᠴᠦᠳ ᠲᠡᠢ ᠬᠠᠮᠲᠤ ᠪᠦᠬᠦ ᠢᠰᠷᠧᠯ ᠳᠤ᠄ 《ᠴᠢᠮᠡᠭᠡ ᠦᠭᠡᠢ ᠰᠣᠨᠣᠰ᠂ ᠢᠰᠷᠧᠯ ᠡ︕ ᠥᠨᠥᠳᠥᠷ ᠴᠢ ᠶᠣᠬᠣᠸᠠ ᠪᠤᠷᠬᠠᠨ ᠤ ᠪᠠᠨ ᠠᠷᠠᠳ ᠲᠦᠮᠡᠨ ᠪᠣᠯᠣᠯ᠎ᠠ᠃ 10 ᠲᠡᠢᠮᠦ ᠡᠴᠡ ᠪᠤᠷᠬᠠᠨ ᠶᠣᠬᠣᠸᠠ ᠶᠢᠨ ᠢᠶᠠᠨ ᠳᠠᠭᠤ ᠬᠣᠭᠣᠯᠠᠢ ᠶᠢ ᠰᠣᠨᠣᠰᠴᠤ ᠥᠨᠥᠳᠥᠷ ᠦᠨ ᠮᠢᠨᠦ ᠴᠢᠮ᠎ᠠ ᠳᠤ ᠲᠤᠰᠢᠶᠠᠵᠤ ᠪᠠᠢᠭ᠎ᠠ ᠲᠡᠭᠦᠨ ᠦ ᠲᠤᠰᠢᠶᠠᠯ ᠵᠢᠭᠠᠪᠤᠷᠢ ᠨᠤᠭᠤᠳ ᠢ ᠪᠡᠶᠡᠯᠡᠭᠦᠯ》 ᠭᠡᠪᠡ᠃
11 ᠮᠣᠰᠧ ᠲᠡᠷᠡ ᠡᠳᠦᠷ ᠠᠷᠠᠳ ᠲᠦᠮᠡᠨ ᠳᠦ ᠲᠤᠰᠢᠶᠠᠨ᠄ 12 《ᠶᠣᠷᠳᠠᠨ ᠢ ᠭᠠᠲᠤᠯᠤᠭᠰᠠᠨ ᠤ ᠳᠠᠷᠠᠭ᠎ᠠ᠂ ᠰᠢᠮᠧᠶᠣᠨ᠂ ᠯᠧᠸᠢ᠂ ᠶᠦᠳᠠ᠂ ᠢᠰᠠᠺᠠᠷ᠂ ᠶᠣᠰᠧᠹ᠂ ᠪᠢᠨᠶᠠᠮᠢᠨ ᠣᠪᠣᠭ ᠤᠨ ᠬᠢᠨ ᠠᠷᠠᠳ ᠲᠦᠮᠡᠨ ᠢ ᠢᠷᠥᠭᠡᠬᠦ ᠪᠡᠷ ᠭᠧᠷᠢᠽᠢᠮ ᠠᠭᠤᠯᠠᠨ ᠳᠡᠭᠡᠷ᠎ᠡ ᠵᠣᠭᠰᠣᠵᠤ᠂ 13 ᠷᠧᠣᠪᠧᠨ᠂ ᠭᠠᠳ᠋᠂ ᠠᠱᠧᠷ᠂ ᠽᠧᠪᠦ᠋ᠯᠣᠨ᠂ ᠳ᠋ᠠᠨ᠂ ᠨᠠᠹᠲ᠋ᠠᠯᠢ ᠣᠪᠣᠭ ᠤᠨ ᠬᠢᠨ ᠬᠠᠷᠢᠶᠠᠬᠤ ᠪᠠᠷ ᠡᠪᠠᠯ ᠠᠭᠤᠯᠠᠨ ᠳᠡᠭᠡᠷ᠎ᠡ ᠵᠣᠭᠰᠣᠨ᠎ᠠ᠃ 14 ᠯᠧᠸᠢᠴᠦᠳ ᠪᠦᠬᠦ ᠢᠰᠷᠧᠯᠴᠦᠳ ᠲᠦ ᠴᠢᠩᠭ᠍᠎ᠠ ᠳᠠᠭᠤ ᠪᠠᠷ ᠲᠤᠩ᠋ᠬᠠᠭᠯᠠᠨ᠄
15 〈ᠤᠷᠠᠴᠤᠳ ᠤᠨ ᠭᠠᠷ ᠢᠶᠠᠷ ᠰᠡᠢᠯᠦᠭᠰᠡᠨ᠂ ᠡᠰᠡᠪᠡᠯ ᠴᠢᠳᠬᠤᠭᠰᠠᠨ ᠰᠢᠲᠦᠭᠡᠨ ᠨᠢ ᠶᠣᠬᠣᠸᠠ ᠳᠤ ᠵᠢᠭᠰᠢᠭᠦᠷᠢ ᠲᠠᠢ ᠪᠠᠢᠲᠠᠯ᠎ᠠ ᠲᠡᠳᠡᠭᠡᠷ ᠢ ᠬᠢᠵᠦ᠂ ᠨᠢᠭᠤᠴᠠ ᠪᠠᠷ ᠪᠣᠰᠬᠠᠭᠴᠢ ᠨᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ ᠬᠠᠷᠢᠭᠤ ᠳᠤᠨᠢ᠄ 〈ᠠᠮᠧᠨ〉 ᠭᠡᠨ᠎ᠡ᠃
16 〈ᠡᠴᠢᠭᠡ ᠡᠬᠡ ᠪᠡᠨ ᠪᠠᠰᠤᠮᠵᠢᠯᠠᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
17 〈ᠬᠥᠷᠰᠢ ᠶᠢᠨ ᠢᠶᠠᠨ ᠬᠢᠯᠢ ᠶᠢ ᠥᠭᠡᠷᠡᠴᠢᠯᠡᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
18 〈ᠰᠣᠬᠣᠷ ᠬᠥᠮᠦᠨ ᠢ ᠵᠠᠮ ᠠᠴᠠ ᠨᠢ ᠲᠥᠭᠡᠷᠢᠭᠦᠯᠦᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
19 〈ᠴᠠᠭᠠᠴᠢᠨ᠂ ᠥᠨᠥᠴᠢᠨ᠂ ᠪᠡᠯᠪᠡᠰᠦᠨ ᠦ ᠭᠣᠮᠣᠳᠠᠯ ᠢ ᠣᠭᠣᠷᠣᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
20 〈ᠡᠴᠢᠭᠡ ᠶᠢᠨ ᠢᠶᠠᠨ ᠡᠬᠡᠨᠡᠷ ᠲᠡᠢ ᠤᠨᠲᠠᠵᠤ᠂ ᠡᠴᠢᠭᠡ ᠶᠢᠨ ᠢᠶᠠᠨ ᠬᠣᠷᠮᠣᠢ ᠶᠢ ᠰᠡᠬᠦᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
21 〈ᠮᠠᠯ ᠠᠮᠢᠲᠠᠨ ᠲᠠᠢ ᠶᠠᠪᠤᠯᠳᠠᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
22 〈ᠥᠪᠡᠷ ᠦᠨ ᠡᠭᠡᠴᠢ ᠳᠡᠭᠦᠦ᠂ ᠡᠴᠢᠭᠡ ᠶᠢᠨ ᠢᠶᠠᠨ ᠥᠬᠢᠨ᠂ ᠡᠰᠡᠪᠡᠯ ᠡᠬᠡ ᠶᠢᠨ ᠢᠶᠠᠨ ᠥᠬᠢᠨ ᠲᠠᠢ ᠤᠨᠲᠠᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
23 〈ᠬᠠᠳᠠᠮ ᠡᠬᠡ ᠲᠠᠢ ᠪᠠᠨ ᠤᠨᠲᠠᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
24 〈ᠬᠥᠷᠰᠢ ᠪᠠᠨ ᠨᠢᠭᠤᠴᠠ ᠪᠠᠷ ᠴᠣᠬᠢᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
25 〈ᠬᠠᠬᠤᠤᠯᠢ ᠠᠪᠴᠤ ᠭᠡᠮ ᠦᠭᠡᠢ ᠴᠢᠰᠤ ᠶᠢ ᠤᠷᠤᠰᠬᠠᠭᠴᠢ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉 ᠭᠡᠨ᠎ᠡ᠃
26 〈ᠡᠨᠡ ᠬᠠᠤᠯᠢ ᠶᠢᠨ ᠪᠦᠬᠦ ᠦᠭᠡ ᠶᠢ ᠳᠠᠭᠠᠵᠤ ᠪᠡᠶᠡᠯᠡᠭᠦᠯᠬᠦ ᠦᠭᠡᠢ ᠬᠥᠮᠦᠨ ᠬᠠᠷᠢᠶᠠᠭᠳᠠᠭᠰᠠᠨ〉 ᠭᠡᠬᠦ ᠳᠦ᠂ ᠪᠦᠬᠦ ᠠᠷᠠᠳ ᠲᠦᠮᠡᠨ᠄ 〈ᠠᠮᠧᠨ〉》 ᠭᠡᠨ᠎ᠡ᠃