ᠳᠡᠳ᠋ ᠬᠠᠤᠯᠢ ᠬᠣᠷᠢᠨ ᠲᠠᠪᠤ
ᠰᠢᠳᠤᠷᠭᠤ ᠶᠣᠰᠣ ᠪᠠ ᠥᠷᠥᠰᠢᠶᠡᠯ
1 ᠬᠡᠷᠪᠡ ᠬᠥᠮᠦᠰ ᠬᠣᠭᠣᠷᠣᠨᠳᠣ ᠪᠠᠨ ᠮᠠᠷᠭᠤᠯᠳᠤᠨ ᠰᠢᠭᠦᠬᠦ ᠳᠦ ᠢᠷᠡᠪᠡᠯ᠂ ᠲᠡᠳᠡᠨ ᠢ ᠰᠢᠭᠦᠵᠦ ᠵᠥᠪᠲᠡᠨ ᠢ ᠨᠢ ᠵᠥᠪᠲᠥᠭᠡᠨ᠂ ᠪᠤᠷᠤᠭᠤᠲᠠᠨ ᠢ ᠨᠢ ᠰᠢᠳᠬᠡᠬᠦ ᠶᠣᠰᠣᠲᠠᠢ᠃ 2 ᠪᠤᠷᠤᠭᠤᠲᠠᠨ ᠳᠤ ᠵᠠᠨᠴᠢᠬᠤ ᠰᠢᠳᠬᠡᠯ ᠬᠦᠯᠢᠶᠡᠯᠭᠡᠬᠦ ᠨᠢ ᠵᠣᠬᠢᠰᠲᠠᠢ ᠪᠠᠢᠪᠠᠯ᠂ ᠰᠢᠭᠦᠭᠴᠢ ᠲᠡᠭᠦᠨ ᠢ ᠥᠪᠡᠷ ᠦᠨ ᠢᠶᠠᠨ ᠡᠮᠦᠨ᠎ᠡ ᠬᠡᠪᠲᠡᠭᠦᠯᠦᠭᠡᠳ ᠬᠢᠭᠰᠡᠨ ᠭᠡᠮ ᠦᠨ ᠬᠢᠨᠢ ᠬᠢᠷᠢ ᠪᠠᠷ ᠵᠠᠨᠴᠢᠭᠤᠯᠤᠨᠠ᠃ 3 ᠲᠡᠭᠦᠨ ᠢ ᠳᠥᠴᠢ ᠵᠠᠨᠴᠢᠵᠤ ᠪᠣᠯᠣᠨ᠎ᠠ᠂ ᠬᠠᠷᠢᠨ ᠲᠡᠭᠦᠨ ᠡᠴᠡ ᠬᠡᠲᠦᠷᠡᠭᠦᠯᠵᠦ ᠪᠣᠯᠬᠤ ᠦᠭᠡᠢ᠃ ᠡᠭᠦᠨ ᠡᠴᠡ ᠢᠯᠡᠭᠦᠦ ᠵᠠᠨᠴᠢᠭᠳᠠᠪᠠᠯ ᠲᠡᠷᠡ ᠠᠬ᠎ᠠ ᠳᠡᠭᠦᠦ ᠴᠢᠨᠢ ᠲᠠ ᠨᠠᠷ ᠤᠨ ᠨᠢᠳᠦᠨ ᠦ ᠡᠮᠦᠨ᠎ᠡ ᠪᠠᠰᠤᠮᠵᠢᠯᠠᠭᠳᠠᠬᠤ ᠪᠤᠢ᠃
4 ᠲᠠᠷᠢᠶ᠎ᠠ ᠦᠲᠦᠷᠮᠡᠳᠡᠵᠦ ᠪᠤᠢ ᠦᠬᠡᠷ ᠦᠨ ᠠᠮᠠᠨ ᠳᠤ ᠲᠣᠷᠣᠮᠳᠣᠭ ᠪᠦᠦ ᠵᠡᠭᠦᠯᠭᠡ᠃
ᠦᠷ᠎ᠡ ᠤᠳᠤᠮ ᠵᠠᠯᠭᠠᠬᠤ
5 ᠠᠬ᠎ᠠ ᠳᠡᠭᠦᠦᠰ ᠴᠤᠭ ᠲᠠᠭᠠᠨ ᠰᠠᠭᠤᠵᠤ ᠪᠠᠢᠭᠠᠳ ᠨᠢᠭᠡ ᠨᠢ ᠬᠥᠪᠡᠭᠦᠨ ᠦᠭᠡᠢ ᠪᠠᠷ ᠥᠭᠡᠳᠡ ᠪᠣᠯᠪᠠᠯ᠂ ᠡᠬᠡᠨᠡᠷ ᠨᠢ ᠭᠡᠷ ᠪᠦᠯᠢ ᠶᠢᠨ ᠢᠶᠠᠨ ᠭᠠᠳᠠᠨᠠᠬᠢ ᠬᠥᠮᠦᠨ ᠲᠡᠢ ᠭᠡᠷᠯᠡᠵᠦ ᠪᠣᠯᠬᠤ ᠦᠭᠡᠢ᠃ ᠬᠠᠷᠢᠨ ᠨᠥᠬᠥᠷ ᠦᠨ ᠬᠢᠨᠢ ᠠᠬ᠎ᠠ ᠳᠡᠭᠦᠦ ᠲᠡᠭᠦᠨ ᠳᠡᠭᠡᠷ᠎ᠡ ᠣᠷᠣᠵᠤ᠂ ᠡᠬᠡᠨᠡᠷ ᠢᠶᠡᠨ ᠪᠣᠯᠭᠠᠨ ᠠᠪᠤᠭᠠᠳ ᠨᠥᠬᠥᠷ ᠦᠨ ᠢᠶᠠᠨ ᠠᠬ᠎ᠠ ᠳᠡᠭᠦᠦ ᠶᠢᠨ ᠡᠭᠦᠷᠭᠡ ᠶᠢ ᠲᠡᠭᠦᠨ ᠳᠦ ᠭᠦᠢᠴᠡᠳᠬᠡᠬᠦ ᠪᠥᠭᠡᠳ 6 ᠲᠡᠷᠡ ᠡᠮᠡᠭᠲᠡᠢ ᠶᠢᠨ ᠲᠥᠷᠥᠭᠦᠯᠬᠦ ᠤᠤᠭᠠᠨ ᠬᠦᠦ ᠨᠢ ᠠᠬ᠎ᠠ ᠶᠢᠨ ᠬᠢᠨᠢ ᠭᠣᠯᠣᠮᠲᠠ ᠶᠢ ᠵᠠᠯᠭᠠᠮᠵᠢᠯᠠᠬᠤ ᠶᠣᠰᠣᠲᠠᠢ᠃ ᠡᠢᠨ ᠬᠦ ᠨᠥᠭᠥᠭᠡ ᠥᠭᠡᠳᠡ ᠪᠣᠯᠣᠭᠰᠠᠨ ᠬᠥᠮᠦᠨ ᠦ ᠨᠡᠷ᠎ᠡ ᠢᠰᠷᠧᠯ ᠡᠴᠡ ᠪᠠᠯᠠᠯᠠᠭᠳᠠᠬᠤ ᠦᠭᠡᠢ ᠪᠠᠢᠬᠤ ᠪᠣᠯᠣᠨ᠎ᠠ᠃ 7 ᠬᠠᠷᠢᠨ ᠠᠬ᠎ᠠ ᠳᠡᠭᠦᠦ ᠶᠢᠨ ᠢᠶᠠᠨ ᠡᠬᠡᠨᠡᠷ ᠢ ᠠᠪᠬᠤ ᠳᠤᠷ᠎ᠠ ᠦᠭᠡᠢ ᠪᠠᠢᠬᠤ ᠨᠥᠬᠥᠴᠡᠯ ᠳᠦ᠂ ᠲᠡᠷᠡ ᠡᠮᠡᠭᠲᠡᠢ ᠬᠣᠲᠠ ᠶᠢᠨ ᠬᠠᠭᠠᠯᠭᠠᠨ ᠳᠡᠭᠡᠷᠡᠬᠢ ᠠᠬᠠᠮᠠᠳ ᠤᠳ ᠲᠤ ᠣᠴᠢᠵᠤ᠂ 《ᠮᠢᠨᠦ ᠨᠥᠬᠥᠷ ᠦᠨ ᠠᠬ᠎ᠠ ᠳᠡᠭᠦᠦ ᠢᠰᠷᠧᠯ ᠤᠨ ᠳᠤᠮᠳᠠ ᠠᠬ᠎ᠠ ᠳᠡᠭᠦᠦ ᠶᠢᠨ ᠢᠶᠠᠨ ᠭᠣᠯᠣᠮᠲᠠ ᠶᠢ ᠵᠠᠯᠭᠠᠮᠵᠢᠯᠠᠬᠤ ᠦᠭᠡᠢ᠂ ᠨᠠᠳᠠ ᠳᠤ ᠨᠥᠬᠥᠷ ᠦᠨ ᠮᠢᠨᠢ ᠠᠬ᠎ᠠ ᠳᠡᠭᠦᠦ ᠶᠢᠨ ᠡᠭᠦᠷᠭᠡ ᠶᠢ ᠭᠦᠢᠴᠡᠳᠬᠡᠬᠦ ᠦᠭᠡᠢ ᠪᠠᠢᠨ᠎ᠠ》 ᠭᠡᠵᠦ ᠬᠡᠯᠡᠨ᠎ᠡ᠃ 8 ᠲᠡᠭᠡᠪᠡᠯ ᠬᠣᠲᠠ ᠶᠢᠨ ᠠᠬᠠᠮᠠᠳ ᠤᠳ ᠲᠡᠷᠡ ᠡᠷ᠎ᠡ ᠶᠢ ᠳᠠᠭᠤᠳᠠᠨ ᠠᠪᠴᠢᠷᠠᠵᠤ ᠶᠠᠷᠢᠯᠴᠠᠨ᠎ᠠ᠃ ᠭᠡᠪᠡᠴᠦ ᠲᠡᠷᠡ ᠨᠥᠭᠥᠭᠡ ᠡᠮᠡᠭᠲᠡᠢ ᠶᠢ ᠠᠪᠬᠤ ᠳᠤᠷ᠎ᠠ ᠦᠭᠡᠢ ᠭᠡᠵᠦ ᠲᠠᠰᠤ ᠶᠠᠷᠢᠵᠤ ᠪᠠᠢᠪᠠᠯ᠂ 9 ᠠᠬ᠎ᠠ ᠳᠡᠭᠦᠦ ᠶᠢᠨ ᠬᠢᠨᠢ ᠡᠬᠡᠨᠡᠷ ᠠᠬᠠᠮᠠᠳ ᠤᠳ ᠤᠨ ᠨᠢᠳᠦᠨ ᠳᠡᠭᠡᠷ᠎ᠡ ᠲᠡᠭᠦᠨ ᠤᠷᠤᠭᠤ ᠳᠥᠭᠥᠨ ᠣᠴᠢᠭᠠᠳ ᠱᠠᠬᠠᠢ ᠶᠢ ᠨᠢ ᠬᠥᠯ ᠡᠴᠡ ᠨᠢ ᠮᠤᠯᠲᠤᠯᠤᠨ ᠠᠪᠴᠤ᠂ ᠨᠢᠭᠤᠷ ᠤᠷᠤᠭᠤ ᠨᠢ ᠨᠢᠯᠪᠤᠨ᠄ 《ᠠᠬ᠎ᠠ ᠳᠡᠭᠦᠦ ᠶᠢᠨ ᠢᠶᠠᠨ ᠭᠡᠷ ᠢ ᠪᠣᠰᠬᠠᠬᠤ ᠦᠭᠡᠢ ᠬᠥᠮᠦᠨ ᠢ ᠢᠩᠭᠢᠪᠡᠯ ᠲᠠᠭᠠᠷᠠᠨ᠎ᠠ》 ᠭᠡᠵᠦ ᠬᠡᠯᠡᠨ᠎ᠡ᠃ 10 ᠲᠡᠭᠡᠪᠡᠯ ᠲᠡᠷᠡ ᠡᠷ᠎ᠡ ᠶᠢᠨ ᠭᠡᠷ ᠢᠰᠷᠧᠯ ᠤᠨ ᠳᠤᠮᠳᠠ 《ᠱᠠᠬᠠᠢ ᠪᠠᠨ ᠮᠤᠯᠲᠤᠯᠤᠭᠤᠯᠤᠭᠰᠠᠨ ᠬᠥᠮᠦᠨ ᠦ ᠭᠡᠷ》 ᠭᠡᠵᠦ ᠬᠣᠴᠢᠯᠠᠭᠳᠠᠬᠤ ᠪᠣᠯᠣᠨ᠎ᠠ᠃
11 ᠬᠡᠷᠪᠡ ᠬᠣᠶᠠᠷ ᠬᠥᠮᠦᠨ ᠵᠣᠳᠣᠯᠳᠤᠵᠤ ᠪᠠᠢᠬᠤ ᠳᠤ᠂ ᠨᠢᠭᠡ ᠶᠢᠨ ᠬᠢᠨᠢ ᠡᠬᠡᠨᠡᠷ ᠴᠣᠬᠢᠵᠤ ᠪᠠᠢᠭ᠎ᠠ ᠬᠥᠮᠦᠨ ᠦ ᠭᠠᠷ ᠠᠴᠠ ᠨᠥᠬᠥᠷ ᠢᠶᠡᠨ ᠠᠪᠤᠷᠠᠬᠤ ᠪᠠᠷ ᠣᠢᠷᠠᠲᠤᠨ ᠣᠴᠢᠭᠠᠳ᠂ ᠭᠠᠷ ᠰᠤᠩ᠋ᠭᠠᠨ ᠨᠥᠭᠥᠭᠡ ᠬᠥᠮᠦᠨ ᠦ ᠪᠡᠯᠭᠡ ᠶᠢᠨ ᠡᠷᠬᠡᠲᠡᠨ ᠡᠴᠡ ᠪᠠᠷᠢᠵᠤ ᠠᠪᠤᠭᠰᠠᠨ ᠲᠣᠬᠢᠶᠠᠯᠳᠤᠯ ᠳᠤ᠂ 12 ᠲᠡᠷᠡ ᠡᠮᠡᠭᠲᠡᠢ ᠶᠢᠨ ᠭᠠᠷ ᠢ ᠲᠠᠰᠤᠳᠠ᠃ ᠲᠡᠭᠦᠨ ᠢ ᠪᠦᠦ ᠥᠷᠥ ᠡᠪᠡᠳᠦᠨ ᠬᠠᠷ᠎ᠠ᠃
ᠭᠣᠣᠯᠴᠢ ᠬᠡᠮᠵᠢᠭᠦᠷ
13 ᠴᠢ ᠤᠭᠤᠲᠠᠨ ᠳᠠᠭᠠᠨ ᠲᠣᠮᠣ᠂ ᠵᠢᠵᠢᠭ ᠲᠠᠤᠬᠠᠢ ᠶᠢ ᠬᠠᠮᠲᠤ ᠳᠤᠨᠢ ᠪᠦᠦ ᠬᠢ᠂ 14 ᠭᠡᠷ ᠲᠡᠭᠡᠨ ᠲᠣᠮᠣ᠂ ᠵᠢᠵᠢᠭ ᠬᠡᠮᠵᠢᠭᠦᠷ ᠢ ᠬᠠᠮᠲᠤ ᠳᠤᠨᠢ ᠪᠦᠦ ᠪᠠᠢᠯᠭ᠎ᠠ᠂ 15 ᠴᠢᠨᠦ ᠲᠠᠤᠬᠠᠢ ᠵᠥᠪ ᠰᠢᠳᠤᠷᠭᠤ᠂ ᠴᠢᠨᠦ ᠬᠡᠮᠵᠢᠭᠦᠷ ᠴᠤ ᠲᠥᠪ ᠴᠢᠬᠡᠴᠢ ᠪᠠᠢᠬᠤ ᠶᠣᠰᠣᠲᠠᠢ᠃ ᠲᠡᠭᠡᠪᠡᠯ ᠶᠣᠬᠣᠸᠠ ᠪᠤᠷᠬᠠᠨ ᠠᠴᠠ ᠴᠢᠨᠢ ᠴᠢᠮ᠎ᠠ ᠳᠤ ᠥᠭᠬᠦ ᠭᠠᠵᠠᠷ ᠲᠤ ᠴᠢ ᠤᠷᠲᠤ ᠨᠠᠰᠤᠯᠠᠨ᠎ᠠ᠃ 16 ᠲᠡᠢᠮᠦ ᠬᠡᠷᠡᠭ ᠢ᠂ ᠲᠡᠢᠮᠦ ᠰᠢᠳᠤᠷᠭᠤ ᠪᠤᠰᠤ ᠶᠢ ᠦᠢᠯᠡᠳᠦᠭᠴᠢ ᠪᠣᠯᠭᠠᠨ ᠶᠣᠬᠣᠸᠠ ᠪᠤᠷᠬᠠᠨ ᠳᠤ ᠴᠢᠨᠢ ᠵᠢᠭᠰᠢᠭᠦᠷᠢ ᠪᠣᠯᠣᠨ᠎ᠠ᠃
ᠠᠮᠠᠯᠧᠺᠴᠤᠳ ᠢ ᠰᠢᠳᠬᠡᠬᠦ
17 ᠶᠧᠵᠢᠫᠲ ᠡᠴᠡ ᠭᠠᠷᠴᠤ ᠢᠷᠡᠬᠦ ᠳᠦ᠂ ᠵᠠᠮ ᠳᠤ ᠴᠢᠨᠢ ᠠᠮᠠᠯᠧᠺ ᠴᠢᠮ᠎ᠠ ᠳᠤ ᠶᠠᠭᠤ ᠬᠢᠭᠰᠡᠨ ᠢ ᠰᠠᠨᠠᠭᠲᠤᠨ᠃ 18 ᠲᠡᠳᠡ ᠪᠤᠷᠬᠠᠨ ᠠᠴᠠ ᠡᠮᠢᠶᠡᠯ ᠦᠭᠡᠢ ᠪᠠᠷ ᠶᠠᠳᠠᠷᠠᠵᠤ ᠵᠦᠳᠡᠷᠡᠵᠦ ᠶᠠᠪᠤᠬᠤ ᠵᠠᠮ ᠳᠡᠭᠡᠷ᠎ᠡ ᠴᠢᠨᠢ ᠳᠠᠭᠠᠷᠢᠵᠤ᠂ ᠲᠠ ᠨᠠᠷ ᠤᠨ ᠰᠡᠭᠦᠯ ᠳᠦ ᠶᠠᠪᠤᠭ᠎ᠠ ᠰᠤᠯᠠ ᠳᠣᠷᠣᠢ ᠬᠥᠮᠦᠰ ᠢ ᠴᠣᠬᠢᠵᠠᠢ᠃ 19 ᠶᠣᠬᠣᠸᠠ ᠪᠤᠷᠬᠠᠨ ᠠᠴᠠ ᠴᠢᠨᠢ ᠥᠪ ᠪᠣᠯᠭᠠᠨ ᠡᠵᠡᠮᠰᠢᠭᠦᠯᠬᠦ ᠲᠡᠷᠡ ᠭᠠᠵᠠᠷ ᠳᠡᠭᠡᠷ᠎ᠡ᠂ ᠴᠢᠨᠦ ᠪᠤᠷᠬᠠᠨ ᠶᠣᠬᠣᠸᠠ ᠡᠷᠭᠢᠨ ᠲᠣᠭᠣᠷᠢᠨ ᠳᠤ ᠴᠢᠨᠢ ᠪᠠᠢᠭ᠎ᠠ ᠪᠦᠬᠦ ᠳᠠᠢᠰᠤᠨ ᠠᠴᠠ ᠴᠢᠮᠠᠶᠢ ᠠᠮᠠᠷᠠᠭᠠᠬᠤ ᠲᠡᠷᠡ ᠴᠠᠭ ᠲᠤ ᠴᠢ ᠠᠮᠠᠯᠧᠺ ᠢ ᠲᠩᠷᠢ ᠶᠢᠨ ᠳᠣᠣᠷ᠎ᠠ ᠠᠴᠠ ᠳᠤᠷᠠᠰᠤᠮᠵᠢ ᠴᠤ ᠦᠭᠡᠢ ᠪᠣᠯᠲᠠᠯ᠎ᠠ ᠨᠢ ᠤᠰᠠᠳᠬᠠᠬᠤ ᠶᠣᠰᠣᠲᠠᠢ᠃ ᠡᠭᠦᠨ ᠢ ᠴᠢ ᠪᠦᠦ ᠮᠠᠷᠲᠠ᠃