1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠭᠤᠴᠢᠨ ᠨᠢᠭᠡ
 ᠶᠣᠱᠦ᠋ᠶ᠎ᠠ ᠮᠣᠰᠧ ᠶᠢ ᠵᠠᠯᠭᠠᠮᠵᠢᠯᠠᠪᠠ

1 ᠮᠣᠰᠧ ᠵᠠᠯᠭᠠᠭᠠᠳ ᠪᠦᠬᠦ ᠢᠰᠷᠧᠯ ᠳᠤ ᠳᠠᠷᠠᠭᠠᠬᠢ ᠦᠭᠡᠰ ᠢ ᠬᠡᠯᠡᠵᠡᠢ᠃ 2 ᠲᠡᠷᠡ ᠪᠡᠷ ᠲᠡᠳᠡᠨ ᠳᠦ᠄ 《ᠪᠢ ᠥᠨᠥᠳᠥᠷ ᠵᠠᠭᠤ ᠬᠣᠷᠢᠨ ᠨᠠᠰᠤᠲᠠᠢ᠃ ᠪᠢ ᠴᠢᠨᠠᠭᠰᠢᠳᠠ ᠲᠡᠷᠢᠭᠦᠯᠡᠨ ᠶᠠᠪᠤᠵᠤ ᠴᠢᠳᠠᠬᠤ ᠦᠭᠡᠢ᠃ ᠶᠣᠬᠣᠸᠠ ᠨᠠᠳᠠ ᠳᠤ᠄ 〈ᠴᠢ ᠡᠨᠡ ᠶᠣᠷᠳᠠᠨ ᠭᠣᠣᠯ ᠢ ᠭᠠᠲᠤᠯᠵᠤ ᠪᠣᠯᠬᠤ ᠦᠭᠡᠢ〉 ᠭᠡᠵᠦ ᠠᠢᠯᠠᠳᠤᠭᠰᠠᠨ᠃ 3 ᠴᠢᠨᠦ ᠪᠤᠷᠬᠠᠨ ᠶᠣᠬᠣᠸᠠ ᠥᠪᠡᠷ ᠢᠶᠡᠨ ᠴᠢᠨᠦ ᠡᠮᠦᠨ᠎ᠡ ᠶᠠᠪᠤᠵᠤ᠂ ᠲᠡᠳᠡᠭᠡᠷ ᠦᠨᠳᠦᠰᠦᠲᠡᠨ ᠢ ᠤᠰᠠᠳᠬᠠᠨ ᠴᠢᠮ᠎ᠠ ᠳᠤ ᠭᠠᠵᠠᠷ ᠢ ᠨᠢ ᠡᠵᠡᠮᠰᠢᠭᠦᠯᠬᠦ ᠤᠴᠢᠷ ᠠᠴᠠ ᠶᠣᠬᠣᠸᠠ ᠶᠢᠨ ᠠᠢᠯᠠᠳᠤᠭᠰᠠᠨᠴᠢᠯᠠᠨ ᠶᠣᠱᠦ᠋ᠶ᠎ᠠ ᠴᠢᠨᠦ ᠡᠮᠦᠨ᠎ᠡ ᠭᠠᠲᠤᠯᠤᠨ ᠶᠠᠪᠤᠬᠤ ᠪᠥᠭᠡᠳ 4 ᠶᠣᠬᠣᠸᠠ ᠤᠷᠢᠳᠤ ᠨᠢ ᠠᠮᠣᠷᠢᠴᠤᠳ ᠤᠨ ᠬᠠᠭᠠᠨ ᠰᠢᠬᠣᠨ᠂ ᠣᠭ ᠨᠠᠷ ᠪᠣᠯᠣᠨ ᠲᠡᠳᠡᠨ ᠦ ᠭᠠᠵᠠᠷ ᠨᠤᠲᠤᠭ ᠤᠨ ᠬᠢᠨ ᠢ ᠤᠰᠠᠳᠬᠠᠭᠰᠠᠨ ᠰᠢᠭ᠋ ᠢᠶᠠᠨ ᠲᠡᠳᠡᠨ ᠢ ᠴᠤ ᠤᠰᠠᠳᠬᠠᠨ᠎ᠠ᠃ 5 ᠶᠣᠬᠣᠸᠠ ᠲᠡᠳᠡᠨ ᠢ ᠲᠤᠰᠢᠶᠠᠨ ᠥᠭᠬᠦ ᠳᠦᠨᠢ ᠲᠠ ᠨᠠᠷ ᠮᠢᠨᠦ ᠲᠤᠰᠢᠶᠠᠭᠰᠠᠨ ᠪᠦᠬᠦᠨ ᠦ ᠶᠣᠰᠣᠭᠠᠷ ᠲᠡᠳᠡᠨ ᠳᠦ ᠦᠢᠯᠡᠳᠬᠦ ᠶᠣᠰᠣᠲᠠᠢ᠃ 6 ᠲᠠ ᠨᠠᠷ ᠲᠤᠤᠱᠲᠠᠢ᠂ ᠵᠣᠷᠢᠭᠲᠠᠢ ᠪᠠᠢ᠃ ᠲᠡᠳᠡ ᠨᠠᠷ ᠤᠨ ᠡᠮᠦᠨ᠎ᠡ ᠪᠦᠦ ᠠᠶᠤ᠂ ᠪᠦᠦ ᠴᠡᠴᠡᠷᠡ᠃ ᠴᠢᠨᠦ ᠪᠤᠷᠬᠠᠨ ᠶᠣᠬᠣᠸᠠ ᠥᠪᠡᠷ ᠢᠶᠡᠨ ᠴᠢᠮ᠎ᠠ ᠲᠠᠢ ᠬᠠᠮᠲᠤ ᠶᠠᠪᠤᠨ᠎ᠠ᠃ ᠲᠡᠷᠡ ᠴᠢᠮᠠᠶᠢ ᠣᠷᠬᠢᠬᠤ ᠦᠭᠡᠢ᠂ ᠮᠥᠨ ᠴᠢᠮᠠᠶᠢ ᠬᠠᠶᠠᠬᠤ ᠦᠭᠡᠢ》 ᠭᠡᠪᠡ᠃

7 ᠮᠣᠰᠧ ᠶᠣᠱᠦ᠋ᠶ᠎ᠠ ᠶᠢ ᠪᠦᠬᠦ ᠢᠰᠷᠧᠯ ᠤᠨ ᠡᠮᠦᠨ᠎ᠡ ᠳᠠᠭᠤᠳᠠᠵᠤ᠄ 《ᠴᠢ ᠲᠤᠤᠱᠲᠠᠢ᠂ ᠵᠣᠷᠢᠭᠲᠠᠢ ᠪᠠᠢ᠃ ᠡᠴᠢᠭᠡ ᠡᠪᠦᠭᠡᠳ ᠲᠤᠨᠢ ᠥᠭᠬᠦ ᠪᠡᠷ ᠶᠣᠬᠣᠸᠠ ᠶᠢᠨ ᠲᠠᠩ᠋ᠭᠠᠷᠢᠭᠯᠠᠭᠰᠠᠨ ᠲᠡᠷᠡ ᠭᠠᠵᠠᠷ ᠲᠤ ᠡᠨᠡ ᠠᠷᠠᠳ ᠲᠦᠮᠡᠨ ᠲᠡᠢ ᠬᠠᠮᠲᠤ ᠣᠷᠣᠭᠠᠳ ᠲᠡᠷᠡ ᠭᠠᠵᠠᠷ ᠢ ᠲᠡᠳᠡᠨ ᠳᠦ ᠥᠪ ᠪᠣᠯᠭᠠᠨ ᠥᠭᠬᠦ ᠬᠥᠮᠦᠨ ᠨᠢ ᠴᠢ ᠶᠤᠮ᠃ 8 ᠶᠣᠬᠣᠸᠠ ᠥᠪᠡᠷ ᠢᠶᠡᠨ ᠴᠢᠨᠦ ᠡᠮᠦᠨ᠎ᠡ ᠶᠠᠪᠤᠬᠤ ᠪᠣᠯᠣᠨ᠎ᠠ᠃ ᠲᠡᠷᠡ ᠥᠪᠡᠷ ᠢᠶᠡᠨ ᠴᠢᠮ᠎ᠠ ᠲᠠᠢ ᠬᠠᠮᠲᠤ ᠪᠠᠢᠵᠤ᠂ ᠴᠢᠮᠠᠶᠢ ᠣᠷᠬᠢᠬᠤ ᠦᠭᠡᠢ᠂ ᠮᠥᠨ ᠴᠢᠮᠠᠶᠢ ᠬᠠᠶᠠᠬᠤ ᠦᠭᠡᠢ᠃ ᠪᠦᠦ ᠠᠶᠤ᠂ ᠪᠦᠦ ᠰᠢᠨᠲᠠᠷᠠ︕》 ᠭᠡᠯ᠎ᠡ᠃

9 ᠮᠣᠰᠧ ᠡᠨᠡ ᠬᠠᠤᠯᠢ ᠶᠢ ᠪᠢᠴᠢᠭᠡᠳ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠵᠥᠭᠡᠭᠡᠳᠡᠭ ᠯᠧᠸᠢ ᠶᠢᠨ ᠤᠳᠤᠮ ᠪᠣᠯᠬᠤ ᠲᠠᠬᠢᠯᠴᠢᠳ ᠬᠢᠭᠡᠳ ᠢᠰᠷᠧᠯ ᠤᠨ ᠪᠦᠬᠦ ᠠᠬᠠᠮᠠᠳ ᠲᠤ ᠥᠭᠪᠡ᠃ 10 ᠮᠣᠰᠧ ᠲᠡᠳᠡᠨ ᠳᠦ ᠲᠤᠰᠢᠶᠠᠨ᠄ 《ᠳᠣᠯᠣᠭᠠᠨ ᠵᠢᠯ ᠪᠦᠷᠢ ᠶᠢᠨ ᠡᠴᠦᠰ᠂ ᠲᠤᠬᠠᠢᠯᠠᠪᠠᠯ ᠥᠷᠢ ᠶᠢ ᠴᠤᠴᠠᠯᠬᠤ ᠪᠠᠷ ᠲᠣᠭᠲᠠᠭᠰᠠᠨ ᠲᠡᠷᠡ ᠵᠢᠯ ᠤᠨ ᠮᠠᠢᠬᠠᠨ ᠤ ᠪᠠᠶᠠᠷ ᠤᠨ ᠦᠶ᠎ᠡ ᠪᠡᠷ᠂ 11 ᠪᠦᠬᠦ ᠢᠰᠷᠧᠯ ᠶᠣᠬᠣᠸᠠ ᠪᠤᠷᠬᠠᠨ ᠤ ᠪᠠᠨ ᠰᠢᠯᠢᠵᠦ ᠠᠪᠬᠤ ᠭᠠᠵᠠᠷ ᠲᠤ ᠲᠡᠭᠦᠨ ᠦ ᠡᠮᠦᠨ᠎ᠡ ᠦᠵᠡᠭᠳᠡᠬᠦ ᠪᠡᠷ ᠢᠷᠡᠬᠦ ᠦᠶ᠎ᠡ ᠳᠦ᠂ ᠲᠠ ᠨᠠᠷ ᠡᠨᠡ ᠬᠠᠤᠯᠢ ᠶᠢ ᠤᠩ᠋ᠰᠢᠵᠤ ᠪᠦᠬᠦ ᠢᠰᠷᠧᠯ ᠳᠤ ᠰᠣᠨᠣᠰᠬ᠎ᠠ᠃ 12 ᠠᠷᠠᠳ ᠲᠦᠮᠡᠨ ᠢ᠂ ᠡᠷᠡᠭᠲᠡᠢ ᠡᠮᠡᠭᠲᠡᠢ᠂ ᠬᠡᠦᠬᠡᠳ ᠪᠠᠭᠠᠴᠤᠳ ᠭᠡᠵᠦ ᠢᠯᠭᠠᠯ ᠦᠭᠡᠢ᠂ ᠲᠠᠨ ᠤ ᠲᠡᠨᠳᠡ ᠪᠠᠢᠭ᠎ᠠ ᠬᠠᠷᠢ ᠶᠢᠨ ᠬᠥᠮᠦᠰ ᠢ ᠴᠤ ᠬᠠᠮᠲᠤ ᠴᠤᠭᠯᠠᠭᠤᠯ᠃ ᠲᠡᠳᠡ ᠪᠦᠬᠦᠨ ᠰᠣᠨᠣᠰᠴᠤ ᠰᠤᠷᠤᠭᠠᠳ ᠶᠣᠬᠣᠸᠠ ᠪᠤᠷᠬᠠᠨ ᠠᠴᠠ ᠴᠢᠨᠢ ᠡᠮᠢᠶᠡᠨ ᠡᠨᠡ ᠬᠠᠤᠯᠢ ᠶᠢᠨ ᠦᠭᠡ ᠪᠦᠷᠢ ᠶᠢ ᠰᠠᠬᠢᠨ ᠪᠡᠶᠡᠯᠡᠭᠦᠯᠬᠦ ᠶᠣᠰᠣᠲᠠᠢ᠃ 13 ᠡᠨᠡ ᠬᠠᠤᠯᠢ ᠶᠢ ᠮᠡᠳᠡᠳᠡᠭ ᠦᠭᠡᠢ ᠲᠡᠳᠡᠨ ᠦ ᠦᠷ᠎ᠡ ᠬᠡᠦᠬᠡᠳ ᠤᠳ ᠴᠤ ᠲᠠ ᠨᠠᠷ ᠤᠨ ᠶᠣᠷᠳᠠᠨ ᠢ ᠭᠠᠲᠤᠯᠤᠨ ᠣᠴᠢᠵᠤ ᠡᠵᠡᠮᠰᠢᠬᠦ ᠭᠠᠵᠠᠷ ᠲᠤ ᠠᠮᠢᠳᠤᠷᠠᠨ ᠰᠠᠭᠤᠬᠤ ᠪᠦᠬᠦᠢᠯᠡ ᠬᠤᠭᠤᠴᠠᠭᠠᠨ ᠳᠠᠭᠠᠨ ᠡᠭᠦᠨ ᠢ ᠰᠣᠨᠣᠰᠴᠤ ᠶᠣᠬᠣᠸᠠ ᠪᠤᠷᠬᠠᠨ ᠠᠴᠠ ᠴᠢᠨᠢ ᠡᠮᠢᠶᠡᠬᠦ ᠶᠢ ᠰᠤᠷᠬᠤ ᠶᠣᠰᠣᠲᠠᠢ》 ᠭᠡᠪᠡ᠃

14 ᠶᠣᠬᠣᠸᠠ ᠮᠣᠰᠧ ᠳᠤ᠄ 《ᠬᠠᠷᠠ᠂ ᠨᠠᠰᠤ ᠪᠠᠷᠠᠬᠤ ᠴᠠᠭ ᠴᠢᠨᠢ ᠣᠢᠷᠠᠲᠤᠯ᠎ᠠ︕ ᠶᠣᠱᠦ᠋ᠶ᠎ᠠ ᠶᠢ ᠳᠠᠭᠤᠳᠠᠵᠤ᠂ ᠬᠠᠮᠲᠤ ᠳᠠᠭᠠᠨ ᠠᠭᠤᠯᠵᠠᠯᠲᠠ ᠶᠢᠨ ᠴᠠᠴᠠᠷ ᠲᠤ ᠢᠷ᠎ᠡ᠃ ᠪᠢ ᠲᠡᠭᠦᠨ ᠳᠦ ᠲᠤᠰᠢᠶᠠᠯ ᠥᠭᠭᠥᠶ᠎ᠡ》 ᠭᠡᠰᠡᠨ ᠳᠦ᠂ ᠮᠣᠰᠧ ᠶᠣᠱᠦ᠋ᠶ᠎ᠠ ᠬᠣᠶᠠᠷ ᠠᠭᠤᠯᠵᠠᠯᠲᠠ ᠶᠢᠨ ᠴᠠᠴᠠᠷ ᠲᠤ ᠣᠴᠢᠵᠤ ᠲᠡᠨᠳᠡ ᠵᠣᠭᠰᠣᠪᠠ᠃ 15 ᠶᠣᠬᠣᠸᠠ ᠴᠠᠴᠠᠷ ᠲᠤ ᠡᠭᠦᠯᠡᠨ ᠪᠠᠭᠠᠨ᠎ᠠ ᠳᠣᠲᠣᠷ᠎ᠠ ᠦᠵᠡᠭᠳᠡᠵᠦ᠂ ᠡᠭᠦᠯᠡᠨ ᠪᠠᠭᠠᠨ᠎ᠠ ᠨᠢ ᠴᠠᠴᠠᠷ ᠤᠨ ᠡᠭᠦᠳᠡᠨ ᠳᠡᠭᠡᠷ᠎ᠡ ᠲᠣᠭᠲᠠᠪᠠ᠃

16 ᠶᠣᠬᠣᠸᠠ ᠮᠣᠰᠧ ᠳᠤ᠄ 《ᠬᠠᠷᠠ᠂ ᠴᠢ ᠤᠳᠠᠯ ᠦᠭᠡᠢ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠬᠤ ᠪᠣᠯᠣᠨ᠎ᠠ᠃ ᠬᠠᠷᠢᠨ ᠡᠨᠡ ᠠᠷᠠᠳ ᠲᠦᠮᠡᠨ ᠣᠴᠢᠵᠤ ᠰᠠᠭᠤᠷᠢᠰᠢᠬᠤ ᠭᠠᠵᠠᠷ ᠲᠠᠭᠠᠨ ᠬᠠᠷᠢ ᠶᠢᠨ ᠪᠤᠷᠬᠠᠳ ᠢ ᠳᠠᠭᠠᠵᠤ ᠰᠠᠳᠤᠷᠯᠠᠨ᠎ᠠ᠂ ᠲᠡᠳᠡ ᠨᠠᠮᠠᠶᠢ ᠣᠷᠬᠢᠵᠤ᠂ ᠨᠠᠳᠠ ᠲᠠᠢ ᠪᠠᠢᠭᠤᠯᠤᠭᠰᠠᠨ ᠭᠡᠷ᠎ᠡ ᠪᠡᠨ ᠵᠥᠷᠢᠴᠡᠬᠦ ᠪᠣᠯᠣᠨ᠎ᠠ᠃ 17 ᠲᠡᠷᠡ ᠦᠶ᠎ᠡ ᠳᠦ ᠮᠢᠨᠦ ᠬᠢᠯᠢᠩ ᠲᠡᠳᠡᠨ ᠦ ᠡᠰᠡᠷᠭᠦ ᠳᠦᠷᠡᠯᠵᠡᠬᠦ ᠪᠥᠭᠡᠳ ᠪᠢ ᠲᠡᠳᠡᠨ ᠢ ᠬᠠᠶᠠᠵᠤ ᠲᠡᠳᠡᠨ ᠡᠴᠡ ᠨᠢᠭᠤᠷ ᠢᠶᠠᠨ ᠪᠤᠷᠤᠭᠤᠯᠤᠨ᠎ᠠ᠃ ᠲᠡᠳᠡ ᠤᠰᠠᠳᠬᠠᠭᠳᠠᠨ ᠡᠯᠳᠡᠪ ᠦᠨ ᠭᠠᠮᠰᠢᠭ ᠵᠣᠪᠠᠯᠠᠩ ᠳᠤ ᠲᠤᠯᠭᠠᠷᠠᠬᠤ ᠪᠣᠯᠬᠣᠷ ᠲᠡᠷᠡ ᠦᠶ᠎ᠡ ᠳᠦ᠄ 〈ᠮᠠᠨ ᠤ ᠪᠤᠷᠬᠠᠨ ᠪᠢᠳᠡᠨ ᠦ ᠳᠤᠮᠳᠠ ᠪᠠᠢᠬᠤ ᠦᠭᠡᠢ ᠤᠴᠢᠷ ᠡᠳᠡᠭᠡᠷ ᠭᠠᠮᠰᠢᠭ ᠪᠢᠳᠡᠨ ᠳᠡᠭᠡᠷ᠎ᠡ ᠪᠠᠭᠤᠭᠰᠠᠨ ᠪᠢᠰᠢ ᠤᠤ︖〉 ᠭᠡᠵᠦ ᠬᠡᠯᠡᠬᠦ ᠪᠣᠯᠣᠨ᠎ᠠ᠃ 18 ᠬᠠᠷᠢᠨ ᠥᠭᠡᠷ᠎ᠡ ᠪᠤᠷᠬᠠᠳ ᠤᠷᠤᠭᠤ ᠡᠷᠭᠢᠭᠡᠳ ᠦᠢᠯᠡᠳᠦᠭᠰᠡᠨ ᠲᠡᠳᠡᠨ ᠦ ᠠᠯᠢᠪᠠ ᠮᠠᠭᠤ ᠶᠠᠪᠤᠳᠠᠯ ᠠᠴᠠ ᠪᠣᠯᠵᠤ᠂ ᠪᠢ ᠲᠡᠷᠡ ᠦᠶ᠎ᠡ ᠳᠦ ᠨᠢᠭᠤᠷ ᠢᠶᠠᠨ ᠪᠤᠷᠤᠭᠤᠯᠤᠭᠰᠠᠭᠠᠷ ᠪᠠᠢᠬᠤ ᠪᠣᠯᠣᠨ᠎ᠠ᠃ 19 ᠲᠠ ᠨᠠᠷ ᠣᠳᠣ ᠳᠠᠷᠠᠭᠠᠬᠢ ᠳᠠᠭᠤᠤ ᠶᠢ ᠪᠢᠴᠢᠵᠦ ᠠᠪᠤᠭᠠᠳ ᠲᠡᠭᠦᠨ ᠢ ᠪᠠᠨ ᠢᠰᠷᠧᠯᠴᠦᠳ ᠲᠦ ᠰᠤᠷᠭᠠᠵᠤ ᠲᠡᠳᠡᠨ ᠦ ᠠᠮᠠᠨ ᠳᠤ ᠬᠢ᠃ ᠡᠨᠡ ᠳᠠᠭᠤᠤ ᠢᠰᠷᠧᠯᠴᠦᠳ ᠲᠦ ᠮᠢᠨᠦ ᠭᠡᠷᠡᠴᠢ ᠪᠣᠯᠣᠨ᠎ᠠ᠃ 20 ᠪᠢ ᠡᠴᠢᠭᠡ ᠡᠪᠦᠭᠡᠳ ᠲᠤᠨᠢ ᠲᠠᠩ᠋ᠭᠠᠷᠢᠭᠯᠠᠭᠰᠠᠨ ᠶᠣᠰᠣᠭᠠᠷ ᠢᠶᠠᠨ ᠲᠡᠳᠡᠨ ᠢ ᠰᠦ᠋᠂ ᠪᠠᠯ ᠢᠶᠠᠷ ᠪᠢᠯᠬᠠᠭᠰᠠᠨ ᠨᠤᠲᠤᠭ ᠲᠤ ᠠᠪᠠᠴᠢᠪᠠᠯ᠂ ᠲᠡᠳᠡ ᠴᠠᠳᠲᠠᠯ᠎ᠠ ᠢᠳᠡᠵᠦ ᠲᠠᠷᠭᠤᠯᠠᠭᠠᠳ ᠥᠭᠡᠷ᠎ᠡ ᠪᠤᠷᠬᠠᠳ ᠤᠷᠤᠭᠤ ᠡᠷᠭᠢᠵᠦ᠂ ᠲᠡᠳᠡᠨ ᠳᠦ ᠵᠠᠷᠤᠭᠳᠠᠬᠤ ᠪᠣᠯᠣᠨ᠎ᠠ᠃ ᠲᠡᠳᠡ ᠨᠠᠮᠠᠶᠢ ᠣᠭᠣᠷᠴᠤ ᠭᠡᠷ᠎ᠡ ᠶᠢ ᠮᠢᠨᠢ ᠵᠥᠷᠢᠴᠡᠨ᠎ᠡ᠃ 21 ᠲᠡᠭᠡᠭᠡᠳ ᠡᠯᠳᠡᠪ ᠦᠨ ᠵᠣᠪᠠᠯᠠᠩ ᠭᠠᠮᠰᠢᠭ ᠲᠤᠯᠭᠠᠷᠠᠬᠤ ᠦᠶ᠎ᠡ ᠳᠦᠨᠢ ᠴᠤ ᠡᠨᠡ ᠳᠠᠭᠤᠤ ᠲᠡᠳᠡᠨ ᠦ ᠦᠷ᠎ᠡ ᠤᠳᠤᠮ ᠤᠨ ᠬᠢᠨ ᠤ ᠠᠮᠠᠨ ᠠᠴᠠ ᠭᠡᠭᠡᠭᠳᠡᠭᠡ ᠦᠭᠡᠢ ᠪᠠᠢᠭᠰᠠᠭᠠᠷ ᠲᠡᠳᠡᠨ ᠳᠦ ᠭᠡᠷᠡᠴᠢ ᠪᠣᠯᠣᠨ᠎ᠠ᠃ ᠲᠡᠳᠡᠨ ᠳᠦ ᠥᠭᠬᠦ ᠪᠡᠷ ᠲᠠᠩ᠋ᠭᠠᠷᠢᠭᠯᠠᠭᠰᠠᠨ ᠲᠡᠷᠡ ᠨᠤᠲᠤᠭ ᠲᠤ ᠠᠪᠠᠴᠢᠬᠤ ᠠᠴᠠ ᠪᠠᠨ ᠡᠮᠦᠨ᠎ᠡ ᠥᠨᠥᠳᠥᠷ ᠴᠤ ᠪᠢ ᠲᠡᠳᠡᠨ ᠦ ᠶᠠᠭᠤ ᠪᠣᠳᠣᠵᠤ ᠪᠤᠢ ᠶᠢ ᠮᠡᠳᠡᠵᠦ ᠪᠠᠢᠨ᠎ᠠ》 ᠭᠡᠯ᠎ᠡ᠃ 22 ᠲᠡᠭᠡᠭᠡᠳ ᠮᠣᠰᠧ ᠡᠨᠡ ᠳᠠᠭᠤᠤ ᠶᠢ ᠲᠡᠷᠡ ᠡᠳᠦᠷ ᠲᠡᠭᠡᠨ ᠪᠢᠴᠢᠭᠡᠳ᠂ ᠢᠰᠷᠧᠯᠴᠦᠳ ᠲᠦ ᠵᠢᠭᠠᠵᠤ ᠥᠭᠴᠡᠢ᠃

23 ᠶᠣᠬᠣᠸᠠ ᠨᠦᠨ ᠦ ᠬᠦᠦ ᠶᠣᠱᠦ᠋ᠶ᠎ᠠ ᠳᠤ ᠲᠤᠰᠢᠶᠠᠯ ᠥᠭᠴᠦ᠄ 《ᠴᠢ ᠲᠤᠤᠱᠲᠠᠢ ᠪᠥᠭᠡᠳ ᠵᠣᠷᠢᠭᠲᠠᠢ ᠪᠠᠢ᠃ ᠮᠢᠨᠦ ᠲᠠᠩ᠋ᠭᠠᠷᠢᠭᠯᠠᠭᠰᠠᠨ ᠭᠠᠵᠠᠷ ᠲᠤ ᠢᠰᠷᠧᠯᠴᠦᠳ ᠢ ᠣᠷᠣᠭᠤᠯᠬᠤ ᠬᠥᠮᠦᠨ ᠨᠢ ᠴᠢ ᠮᠥᠨ᠃ ᠪᠢ ᠴᠢᠮ᠎ᠠ ᠲᠠᠢ ᠬᠠᠮᠲᠤ ᠪᠠᠢᠨ᠎ᠠ》 ᠭᠡᠵᠡᠢ᠃
 ᠮᠣᠰᠧ ᠶᠢᠨ ᠠᠩ᠋ᠬᠠᠷᠤᠭᠤᠯᠭ᠎ᠠ

24 ᠮᠣᠰᠧ ᠡᠨᠡ ᠬᠠᠤᠯᠢ ᠶᠢᠨ ᠦᠭᠡᠰ ᠢ ᠨᠣᠮ ᠳᠤ ᠪᠦᠷᠢᠨ ᠪᠢᠴᠢᠵᠦ ᠳᠠᠭᠤᠰᠤᠭᠰᠠᠨ ᠤ ᠪᠠᠨ ᠳᠠᠷᠠᠭ᠎ᠠ᠂ 25 ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠵᠥᠭᠡᠭᠡᠳᠡᠭ ᠯᠧᠸᠢᠴᠦᠳ ᠲᠦ ᠵᠠᠬᠢᠨ᠄ 26 《ᠡᠨᠡ ᠬᠠᠤᠯᠢ ᠶᠢᠨ ᠨᠣᠮ ᠢ ᠠᠪᠤᠭᠠᠳ ᠶᠣᠬᠣᠸᠠ ᠪᠤᠷᠬᠠᠨ ᠤ ᠪᠠᠨ ᠭᠡᠷ᠎ᠡ ᠶᠢᠨ ᠠᠪᠳᠠᠷ᠎ᠠ ᠶᠢᠨ ᠬᠠᠵᠠᠭᠤ ᠳᠤ ᠲᠠᠯᠪᠢᠵᠤ᠂ ᠥᠪᠡᠷᠰᠡᠳ ᠦᠨ ᠢᠶᠠᠨ ᠭᠡᠷᠡᠴᠢ ᠪᠣᠯᠭᠠᠨ ᠲᠡᠨᠳᠡ ᠪᠠᠢᠯᠭ᠎ᠠ᠃ 27 ᠲᠠ ᠨᠠᠷ ᠤᠨ ᠲᠡᠷᠰᠯᠡᠭᠦᠦ᠂ ᠵᠥᠷᠢᠭᠦᠳ ᠵᠠᠩ ᠢ ᠪᠢ ᠮᠡᠳᠡᠨ᠎ᠡ᠃ ᠣᠳᠣ ᠪᠢ ᠠᠮᠢᠳᠤ᠂ ᠲᠠ ᠨᠠᠷ ᠲᠠᠢ ᠬᠠᠮᠲᠤ ᠪᠠᠢᠬᠤ ᠳᠤ ᠴᠤ ᠲᠠ ᠨᠠᠷ ᠶᠣᠬᠣᠸᠠ ᠶᠢᠨ ᠡᠰᠡᠷᠭᠦ ᠲᠡᠷᠰᠯᠡᠵᠦ ᠪᠠᠢᠭ᠎ᠠ ᠪᠢᠯᠡ᠃ ᠪᠢ ᠦᠬᠦᠭᠰᠡᠨ ᠦ ᠳᠠᠷᠠᠭ᠎ᠠ ᠨᠡᠩ ᠶᠠᠭᠠᠬᠢᠬᠤ ᠪᠣᠯ︖ 28 ᠣᠪᠣᠭ ᠤᠨ ᠢᠶᠠᠨ ᠪᠦᠬᠦ ᠠᠬᠠᠮᠠᠳ ᠪᠣᠯᠣᠨ ᠲᠦᠰᠢᠮᠡᠳ ᠢᠶᠡᠨ ᠮᠢᠨᠦ ᠡᠮᠦᠨ᠎ᠡ ᠴᠤᠭᠯᠠᠭᠤᠯ᠃ ᠪᠢ ᠲᠩᠷᠢ ᠭᠠᠵᠠᠷ ᠢ ᠲᠡᠳᠡᠨ ᠦ ᠡᠰᠡᠷᠭᠦ ᠭᠡᠷᠡᠴᠢ ᠪᠠᠷ ᠳᠠᠭᠤᠳᠠᠭᠠᠳ ᠡᠳᠡᠭᠡᠷ ᠦᠭᠡ ᠶᠢ ᠲᠡᠳᠡᠨ ᠳᠦ ᠰᠣᠨᠣᠰᠬᠠᠶ᠎ᠠ᠃ 29 ᠪᠢ ᠦᠬᠦᠭᠰᠡᠨ ᠦ ᠳᠠᠷᠠᠭ᠎ᠠ᠂ ᠲᠠ ᠨᠠᠷ ᠯᠠᠪᠲᠠᠢ ᠵᠠᠪᠬᠠᠢᠷᠠᠵᠤ᠂ ᠮᠢᠨᠦ ᠵᠠᠬᠢᠭᠰᠠᠨ ᠵᠠᠮ ᠠᠴᠠ ᠡᠷᠭᠢᠬᠦ ᠶᠢ ᠪᠢ ᠮᠡᠳᠡᠵᠦ ᠪᠠᠢᠨ᠎ᠠ᠃ ᠲᠠ ᠨᠠᠷ ᠶᠣᠬᠣᠸᠠ ᠶᠢᠨ ᠮᠡᠯᠮᠡᠢ ᠳᠦ ᠮᠠᠭᠤ ᠶᠢ ᠦᠢᠯᠡᠳᠴᠦ᠂ ᠭᠠᠷ ᠤᠨ ᠢᠶᠠᠨ ᠦᠢᠯᠡᠰ ᠢᠶᠡᠷ ᠲᠡᠭᠦᠨ ᠢ ᠬᠢᠯᠢᠩᠨᠡᠭᠦᠯᠦᠭᠰᠡᠭᠡᠷ ᠬᠣᠵᠢᠮ ᠤᠨ ᠡᠳᠦᠷ ᠤᠳ ᠲᠤ ᠥᠪᠡᠷᠰᠡᠳ ᠲᠡᠭᠡᠨ ᠭᠠᠢ ᠭᠠᠮᠰᠢᠭ ᠠᠪᠴᠢᠷᠠᠨ᠎ᠠ》 ᠭᠡᠪᠡ᠃
 ᠮᠣᠰᠧ ᠶᠢᠨ ᠳᠠᠭᠤᠤ

30 ᠮᠣᠰᠧ ᠢᠰᠷᠧᠯ ᠤᠨ ᠪᠦᠬᠦ ᠴᠢᠭᠤᠯᠭᠠᠨ ᠳᠤ ᠡᠨᠡ ᠳᠠᠭᠤᠤ ᠶᠢᠨ ᠦᠭᠡ ᠶᠢ ᠳᠠᠭᠤᠰᠲᠠᠯ᠎ᠠ ᠨᠢ ᠰᠣᠨᠣᠰᠬᠠᠪᠠ᠄