1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠠᠯᠠᠨ ᠬᠣᠶᠠᠷ
 ᠬᠠᠭᠠᠨ ᠤ ᠲᠥᠯᠥᠭᠡᠬᠢ ᠭᠤᠶᠤᠯᠲᠠ
 ᠰᠣᠯᠣᠮᠣᠨ ᠤ ᠳᠠᠭᠤᠯᠠᠯ᠃

1 ᠪᠤᠷᠬᠠᠨ᠂ ᠰᠢᠳᠤᠷᠭᠤ ᠪᠠᠨ ᠬᠠᠭᠠᠨ ᠳᠤ ᠵᠥᠪ ᠢᠶᠡᠨ ᠬᠠᠨ ᠬᠦᠦ ᠳᠦ ᠰᠣᠶᠣᠷᠬᠠᠭᠠᠴᠢ᠂
2 ᠲᠡᠭᠡᠪᠡᠯ ᠲᠡᠷᠡ ᠠᠷᠠᠳ ᠲᠦᠮᠡᠨ ᠢ ᠲᠠᠨᠢ ᠵᠥᠪ ᠢᠶᠡᠷ ᠶᠠᠳᠠᠭᠤᠰ ᠢ ᠲᠠᠨᠢ ᠰᠢᠳᠤᠷᠭᠤ ᠪᠠᠷ ᠰᠢᠭᠦᠬᠦ ᠪᠥᠭᠡᠳ
3 ᠵᠥᠪ ᠦᠨ ᠤᠯᠠᠮ ᠢᠶᠠᠷ ᠠᠭᠤᠯᠠᠰ ᠪᠠ ᠲᠣᠯᠣᠭᠠᠳ ᠠᠷᠠᠳ ᠲᠦᠮᠡᠨ ᠳᠡᠭᠡᠨ ᠠᠮᠤᠭᠤᠯᠠᠩ ᠢ ᠠᠪᠴᠢᠷᠠᠬᠤ ᠪᠣᠯᠣᠨ᠎ᠠ᠃
4 ᠬᠠᠭᠠᠨ ᠠᠷᠠᠳ ᠲᠦᠮᠡᠨ ᠦ ᠳᠤᠮᠳᠠᠬᠢ ᠶᠠᠳᠠᠭᠤᠰ ᠢ ᠥᠮᠥᠭᠯᠡᠨ ᠦᠭᠡᠭᠦᠴᠦᠳ ᠦᠨ ᠬᠡᠦᠬᠡᠳ ᠤᠳ ᠢ ᠠᠪᠤᠷᠠᠵᠤ ᠳᠠᠷᠤᠯᠠᠭᠴᠢᠳ ᠢ ᠪᠢᠴᠠᠯᠤᠨ᠎ᠠ᠂
5 ᠨᠠᠷᠠ ᠰᠠᠷᠠ ᠶᠢ ᠪᠠᠢᠬᠤ ᠳᠤ᠂ ᠦᠶ᠎ᠡ ᠶᠢᠨ ᠦᠶ᠎ᠡ ᠳᠦ ᠲᠡᠳᠡ ᠲᠠᠨ ᠠᠴᠠ ᠡᠮᠢᠶᠡᠨ᠎ᠡ᠃
6 ᠬᠠᠭᠠᠨ ᠪᠡᠷ ᠬᠠᠳᠤᠯᠠᠩ ᠳᠡᠭᠡᠷ᠎ᠡ ᠣᠷᠣᠬᠤ ᠪᠣᠷᠣᠭᠠᠨ ᠰᠢᠭ᠋ ᠬᠥᠷᠥᠰᠥ ᠶᠢ ᠤᠮᠳᠠᠯᠠᠬᠤ ᠬᠤᠷ᠎ᠠ ᠰᠢᠭ᠋ ᠪᠠᠢᠵᠤ
7 ᠲᠡᠭᠦᠨ ᠦ ᠡᠳᠦᠷ ᠤᠳ ᠲᠤ ᠵᠥᠪᠲᠡᠨ ᠴᠡᠴᠡᠭᠯᠡᠵᠦ ᠰᠠᠷᠠ ᠠᠯᠠᠭ᠎ᠠ ᠪᠣᠯᠲᠠᠯ᠎ᠠ ᠠᠮᠤᠭᠤᠯᠠᠩ ᠪᠢᠯᠬᠠᠬᠤ ᠪᠣᠯᠣᠨ᠎ᠠ᠃

8 ᠲᠡᠷᠡ ᠪᠡᠷ ᠳᠠᠯᠠᠢ ᠠᠴᠠ ᠳᠠᠯᠠᠢ ᠬᠦᠷᠲᠡᠯᠡᠬᠢ ᠶᠢ ᠮᠥᠷᠡᠨ ᠡᠴᠡ ᠭᠠᠵᠠᠷ ᠤᠨ ᠬᠢᠵᠠᠭᠠᠷ ᠬᠦᠷᠲᠡᠯᠡᠬᠢ ᠶᠢ ᠵᠠᠬᠢᠷᠤᠨ᠎ᠠ᠂
9 ᠴᠥᠯ ᠳᠤ ᠰᠠᠭᠤᠭᠴᠢᠳ ᠲᠡᠭᠦᠨ ᠦ ᠡᠮᠦᠨ᠎ᠡ ᠪᠥᠬᠥᠢᠨ ᠳᠠᠢᠰᠤᠨ ᠨᠤᠭᠤᠳ ᠨᠢ ᠲᠣᠭᠣᠰᠣ ᠰᠢᠷᠣᠢ ᠶᠢ ᠳᠣᠯᠢᠶᠠᠨ᠎ᠠ᠃
10 ᠲᠠᠷᠱᠢᠱ ᠬᠢᠭᠡᠳ ᠠᠷᠠᠯ ᠤᠳ ᠤᠨ ᠬᠠᠭᠠᠳ ᠪᠡᠯᠡᠭ ᠠᠪᠴᠢᠷᠠᠨ᠎ᠠ ᠱᠧᠪᠠ ᠪᠣᠯᠣᠨ ᠰᠧᠪᠠ ᠶᠢᠨ ᠬᠠᠭᠠᠳ ᠠᠯᠪᠠ ᠪᠠᠷᠢᠨ᠎ᠠ᠃
11 ᠪᠦᠬᠦ ᠬᠠᠭᠠᠨ ᠲᠡᠭᠦᠨ ᠦ ᠡᠮᠦᠨ᠎ᠡ ᠰᠥᠭᠥᠳᠴᠦ ᠪᠦᠬᠦ ᠦᠨᠳᠦᠰᠦᠲᠡᠨ ᠲᠡᠭᠦᠨ ᠳᠦ ᠵᠠᠷᠤᠭᠳᠠᠬᠤ ᠪᠣᠯᠣᠨ᠎ᠠ᠃

12 ᠤᠴᠢᠷ ᠨᠢ ᠲᠡᠷᠡ ᠪᠡᠷ ᠬᠠᠰᠬᠢᠷᠴᠤ ᠪᠤᠢ ᠦᠭᠡᠭᠦᠴᠦᠳ ᠢ ᠭᠡᠲᠦᠯᠭᠡᠵᠦ ᠲᠤᠰᠠᠯᠠᠭᠴᠢ ᠦᠭᠡᠢ ᠶᠠᠳᠠᠭᠤᠰ ᠢ ᠴᠢᠯᠥᠭᠡᠯᠡᠨ᠎ᠡ᠃
13 ᠲᠡᠷᠡ ᠪᠡᠷ ᠳᠣᠷᠣᠢ ᠶᠠᠳᠠᠭᠤᠰ ᠢ ᠥᠷᠥᠪᠳᠥᠵᠦ ᠶᠠᠳᠠᠭᠤᠰ ᠤᠨ ᠠᠮᠢ ᠶᠢ ᠠᠪᠤᠷᠠᠬᠤ ᠪᠥᠭᠡᠳ
14 ᠠᠮᠢ ᠶᠢ ᠨᠢ ᠳᠠᠷᠤᠮᠲᠠ ᠪᠠ ᠬᠦᠴᠦᠷᠬᠡᠭᠯᠡᠯ ᠡᠴᠡ ᠵᠣᠯᠢᠨ ᠠᠪᠬᠤ ᠪᠣᠯᠣᠨ᠎ᠠ᠂ ᠴᠢᠰᠤ ᠶᠢ ᠨᠢ ᠲᠡᠷᠡ ᠡᠷᠬᠢᠮ ᠭᠡᠵᠦ ᠦᠵᠡᠨ᠎ᠡ᠃
15 ᠲᠡᠷᠡ ᠤᠷᠲᠤ ᠨᠠᠰᠤᠯᠠᠬᠤ ᠪᠣᠯᠲᠤᠭᠠᠢ᠂ ᠬᠥᠮᠦᠰ ᠱᠧᠪᠠ ᠶᠢᠨ ᠠᠯᠲᠠ ᠶᠢ ᠲᠡᠭᠦᠨ ᠳᠦ ᠥᠭᠴᠦ ᠦᠷᠭᠦᠯᠵᠢ ᠲᠡᠭᠦᠨ ᠦ ᠲᠥᠯᠥᠭᠡ ᠳᠠᠭᠠᠳᠬᠠᠨ ᠡᠳᠦᠷᠵᠢᠨ ᠲᠡᠭᠦᠨ ᠢ ᠢᠷᠥᠭᠡᠬᠦ ᠪᠣᠯᠣᠨ᠎ᠠ᠃

16 ᠭᠠᠵᠠᠷ ᠤᠨ ᠦᠷ᠎ᠡ ᠲᠠᠷᠢᠶ᠎ᠠ ᠨᠢ ᠡᠯᠪᠡᠭ ᠪᠠᠢᠭ ᠠᠭᠤᠯᠠᠰ ᠤᠨ ᠣᠷᠭᠢᠯ ᠳᠡᠭᠡᠷ᠎ᠡ ᠭᠠᠩ᠋ᠬᠤᠭ ᠦᠷ᠎ᠡ ᠵᠢᠮᠢᠰ ᠨᠢ ᠯᠧᠪᠠᠨᠣᠨ ᠰᠢᠭ᠋ ᠪᠠᠢᠭ ᠬᠣᠲᠠ ᠳᠤ ᠰᠠᠭᠤᠭᠴᠢᠳ ᠭᠠᠵᠠᠷ ᠤᠨ ᠤᠷᠭᠤᠮᠠᠯ ᠮᠡᠲᠦ ᠤᠷᠭᠤᠨ ᠴᠡᠴᠡᠭᠯᠡᠭ᠃
17 ᠲᠡᠭᠦᠨ ᠦ ᠨᠡᠷ᠎ᠡ ᠮᠥᠩᠬᠡᠵᠢᠵᠦ ᠨᠠᠷᠠ ᠮᠡᠲᠦ ᠪᠠᠢᠭᠰᠠᠭᠠᠷ ᠪᠠᠢᠭ᠂ ᠬᠠᠮᠤᠭ ᠦᠨᠳᠦᠰᠦᠲᠡᠨ ᠲᠡᠭᠦᠨ ᠢᠶᠡᠷ ᠢᠪᠡᠭᠡᠭᠳᠡᠵᠦ᠂ ᠲᠡᠭᠦᠨ ᠢ 《ᠪᠤᠶᠠᠨ ᠲᠠᠢ》 ᠭᠡᠬᠦ ᠪᠣᠯᠣᠨ᠎ᠠ᠃

18 ᠭᠠᠭᠴᠠᠭᠠᠷ ᠢᠶᠠᠨ ᠭᠠᠢᠬᠠᠮᠰᠢᠭ ᠤᠳ ᠢ ᠦᠢᠯᠡᠳᠳᠡᠭ ᠢᠰᠷᠧᠯ ᠤᠨ ᠪᠤᠷᠬᠠᠨ᠂ ᠶᠣᠬᠣᠸᠠ ᠪᠤᠷᠬᠠᠨ ᠮᠠᠭᠲᠠᠭᠳᠠᠬᠤ ᠪᠣᠯᠲᠤᠭᠠᠢ
19 ᠠᠯᠳᠠᠷ ᠲᠠᠢ ᠨᠡᠷ᠎ᠡ ᠨᠢ ᠮᠥᠩᠬᠡᠳᠡ ᠮᠠᠭᠲᠠᠭᠳᠠᠵᠤ ᠪᠦᠬᠦ ᠳᠡᠯᠡᠬᠡᠢ ᠠᠯᠳᠠᠷ ᠢᠶᠠᠷ ᠨᠢ ᠳᠦᠭᠦᠷᠬᠦ ᠪᠣᠯᠲᠤᠭᠠᠢ᠃ ᠠᠮᠧᠨ᠂ ᠠᠮᠧᠨ᠃

20 ᠢᠱᠠᠢ ᠶᠢᠨ ᠬᠦᠦ ᠳ᠋ᠠᠸᠢᠳ᠋ ᠤᠨ ᠳᠠᠭᠠᠳᠬᠠᠯ ᠲᠡᠭᠦᠰᠪᠡ᠃