ᠳᠡᠳ᠋ ᠬᠠᠤᠯᠢ ᠲᠠᠪᠤ
ᠠᠷᠪᠠᠨ ᠬᠠᠤᠯᠢ
1 ᠮᠣᠰᠧ ᠪᠦᠬᠦ ᠢᠰᠷᠧᠯ ᠢ ᠳᠠᠭᠤᠳᠠᠨ ᠲᠡᠳᠡᠨ ᠳᠦ᠄ 《ᠢᠰᠷᠧᠯ ᠡ᠂ ᠥᠨᠥᠳᠥᠷ ᠦᠨ ᠮᠢᠨᠦ ᠲᠠ ᠨᠠᠷ ᠲᠤ ᠰᠣᠨᠣᠷᠳᠠᠭᠤᠯᠵᠤ ᠪᠤᠢ ᠬᠠᠤᠯᠢ ᠪᠣᠯᠣᠨ ᠵᠢᠭᠠᠪᠤᠷᠢ ᠶᠢ ᠰᠣᠨᠣᠰᠣᠭᠲᠤᠨ᠃ ᠡᠳᠡᠭᠡᠷ ᠢ ᠲᠠ ᠨᠠᠷ ᠰᠤᠷᠤᠭᠠᠳ᠂ ᠰᠠᠬᠢᠵᠤ ᠪᠡᠶᠡᠯᠡᠭᠦᠯ︕ 2 ᠪᠢᠳᠡᠨ ᠦ ᠪᠤᠷᠬᠠᠨ ᠶᠣᠬᠣᠸᠠ ᠬᠣᠷᠧᠪ ᠠᠭᠤᠯᠠᠨ ᠳᠤ ᠪᠢᠳᠡᠨ ᠲᠡᠢ ᠭᠡᠷ᠎ᠡ ᠪᠠᠢᠭᠤᠯᠤᠭᠰᠠᠨ ᠪᠢᠯᠡ᠃ 3 ᠶᠣᠬᠣᠸᠠ ᠡᠨᠡ ᠭᠡᠷ᠎ᠡ ᠪᠡᠨ ᠪᠢᠳᠡᠨ ᠦ ᠡᠴᠢᠭᠡ ᠡᠪᠦᠭᠡᠳ ᠲᠡᠢ ᠪᠠᠢᠭᠤᠯᠤᠭ᠎ᠠ ᠦᠭᠡᠢ᠂ ᠬᠠᠷᠢᠨ ᠥᠨᠥᠳᠥᠷ ᠡ᠊ᠨᠳᠡ ᠠᠮᠢᠳᠤ ᠪᠠᠢᠭ᠎ᠠ ᠪᠢᠳᠡ ᠪᠦᠬᠦᠨ ᠲᠡᠢ ᠪᠠᠢᠭᠤᠯᠤᠭᠰᠠᠨ ᠶᠤᠮ᠃ 4 ᠶᠣᠬᠣᠸᠠ ᠲᠡᠷᠡ ᠠᠭᠤᠯᠠᠨ ᠳᠡᠭᠡᠷ᠎ᠡ ᠭᠠᠯ ᠤᠨ ᠳᠤᠮᠳᠠ ᠠᠴᠠ ᠲᠠ ᠨᠠᠷ ᠲᠠᠢ ᠨᠢᠭᠤᠷ ᠨᠢᠭᠤᠷ ᠢᠶᠠᠷ ᠢᠶᠠᠨ ᠶᠠᠷᠢᠭᠰᠠᠨ᠃ 5 ᠲᠠ ᠨᠠᠷ ᠭᠠᠯ ᠠᠴᠠ ᠠᠶᠤᠭᠠᠳ ᠠᠭᠤᠯᠠ ᠥᠭᠡᠳᠡ ᠭᠠᠷᠬᠤ ᠦᠭᠡᠢ ᠪᠠᠢᠭᠰᠠᠨ ᠤᠴᠢᠷ ᠲᠡᠷᠡ ᠦᠶ᠎ᠡ ᠳᠦ ᠪᠢ ᠶᠣᠬᠣᠸᠠ ᠶᠢᠨ ᠦᠭᠡ ᠶᠢ ᠲᠠ ᠨᠠᠷ ᠲᠤ ᠤᠯᠠᠮᠵᠢᠯᠠᠬᠤ ᠪᠠᠷ ᠶᠣᠬᠣᠸᠠ ᠪᠣᠯᠣᠨ ᠲᠠ ᠨᠠᠷ ᠤᠨ ᠬᠣᠭᠣᠷᠣᠨᠳᠣ ᠵᠣᠭᠰᠣᠵᠤ ᠪᠠᠢᠭᠰᠠᠨ᠃ ᠶᠣᠬᠣᠸᠠ ᠢᠩᠭᠢᠵᠦ ᠠᠢᠯᠠᠳᠪᠠ᠄
6 《ᠴᠢᠨᠦ ᠪᠤᠷᠬᠠᠨ ᠪᠣᠯ ᠶᠣᠬᠣᠸᠠ ᠪᠢ᠂ ᠴᠢᠮᠠᠶᠢ ᠪᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠵᠤ ᠠᠪᠴᠢᠷᠠᠭᠰᠠᠨ᠃ 7 ᠴᠢ ᠨᠠᠳᠠ ᠠᠴᠠ ᠥᠭᠡᠷ᠎ᠡ ᠪᠤᠷᠬᠠᠳ ᠲᠠᠢ ᠪᠠᠢᠵᠤ ᠪᠣᠯᠬᠤ ᠦᠭᠡᠢ᠃
8 ᠴᠢ ᠥᠪᠡᠷ ᠦᠨ ᠢᠶᠠᠨ ᠲᠥᠯᠥᠭᠡ ᠳᠡᠭᠡᠷ᠎ᠡ ᠲᠩᠷᠢ ᠳᠠᠬᠢ᠂ ᠡᠰᠡᠪᠡᠯ ᠳᠣᠣᠷ᠎ᠠ ᠭᠠᠵᠠᠷ ᠳᠠᠬᠢ᠂ ᠡᠰᠡᠪᠡᠯ ᠭᠠᠵᠠᠷ ᠳᠣᠣᠷᠠᠬᠢ᠂ ᠤᠰᠤᠨ ᠳᠣᠲᠣᠷᠠᠬᠢ ᠶᠠᠮᠠᠷ ᠨᠢᠭᠡ ᠶᠠᠭᠤᠮᠠᠨ ᠤ ᠳᠦᠷᠰᠦ ᠲᠠᠢ ᠰᠢᠲᠦᠭᠡᠨ ᠢ ᠪᠦᠦ ᠪᠦᠲᠦᠭᠡ᠃ 9 ᠴᠢ ᠲᠡᠳᠡᠭᠡᠷ ᠲᠦ ᠪᠦᠦ ᠮᠥᠷᠭᠥ᠂ ᠪᠦᠦ ᠦᠢᠯᠡᠴᠢᠯᠡ᠃ ᠤᠴᠢᠷ ᠨᠢ ᠴᠢᠨᠦ ᠪᠤᠷᠬᠠᠨ ᠶᠣᠬᠣᠸᠠ ᠪᠢ ᠪᠣᠯ ᠬᠠᠷᠠᠲᠠᠢ ᠪᠤᠷᠬᠠᠨ ᠪᠣᠯᠬᠣᠷ ᠥᠪᠡᠷ ᠢ ᠮᠢᠨᠢ ᠵᠢᠭ᠍ᠰᠢᠭ᠍ᠴᠢ ᠡᠴᠢᠭᠡ ᠨᠦᠭᠦᠳ ᠦᠨ ᠬᠢᠨᠢ ᠭᠡᠮ ᠨᠢᠭᠦᠯ ᠦᠨ ᠬᠠᠷᠢᠭᠤ ᠶᠢ ᠭᠤᠷᠪᠠ᠂ ᠳᠥᠷᠪᠡᠳᠡᠬᠢ ᠦᠶ᠎ᠡ ᠶᠢᠨ ᠬᠡᠦᠬᠡᠳ ᠤᠳ ᠲᠤᠨᠢ ᠬᠦᠷᠲᠡᠯ᠎ᠡ ᠪᠠᠭᠤᠯᠭᠠᠳᠠᠭ᠃ 10 ᠬᠠᠷᠢᠨ ᠨᠠᠮᠠᠶᠢ ᠬᠠᠢᠷᠠᠯᠠᠵᠤ᠂ ᠮᠢᠨᠦ ᠲᠤᠰᠢᠶᠠᠯ ᠢ ᠰᠠᠬᠢᠭᠴᠢᠳ ᠲᠤ ᠮᠢᠩ᠋ᠭᠠᠨ ᠦᠶ᠎ᠡ ᠳᠦᠨᠢ ᠬᠦᠷᠲᠡᠯ᠎ᠡ ᠬᠠᠢᠷ᠎ᠠ ᠡᠨᠡᠷᠢᠯ ᠢᠶᠠᠨ ᠦᠵᠡᠭᠦᠯᠳᠡᠭ᠃
11 ᠴᠢ ᠶᠣᠬᠣᠸᠠ ᠪᠤᠷᠬᠠᠨ ᠤ ᠪᠠᠨ ᠨᠡᠷ᠎ᠡ ᠶᠢ ᠳᠡᠮᠡᠢ ᠪᠦᠦ ᠳᠠᠭᠤᠳᠠ᠃ ᠥᠪᠡᠷ ᠦᠨ ᠬᠢᠨᠢ ᠨᠡᠷ᠎ᠡ ᠶᠢ ᠳᠡᠮᠡᠢ ᠳᠠᠭᠤᠳᠠᠭᠴᠢᠳ ᠢ ᠶᠣᠬᠣᠸᠠ ᠶᠠᠯ᠎ᠠ ᠠᠴᠠ ᠬᠡᠯᠲᠦᠷᠢᠭᠦᠯᠬᠦ ᠦᠭᠡᠢ᠃
12 ᠴᠢᠨᠦ ᠪᠤᠷᠬᠠᠨ ᠶᠣᠬᠣᠸᠠ ᠶᠢᠨ ᠴᠢᠮ᠎ᠠ ᠳᠤ ᠲᠤᠰᠢᠶᠠᠭᠰᠠᠨ ᠶᠣᠰᠣᠭᠠᠷ ᠴᠢ ᠠᠮᠠᠷᠠᠯ ᠤᠨ ᠡᠳᠦᠷ ᠢ ᠠᠷᠢᠭᠤᠨ ᠢᠶᠠᠷ ᠲᠤᠰᠠᠭᠠᠷᠯᠠᠵᠤ ᠰᠠᠬᠢ᠃ 13 ᠴᠢ ᠵᠢᠷᠭᠤᠭᠠᠨ ᠡᠳᠦᠷ ᠬᠥᠳᠡᠯᠮᠦᠷᠢᠯᠡᠵᠦ᠂ ᠪᠦᠬᠦ ᠠᠵᠢᠯ ᠢᠶᠠᠨ ᠬᠢ᠃ 14 ᠭᠡᠪᠡᠴᠦ ᠳᠣᠯᠣᠳᠠᠬᠢ ᠡᠳᠦᠷ ᠨᠢ ᠴᠢᠨᠦ ᠪᠤᠷᠬᠠᠨ ᠶᠣᠬᠣᠸᠠ ᠶᠢᠨ ᠠᠮᠠᠷᠠᠯ ᠤᠨ ᠡᠳᠦᠷ ᠪᠣᠯᠬᠣᠷ ᠴᠢ ᠶᠠᠮᠠᠷ ᠴᠤ ᠠᠵᠢᠯ ᠪᠦᠦ ᠬᠢ᠂ ᠴᠢ ᠪᠣᠯᠣᠨ ᠴᠢᠨᠦ ᠬᠦᠦ᠂ ᠴᠢᠨᠦ ᠥᠬᠢᠨ᠂ ᠴᠢᠨᠦ ᠵᠠᠷᠤᠴᠠ᠂ ᠴᠢᠨᠦ ᠰᠢᠪᠡᠭᠴᠢᠨ᠂ ᠴᠢᠨᠦ ᠦᠬᠡᠷ᠂ ᠡᠯᠵᠢᠭᠡ ᠪᠤᠶᠤ ᠴᠢᠨᠦ ᠪᠦᠬᠦ ᠮᠠᠯ ᠰᠦᠷᠦᠭ᠂ ᠬᠠᠭᠠᠯᠭᠠᠨ ᠤ ᠴᠢᠨᠢ ᠳᠣᠲᠣᠷᠠᠬᠢ ᠴᠠᠭᠠᠴᠢᠨ ᠴᠤ ᠮᠥᠨ ᠠᠳᠠᠯᠢ᠂ ᠲᠡᠢᠨ ᠬᠦ ᠴᠢᠨᠦ ᠵᠠᠷᠤᠴᠠ᠂ ᠴᠢᠨᠦ ᠰᠢᠪᠡᠭᠴᠢᠨ ᠴᠤ ᠴᠢᠮ᠎ᠠ ᠲᠠᠢ ᠠᠳᠠᠯᠢ ᠠᠮᠠᠷᠠᠬᠤ ᠤᠴᠢᠷᠲᠠᠢ᠃ 15 ᠴᠢᠮᠠᠶᠢ ᠶᠧᠵᠢᠫᠲ ᠲᠤ ᠪᠣᠭᠣᠯ ᠪᠠᠢᠬᠤ ᠳᠤ ᠴᠢᠨᠦ ᠪᠤᠷᠬᠠᠨ ᠶᠣᠬᠣᠸᠠ ᠰᠤᠩ᠋ᠭᠠᠭᠰᠠᠨ ᠬᠦᠴᠦᠲᠦ ᠮᠤᠲᠤᠷ ᠢᠶᠠᠷ ᠢᠶᠠᠨ ᠴᠢᠮᠠᠶᠢ ᠲᠡᠨᠳᠡ ᠡᠴᠡ ᠭᠠᠷᠭᠠᠵᠤ ᠠᠪᠴᠢᠷᠠᠭᠰᠠᠨ ᠢ ᠰᠠᠨᠠ᠃ ᠡᠭᠦᠨ ᠦ ᠤᠴᠢᠷ ᠢᠶᠠᠷ ᠴᠢᠨᠦ ᠪᠤᠷᠬᠠᠨ ᠶᠣᠬᠣᠸᠠ ᠠᠮᠠᠷᠠᠯ ᠤᠨ ᠡᠳᠦᠷ ᠢ ᠰᠠᠬᠢᠬᠤ ᠶᠢ ᠴᠢᠮ᠎ᠠ ᠳᠤ ᠲᠤᠰᠢᠶᠠᠭᠰᠠᠨ ᠪᠢᠯᠡ᠃
16 ᠴᠢ ᠶᠣᠬᠣᠸᠠ ᠪᠤᠷᠬᠠᠨ ᠤ ᠪᠠᠨ ᠲᠤᠰᠢᠶᠠᠭᠰᠠᠨ ᠶᠣᠰᠣᠭᠠᠷ ᠡᠴᠢᠭᠡ ᠡᠬᠡ ᠪᠡᠨ ᠬᠦᠨᠳᠦᠯᠡ᠃ ᠲᠡᠭᠡᠪᠡᠯ ᠴᠢᠨᠦ ᠪᠤᠷᠬᠠᠨ ᠶᠣᠬᠣᠸᠠ ᠶᠢᠨ ᠴᠢᠮ᠎ᠠ ᠳᠤ ᠰᠣᠶᠣᠷᠬᠠᠬᠤ ᠭᠠᠵᠠᠷ ᠳᠡᠭᠡᠷ᠎ᠡ ᠴᠢ ᠤᠷᠲᠤ ᠨᠠᠰᠤᠯᠠᠵᠤ᠂ ᠰᠠᠢᠨ ᠢ ᠠᠮᠰᠠᠬᠤ ᠪᠣᠯᠣᠨ᠎ᠠ᠃
17 ᠴᠢ ᠬᠥᠮᠦᠨ ᠪᠦᠦ ᠠᠯᠠ᠃
18 ᠴᠢ ᠪᠦᠦ ᠵᠠᠪᠬᠠᠢᠷᠠ᠃
19 ᠴᠢ ᠪᠦᠦ ᠬᠤᠯᠠᠭᠠᠢᠯᠠ᠃
20 ᠴᠢ ᠬᠥᠷᠰᠢ ᠶᠢᠨ ᠢᠶᠠᠨ ᠡᠰᠡᠷᠭᠦ ᠬᠤᠳᠠᠯ ᠢᠶᠠᠷ ᠪᠦᠦ ᠭᠡᠷᠡᠴᠢᠯᠡ᠃
21 ᠴᠢ ᠬᠥᠷᠰᠢ ᠶᠢᠨ ᠢᠶᠠᠨ ᠡᠬᠡᠨᠡᠷ ᠲᠦ ᠪᠦᠦ ᠰᠠᠨᠠᠭᠠᠷᠬ᠎ᠠ᠂ ᠬᠥᠷᠰᠢ ᠶᠢᠨ ᠢᠶᠠᠨ ᠭᠡᠷ ᠣᠷᠣᠨ᠂ ᠭᠠᠵᠠᠷ᠂ ᠵᠠᠷᠤᠴᠠ ᠰᠢᠪᠡᠭᠴᠢᠨ᠂ ᠦᠬᠡᠷ᠂ ᠡᠯᠵᠢᠭᠡ ᠵᠡᠷᠭᠡ ᠬᠥᠷᠰᠢ ᠶᠢᠨ ᠢᠶᠠᠨ ᠶᠠᠭᠤᠨ ᠳᠤᠨᠢ ᠴᠤ ᠪᠦᠦ ᠰᠢᠨᠤ》 ᠭᠡᠪᠡ᠃
ᠠᠷᠠᠳ ᠲᠦᠮᠡᠨ ᠦ ᠲᠤᠰᠬᠠᠯ
22 ᠶᠣᠬᠣᠸᠠ ᠡᠳᠡᠭᠡᠷ ᠦᠭᠡ ᠶᠢ ᠶᠡᠬᠡ ᠳᠠᠭᠤ ᠪᠠᠷ ᠲᠠᠨ ᠤ ᠪᠦᠬᠦ ᠴᠢᠭᠤᠯᠭᠠᠨ ᠳᠤ ᠠᠭᠤᠯᠠᠨ ᠳᠡᠭᠡᠷᠡᠬᠢ ᠭᠠᠯ ᠳᠣᠲᠣᠷ᠎ᠠ ᠠᠴᠠ᠂ ᠡᠭᠦᠯᠡᠨ ᠳᠣᠲᠣᠷ᠎ᠠ ᠠᠴᠠ᠂ ᠭᠦᠨ ᠬᠠᠷᠠᠩ᠋ᠭᠤᠢ ᠳᠤᠮᠳᠠ ᠠᠴᠠ ᠠᠢᠯᠠᠳᠤᠭᠰᠠᠨ ᠪᠥᠭᠡᠳ ᠡᠭᠦᠨ ᠦ ᠳᠠᠷᠠᠭ᠎ᠠ ᠥᠭᠡᠷ᠎ᠡ ᠶᠠᠭᠤ ᠴᠤ ᠨᠡᠮᠡᠵᠦ ᠠᠢᠯᠠᠳᠤᠭᠰᠠᠨ ᠦᠭᠡᠢ᠂ ᠬᠠᠷᠢᠨ ᠡᠳᠡᠭᠡᠷ ᠢ ᠬᠣᠶᠠᠷ ᠴᠢᠯᠠᠭᠤᠨ ᠬᠠᠪᠲᠠᠰᠤᠨ ᠳᠡᠭᠡᠷ᠎ᠡ ᠪᠢᠴᠢᠭᠡᠳ ᠨᠠᠳᠠ ᠳᠤ ᠥᠭᠭᠥᠭᠰᠡᠨ᠃ 23 ᠠᠭᠤᠯᠠ ᠭᠠᠯ ᠳᠤ ᠳᠦᠷᠡᠯᠵᠡᠨ ᠰᠢᠲᠠᠵᠤ ᠪᠠᠢᠬᠤ ᠳᠤ᠂ ᠬᠠᠷᠠᠩ᠋ᠭᠤᠢ ᠶᠢᠨ ᠳᠤᠮᠳᠠ ᠠᠴᠠ ᠭᠠᠷᠬᠤ ᠳᠠᠭᠤ ᠬᠣᠭᠣᠯᠠᠢ ᠶᠢ ᠲᠠ ᠨᠠᠷ ᠰᠣᠨᠣᠰᠣᠭᠠᠳ ᠲᠠᠨ ᠤ ᠣᠪᠣᠭ ᠤᠨ ᠲᠡᠷᠢᠭᠦᠨ ᠨᠦᠭᠦᠳ ᠪᠣᠯᠣᠨ ᠠᠬᠠᠮᠠᠳ ᠤᠳ ᠴᠢᠨᠢ ᠪᠦᠭᠦᠳᠡᠭᠡᠷ ᠢᠶᠡᠨ ᠨᠠᠳᠠ ᠤᠷᠤᠭᠤ ᠢᠷᠡᠵᠦ᠄ 24 《ᠪᠢᠳᠡᠨ ᠦ ᠪᠤᠷᠬᠠᠨ ᠶᠣᠬᠣᠸᠠ ᠪᠢᠳᠡᠨ ᠳᠦ ᠰᠦᠷ ᠵᠢᠪᠬᠤᠯᠠᠩ᠂ ᠠᠭᠤᠤ ᠪᠠᠢᠳᠠᠯ ᠢᠶᠠᠨ ᠲᠣᠳᠣ ᠬᠠᠷᠠᠭᠤᠯᠵᠤ᠂ ᠪᠢᠳᠡ ᠭᠠᠯ ᠳᠣᠲᠣᠷ᠎ᠠ ᠠᠴᠠ ᠭᠠᠷᠴᠤ ᠪᠠᠢᠭ᠎ᠠ ᠲᠡᠭᠦᠨ ᠦ ᠳᠠᠭᠤ ᠶᠢ ᠰᠣᠨᠣᠰᠴᠠᠭᠠᠯᠠ︕ ᠪᠤᠷᠬᠠᠨ ᠬᠥᠮᠦᠨ ᠲᠡᠢ ᠶᠠᠷᠢᠵᠤ᠂ ᠬᠥᠮᠦᠨ ᠨᠢ ᠠᠮᠢᠳᠤ ᠪᠠᠢᠬᠤ ᠶᠢ ᠴᠤ ᠪᠢᠳᠡ ᠥᠨᠥᠳᠥᠷ ᠬᠠᠷᠠᠯ᠎ᠠ᠃ 25 ᠬᠠᠷᠢᠨ ᠪᠢᠳᠡ ᠶᠠᠭᠠᠬᠢᠨ ᠣᠳᠣ ᠪᠠᠷ ᠢᠶᠠᠨ ᠦᠬᠦᠬᠦ ᠶᠣᠰᠣᠲᠠᠢ ᠪᠤᠢ︖ ᠡᠨᠡ ᠶᠡᠬᠡ ᠭᠠᠯ ᠪᠢᠳᠡᠨ ᠢ ᠵᠠᠯᠭᠢᠬᠤ ᠨᠢ ᠡ᠂ ᠪᠢᠳᠡ ᠢᠩᠭᠢᠵᠦ ᠶᠣᠬᠣᠸᠠ ᠪᠤᠷᠬᠠᠨ ᠤ ᠪᠠᠨ ᠳᠠᠭᠤ ᠶᠢ ᠰᠣᠨᠣᠰᠣᠭᠰᠠᠭᠠᠷ ᠪᠠᠢᠪᠠᠯ ᠦᠬᠦᠬᠦ ᠪᠣᠯᠣᠨ᠎ᠠ᠃ 26 ᠠᠮᠢᠳᠤ ᠪᠤᠷᠬᠠᠨ ᠤ ᠭᠠᠯ ᠤᠨ ᠳᠤᠮᠳᠠ ᠠᠴᠠ ᠠᠢᠯᠠᠳᠬᠤ ᠳᠠᠭᠤ ᠬᠣᠭᠣᠯᠠᠢ ᠶᠢ ᠪᠢᠳᠡ ᠰᠢᠭ ᠰᠣᠨᠣᠰᠣᠭᠠᠳ᠂ ᠠᠮᠢᠳᠤ ᠦᠯᠡᠳᠡᠭᠰᠡᠨ ᠮᠢᠬᠠᠨ ᠪᠡᠶᠡᠲᠦ ᠬᠥᠮᠦᠨ ᠭᠡᠵᠦ ᠬᠡᠨ ᠪᠠᠢᠨ᠎ᠠ ᠪᠤᠢ︖ 27 ᠡᠢᠮᠦ ᠡᠴᠡ ᠲᠠ ᠯᠠ ᠣᠢᠷᠠᠲᠤᠨ ᠣᠴᠢᠵᠤ᠂ ᠪᠢᠳᠡᠨ ᠦ ᠪᠤᠷᠬᠠᠨ ᠶᠣᠬᠣᠸᠠ ᠶᠢᠨ ᠠᠢᠯᠠᠳᠬᠤ ᠪᠦᠬᠦᠨ ᠢ ᠰᠣᠨᠣᠰᠣᠭᠠᠳ ᠪᠢᠳᠡᠨ ᠦ ᠪᠤᠷᠬᠠᠨ ᠶᠣᠬᠣᠸᠠ ᠶᠢᠨ ᠲᠠᠨ ᠳᠤ ᠠᠢᠯᠠᠳᠤᠭᠰᠠᠨ ᠪᠦᠬᠦᠨ ᠢ ᠪᠢᠳᠡᠨ ᠳᠦ ᠬᠡᠯᠡᠵᠦ ᠥᠭ᠃ ᠪᠢᠳᠡ ᠲᠡᠭᠦᠨ ᠢ ᠰᠣᠨᠣᠰᠣᠭᠠᠳ᠂ ᠭᠦᠢᠴᠡᠳᠬᠡᠶ᠎ᠡ》 ᠭᠡᠰᠡᠨ᠃
28 ᠲᠠ ᠨᠠᠷ ᠨᠠᠳᠠ ᠳᠤ ᠬᠡᠯᠡᠵᠦ ᠪᠠᠢᠬᠤ ᠳᠤ᠂ ᠶᠣᠬᠣᠸᠠ ᠲᠠ ᠨᠠᠷ ᠤᠨ ᠦᠭᠡ ᠶᠢ ᠰᠣᠨᠣᠰᠣᠭᠠᠳ᠂ ᠨᠠᠳᠠ ᠳᠤ᠄ 《ᠡᠨᠡ ᠠᠷᠠᠳ ᠲᠦᠮᠡᠨ ᠦ ᠴᠢᠮ᠎ᠠ ᠳᠤ ᠬᠡᠯᠡᠭᠰᠡᠨ ᠦᠭᠡ ᠶᠢ ᠪᠢ ᠰᠣᠨᠣᠰᠣᠯ᠎ᠠ᠃ ᠲᠡᠳᠡᠨ ᠦ ᠬᠡᠯᠡᠭᠰᠡᠨ ᠪᠦᠬᠦᠨ ᠰᠠᠢᠨ ᠪᠠᠢᠨ᠎ᠠ᠃ 29 ᠲᠡᠳᠡᠨ ᠦ ᠡᠢᠮᠦ ᠰᠡᠳᠬᠢᠯ ᠬᠡᠪ ᠢᠶᠡᠷ ᠢᠶᠠᠨ ᠪᠠᠢᠬᠤ ᠪᠣᠯᠲᠤᠭᠠᠢ᠃ ᠡᠢᠨ ᠬᠦ ᠲᠡᠳᠡ ᠨᠠᠳᠠ ᠠᠴᠠ ᠡᠮᠢᠶᠡᠵᠦ᠂ ᠮᠢᠨᠦ ᠪᠦᠬᠦ ᠲᠤᠰᠢᠶᠠᠯ ᠢ ᠦᠷᠭᠦᠯᠵᠢ ᠰᠠᠬᠢᠨ ᠲᠡᠳᠡ ᠪᠣᠯᠣᠨ ᠲᠡᠳᠡᠨ ᠦ ᠦᠷ᠎ᠡ ᠬᠡᠦᠬᠡᠳ ᠰᠠᠢᠨ ᠰᠠᠢᠬᠠᠨ ᠢ ᠡᠭᠦᠷᠢᠳᠡ ᠠᠮᠰᠠᠬᠤ ᠪᠣᠯᠲᠤᠭᠠᠢ᠃ 30 ᠴᠢ ᠲᠡᠳᠡᠨ ᠳᠦ ᠣᠴᠢᠭᠠᠳ᠄ 〈ᠮᠠᠢᠬᠠᠨ ᠤᠷᠤᠭᠤ ᠪᠠᠨ ᠪᠤᠴᠠᠵᠠᠭᠠ〉 ᠭᠡᠵᠦ ᠬᠡᠯᠡ᠃ 31 ᠬᠠᠷᠢᠨ ᠴᠢ ᠡ᠊ᠨᠳᠡ ᠮᠢᠨᠦ ᠳᠡᠷᠭᠡᠳᠡ ᠵᠣᠭᠰᠣᠭᠠᠷᠠᠢ᠃ ᠪᠢ ᠪᠦᠬᠦ ᠲᠤᠰᠢᠶᠠᠯ᠂ ᠬᠠᠤᠯᠢ ᠵᠢᠭᠠᠪᠤᠷᠢ ᠶᠢ ᠴᠢᠮ᠎ᠠ ᠳᠤ ᠬᠡᠯᠡᠶ᠎ᠡ᠃ ᠡᠳᠡᠭᠡᠷ ᠢ ᠴᠢ ᠲᠡᠳᠡᠨ ᠳᠦ ᠰᠤᠷᠭ᠎ᠠ᠂ ᠮᠢᠨᠦ ᠥᠭᠴᠦ ᠡᠵᠡᠮᠰᠢᠭᠦᠯᠬᠦ ᠭᠡᠵᠦ ᠪᠤᠢ ᠲᠡᠷᠡ ᠭᠠᠵᠠᠷ ᠳᠡᠭᠡᠷ᠎ᠡ ᠲᠡᠳᠡ ᠨᠠᠷ ᠡᠭᠦᠨ ᠢ ᠮᠥᠷᠳᠡᠬᠦ ᠶᠣᠰᠣᠲᠠᠢ》 ᠭᠡᠵᠡᠢ᠃ 32 ᠲᠡᠢᠮᠦ ᠡᠴᠡ ᠲᠠ ᠨᠠᠷ ᠶᠣᠬᠣᠸᠠ ᠪᠤᠷᠬᠠᠨ ᠤ ᠪᠠᠨ ᠲᠤᠰᠢᠶᠠᠭᠰᠠᠨ ᠢ ᠰᠠᠬᠢᠵᠤ ᠮᠥᠷᠳᠡᠵᠦ᠂ ᠪᠠᠷᠠᠭᠤᠨ ᠲᠡᠰᠢ ᠴᠤ᠂ ᠵᠡᠭᠦᠨ ᠲᠡᠰᠢ ᠴᠤ ᠬᠠᠵᠠᠢᠯ ᠦᠭᠡᠢ ᠪᠠᠷ 33 ᠶᠣᠬᠣᠸᠠ ᠪᠤᠷᠬᠠᠨ ᠤ ᠪᠠᠨ ᠵᠠᠬᠢᠭᠰᠠᠨ ᠵᠠᠮ ᠢᠶᠠᠷ ᠯᠠ ᠶᠠᠪᠤᠬᠤ ᠶᠣᠰᠣᠲᠠᠢ᠃ ᠲᠡᠭᠡᠪᠡᠯ ᠲᠠ ᠨᠠᠷ ᠠᠮᠢᠳᠤ ᠪᠠᠢᠵᠤ᠂ ᠰᠠᠢᠨ ᠰᠠᠢᠬᠠᠨ ᠢ ᠡᠳ᠋ᠯᠡᠬᠦ ᠪᠥᠭᠡᠳ ᠡᠵᠡᠮᠰᠢᠬᠦ ᠭᠠᠵᠠᠷ ᠲᠠᠭᠠᠨ ᠤᠷᠲᠤ ᠨᠠᠰᠤᠯᠠᠬᠤ ᠪᠣᠯᠣᠨ᠎ᠠ᠃