1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢ ᠶᠢᠰᠦ
 ᠪᠢᠳᠡᠨ ᠦ ᠪᠠᠮᠪᠠᠢ ᠪᠢᠳᠡᠨ ᠦ ᠪᠡᠬᠢᠯᠡᠯᠲᠡ
 ᠳ᠋ᠠᠸᠢᠳ᠋ ᠤᠨ ᠮᠢᠺᠲᠠᠮ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠪᠦᠦ ᠤᠰᠠᠳᠬᠠᠭᠠᠴᠢ》 ᠶᠢᠨ ᠠᠶ᠎ᠠ ᠳᠡᠭᠡᠷ᠎ᠡ᠃ ᠰᠠᠦ᠋ᠯ ᠳ᠋ᠠᠸᠢᠳ᠋ ᠢ ᠠᠯᠠᠭᠤᠯᠬᠤ ᠪᠠᠷ ᠬᠥᠮᠦᠨ ᠢᠯᠡᠭᠡᠵᠦ᠂ ᠭᠡᠷ ᠢ ᠨᠢ ᠲᠠᠩᠨᠠᠵᠤ ᠪᠠᠢᠬᠤ ᠦᠶ᠎ᠡ ᠳᠦ᠃

1 ᠪᠤᠷᠬᠠᠨ ᠮᠢᠨᠢ ᠡ᠂ ᠨᠠᠮᠠᠶᠢ ᠳᠠᠢᠰᠤᠨ ᠨᠤᠭᠤᠳ ᠠᠴᠠ ᠭᠡᠲᠦᠯᠭᠡᠭᠡᠴᠢ ᠮᠢᠨᠦ ᠡᠰᠡᠷᠭᠦ ᠪᠣᠰᠣᠭᠴᠢᠳ ᠠᠴᠠ ᠬᠠᠮᠠᠭᠠᠯᠠᠭᠠᠴᠢ᠃
2 ᠨᠠᠮᠠᠶᠢ ᠮᠠᠭᠤ ᠶᠢ ᠦᠢᠯᠡᠳᠦᠭᠴᠢᠳ ᠡᠴᠡ ᠭᠡᠲᠦᠯᠭᠡᠨ ᠴᠢᠰᠤ ᠤᠷᠤᠰᠬᠠᠳᠠᠭ ᠬᠥᠮᠦᠰ ᠡᠴᠡ ᠠᠪᠤᠷᠠᠭᠠᠴᠢ᠃
3 ᠬᠠᠷᠠ᠂ ᠪᠢ ᠪᠤᠷᠤᠭᠤ ᠦᠭᠡᠢ᠂ ᠨᠢᠭᠦᠯ ᠦᠭᠡᠢ ᠠᠲᠠᠯ᠎ᠠ ᠲᠡᠳᠡ ᠠᠮᠢ ᠶᠢ ᠮᠢᠨᠢ ᠣᠲᠣᠵᠤ ᠪᠠᠢᠨ᠎ᠠ᠂ ᠳᠣᠭᠰᠢᠨ ᠡᠷᠡᠰ ᠮᠢᠨᠦ ᠡᠰᠡᠷᠭᠦ ᠬᠡᠷᠡᠭ ᠥᠳᠥᠭᠡᠵᠦ ᠪᠠᠢᠨ᠎ᠠ᠂ ᠶᠣᠬᠣᠸᠠ᠂
4 ᠪᠢ ᠪᠤᠷᠤᠭᠤ ᠦᠭᠡᠢ ᠠᠲᠠᠯ᠎ᠠ ᠲᠡᠳᠡ ᠭᠦᠶᠦᠯᠳᠦᠨ ᠪᠡᠯᠡᠳᠬᠡᠯ ᠬᠢᠪᠡ ᠰᠡᠷᠢᠭᠡᠴᠢ᠂ ᠨᠠᠳᠠ ᠲᠠᠢ ᠠᠭᠤᠯᠵᠠᠬᠤ ᠪᠠᠷ ᠢᠷᠡᠭᠡᠳ ᠬᠠᠷᠠᠭᠠᠴᠢ᠃
5 ᠠᠤᠭ᠎ᠠ ᠬᠦᠴᠦᠲᠦ ᠪᠤᠷᠬᠠᠨ ᠶᠣᠬᠣᠸᠠ᠂ ᠲᠠ ᠪᠣᠯ ᠢᠰᠷᠧᠯ ᠤᠨ ᠪᠤᠷᠬᠠᠨ᠂ ᠪᠣᠰᠣᠭᠠᠳ ᠬᠠᠮᠤᠭ ᠦᠨᠳᠦᠰᠦᠲᠡᠨ ᠢ ᠰᠢᠳᠬᠡᠭᠡᠴᠢ ᠪᠠᠴᠢ ᠲᠠᠢ᠂ ᠭᠡᠮ ᠲᠡᠢ ᠪᠦᠬᠦᠨ ᠢ ᠪᠦᠦ ᠡᠨᠡᠷᠢᠭᠡᠴᠢ᠃
 
ᠰᠧᠯᠠ

6 ᠨᠠᠷᠠ ᠵᠢᠷᠭᠠᠬᠤ ᠳᠤ ᠲᠡᠳᠡ ᠡᠷᠭᠢᠵᠦ ᠨᠣᠬᠠᠢ ᠮᠡᠲᠦ ᠤᠯᠢᠨ ᠬᠣᠲᠠ ᠶᠢ ᠲᠣᠭᠣᠷᠢᠨ ᠶᠠᠪᠤᠨ᠎ᠠ᠃
7 ᠠᠮᠠᠨ ᠠᠴᠠ ᠪᠠᠨ ᠶᠠᠭᠤ ᠠᠰᠬᠠᠳᠠᠭ ᠢ ᠨᠢ ᠬᠠᠷᠠᠭᠠᠴᠢ᠂ ᠣᠷᠣᠭᠤᠯ ᠠᠴᠠ ᠪᠠᠨ ᠢᠯᠳᠦ ᠭᠠᠷᠭᠠᠳᠠᠭ ᠠᠲᠠᠯ᠎ᠠ 《ᠬᠡᠨ ᠰᠣᠨᠣᠰᠬᠤ ᠶᠤᠮ ᠪᠤᠢ︖》 ᠭᠡᠳᠡᠭ᠃
8 ᠭᠡᠪᠡᠴᠦ ᠶᠣᠬᠣᠸᠠ᠂ ᠲᠠ ᠲᠡᠳᠡᠨ ᠢ ᠳᠣᠭᠣᠭᠢᠯᠠᠨ᠎ᠠ ᠲᠡᠳᠡᠭᠡᠷ ᠪᠦᠬᠦ ᠦᠨᠳᠦᠰᠦᠲᠡᠨ ᠢ ᠲᠣᠬᠣᠭᠤᠷᠬᠠᠨ᠎ᠠ᠃

9 ᠮᠢᠨᠦ ᠬᠦᠴᠦ ᠪᠣᠯᠬᠤ ᠲᠠᠨ ᠥᠭᠡᠳᠡ ᠪᠢ ᠬᠠᠷᠠᠨ᠎ᠠ ᠪᠤᠷᠬᠠᠨ ᠲᠠ ᠪᠣᠯ ᠮᠢᠨᠦ ᠴᠠᠢᠵᠠ᠃
10 ᠪᠤᠷᠬᠠᠨ ᠦᠨᠡᠨ ᠬᠠᠢᠷ᠎ᠠ ᠪᠠᠷ ᠢᠶᠠᠨ ᠨᠠᠮᠠᠶᠢ ᠤᠭᠲᠤᠨ ᠠᠪᠤᠨ᠎ᠠ ᠳᠠᠢᠰᠤᠨ ᠨᠤᠭᠤᠳ ᠤᠷᠤᠭᠤ ᠪᠠᠨ ᠬᠠᠷᠠᠬᠤ ᠶᠢ ᠮᠢᠨᠢ ᠪᠤᠷᠬᠠᠨ ᠵᠥᠪᠰᠢᠶᠡᠷᠡᠨ᠎ᠡ᠃
11 ᠲᠡᠳᠡᠨ ᠢ ᠪᠦᠦ ᠤᠰᠠᠳᠬᠠᠭᠠᠴᠢ᠂ ᠡᠰᠡ ᠲᠡᠭᠡᠪᠡᠯ ᠠᠷᠠᠳ ᠲᠦᠮᠡᠨ ᠮᠢᠨᠢ ᠮᠠᠷᠲᠠᠨ᠎ᠠ ᠪᠢᠳᠡᠨ ᠦ ᠪᠠᠮᠪᠠᠢ ᠡᠵᠡᠨ ᠲᠡᠳᠡᠨ ᠢ ᠥᠪᠡᠷ ᠦᠨ ᠢᠶᠠᠨ ᠬᠦᠴᠦ ᠴᠢᠳᠠᠯ ᠢᠶᠠᠷ ᠳᠠᠢᠪᠢᠭᠤᠯᠵᠤ᠂ ᠳᠣᠣᠷᠠᠳᠤ ᠪᠣᠯᠭᠠᠭᠠᠴᠢ᠃
12 ᠲᠡᠳᠡ ᠠᠮᠠᠨ ᠤ ᠪᠠᠨ ᠨᠢᠭᠦᠯ᠂ ᠣᠷᠣᠭᠤᠯ ᠤᠨ ᠢᠶᠠᠨ ᠦᠭᠡᠰ ᠢᠶᠡᠷ ᠥᠪᠡᠷ ᠦᠨ ᠢᠶᠠᠨ ᠣᠩᠭᠢᠷᠠᠭᠠᠨ ᠳᠤ ᠤᠷᠠᠬᠠᠳᠠᠭᠤᠯᠳᠠᠭ᠂ ᠲᠡᠳᠡ ᠬᠠᠷᠢᠶᠠᠯ ᠪᠠ ᠬᠤᠳᠠᠯ ᠢ ᠬᠡᠯᠡᠳᠡᠭ ᠲᠤᠯᠠ
13 ᠠᠭᠤᠷ ᠲᠠᠢ ᠪᠠᠷ ᠤᠰᠠᠳᠬᠠᠭᠠᠴᠢ ᠠᠯᠠᠭ᠎ᠠ ᠪᠣᠯᠲᠠᠯ᠎ᠠ ᠨᠢ ᠤᠰᠠᠳᠬᠠᠭᠠᠴᠢ᠂ ᠪᠤᠷᠬᠠᠨ ᠶᠠᠺᠣᠪ ᠢ ᠵᠠᠬᠢᠷᠴᠤ ᠪᠠᠢᠬᠤ ᠶᠢ ᠳᠡᠯᠡᠬᠡᠢ ᠶᠢᠨ ᠬᠢᠵᠠᠭᠠᠷ ᠬᠦᠷᠲᠡᠯ᠎ᠡ ᠮᠡᠳᠡᠭ᠃
 
ᠰᠧᠯᠠ

14 ᠨᠠᠷᠠ ᠵᠢᠷᠭᠠᠬᠤ ᠳᠤ ᠲᠡᠳᠡ ᠡᠷᠭᠢᠵᠦ ᠨᠣᠬᠠᠢ ᠮᠡᠲᠦ ᠤᠯᠢᠨ ᠬᠣᠲᠠ ᠶᠢ ᠲᠣᠭᠣᠷᠢᠨ ᠶᠠᠪᠤᠨ᠎ᠠ᠃
15 ᠲᠡᠳᠡ ᠢᠳᠡᠰᠢ ᠬᠠᠢᠨ ᠲᠡᠨᠦᠭᠦᠴᠢᠯᠡᠵᠦ ᠴᠠᠳᠬᠤ ᠦᠭᠡᠢ ᠪᠣᠯ ᠠᠷᠬᠢᠷᠠᠳᠠᠭ᠃

16 ᠬᠠᠷᠢᠨ ᠪᠢ ᠲᠠᠨ ᠤ ᠬᠦᠴᠦ ᠶᠢ ᠳᠠᠭᠤᠯᠠᠨ᠎ᠠ ᠲᠠᠨ ᠤ ᠦᠨᠡᠨ ᠬᠠᠢᠷ᠎ᠠ ᠶᠢ ᠪᠢ ᠥᠷᠯᠥᠭᠡᠭᠦᠷ ᠪᠠᠶᠠᠷ ᠲᠠᠢ ᠪᠠᠷ ᠮᠠᠭᠲᠠᠨ᠎ᠠ᠂ ᠲᠠ ᠪᠣᠯ ᠮᠢᠨᠦ ᠴᠠᠢᠵᠠ᠂ ᠪᠡᠷᠬᠡ ᠡᠳᠦᠷ ᠦᠨ ᠬᠣᠷᠭᠣᠳᠠᠬᠤ ᠭᠠᠵᠠᠷ ᠮᠢᠨᠢ ᠪᠢᠯᠡ᠃
17 ᠮᠢᠨᠦ ᠬᠦᠴᠦ ᠪᠣᠯᠬᠤ ᠲᠠᠨ ᠳᠤ ᠪᠢ ᠮᠠᠭᠲᠠᠭᠠᠯ ᠡᠷᠭᠦᠨ᠎ᠡ ᠥ᠂ ᠪᠤᠷᠬᠠᠨ᠂ ᠲᠠ ᠪᠣᠯ ᠮᠢᠨᠦ ᠴᠠᠢᠵᠠ᠂ ᠦᠨᠡᠨ ᠬᠠᠢᠷ᠎ᠠ ᠪᠠᠨ ᠨᠠᠳᠠ ᠳᠤ ᠦᠵᠡᠭᠦᠯᠳᠡᠭ ᠪᠤᠷᠬᠠᠨ ᠶᠤᠮ᠃